☆ ᠦ᠊·ᠠᠯᠳᠠᠠᠪᠣᠯᠠᠭ
ᠰᠠᠳᠤᠪ ᠥᠭᠡᠢ
ᠬᠤᠯᠠ ᠶᠢᠨ ᠪᠤᠷᠬᠠᠨ ᠢᠪᠠᠭᠡᠵᠤ ᠡᠡᠮᠵᠢᠭᠡᠳᠦᠢ ᠵᠣᠢ᠌ᠯ ᠳ᠋ᠤ
ᠬᠠᠶᠠᠭᠠᠨ ᠤ ᠴᠢᠳᠭᠦᠷ ᠬᠡᠮᠵᠢᠵᠤ ᠳᠦᠩᠭᠡᠳᠡᠭ᠌ ᠤᠴᠢᠷ ᠪᠣᠢ᠃
ᠬᠤᠮᠠᠭᠢ ᠲᠡᠶ ᠷᠠᠰᠢᠶᠠᠨ ᠢ ᠭᠡᠨ ᠨᠢ ᠣᠯᠵᠤ ᠭᠦᠷᠳᠡᠯ᠎ᠡ ᠭᠡᠵᠤ
ᠬᠤᠷᠸ᠎ᠠ ᠶᠢᠨ ᠠᠮᠢᠳᠤᠷᠠᠯ ᠳᠤ ᠮᠥᠩᠭᠡᠷᠡᠭᠦ ᠶᠤᠮ ᠰᠢᠭ᠌ ᠰᠦᠷᠭᠡᠢ᠌ᠯᠡᠭᠦ ᠪᠣᠢ ︖
ᠨᠠᠷᠠ ᠨᠠᠮᠢ᠋ᠢ᠌ ᠲ᠋ᠤᠭᠤᠷᠢᠳᠠᠭ ᠭᠡᠮᠡᠨ ᠰᠠᠳᠭᠢᠵᠤ ᠶᠠᠪᠣᠭᠰᠠᠭᠠᠷ
ᠨᠠᠰᠤᠨ ᠤ ᠨᠠᠮᠤᠷ ᠡᠭᠦᠳᠡᠨ ᠳᠤ ᠪᠠᠭᠤᠵᠤ ᠳ᠋ᠤ
ᠨᠠᠷᠭᠢᠶ᠎ᠠ ᠵᠠᠩ ᠶᠢᠡᠷ ᠰᠡᠳᠭᠢᠯ ᠶᠢᠡᠨ ᠬᠠᠭᠤᠷᠠᠭᠰᠠᠭᠠᠷ
ᠨᠠᠮ ᠣᠠᠳᠠᠬᠤ ᠳᠠᠷᠠ ᠨᠢᠭᠡ ᠴᠠᠭ ᠢᠷᠡᠭᠦ ᠳᠤ᠁
ᠮᠠᠷᠳᠠᠬᠤ ᠨᠢᠭᠡ ᠨᠢ ᠮᠠᠯ ᠣᠰᠤᠯᠠᠬᠤ ᠬᠤᠷᠤᠮ ᠵᠠᠢ ᠭᠡᠷᠡᠭ᠍ᠰᠡᠵᠤ
ᠮᠠᠳᠠᠯᠠᠬᠤ ᠨᠥᠭᠦᠭᠡ ᠨᠢ ᠥᠯᠡᠳᠡᠭ᠍ᠰᠡᠨ ᠨᠠᠰᠤ ᠪᠠᠨ ᠵᠠᠷᠤᠴᠠᠭᠤᠯᠤᠨ᠎ᠠ
ᠭᠦᠮᠤᠨ᠂ ᠭᠦᠮᠤᠨ ᠤ ᠰᠠᠨᠠᠭᠠᠨ ᠳᠤ ᠭᠦᠷᠭᠡᠨ᠎ᠡ ᠭᠡᠳᠡᠭ᠌
ᠭᠦᠯ ᠲᠡᠶ᠂ ᠵᠢᠭᠦᠷ ᠲᠡᠶ ᠬᠤᠶᠠᠷ ᠬᠠᠨᠢᠯᠠᠭᠰᠠᠨ ᠲᠡᠶ ᠠᠳᠠᠯᠢᠬᠠᠨ
ᠭᠡᠯᠡ ᠠᠮᠠ ᠳᠠᠳᠠᠭᠠᠤᠨ ᠶᠠᠮᠠᠷ ᠰᠠᠢ᠌ᠨ ᠪᠠᠢ᠌ᠨ᠎ᠠ
ᠭᠡᠷᠡᠭ᠌ ᠦᠭᠡᠶ᠂ ᠪᠠᠶ᠎ᠠ ᠪᠠᠨ ᠵᠦᠳᠡᠭᠡᠭᠦ ᠨᠢ
ᠭᠡᠯᠡ ᠲᠡᠶ ᠳᠦᠷᠦᠭ᠍ᠰᠡᠨ ᠪᠣᠷᠬᠠᠨ ᠤ ᠰᠠᠨᠠᠭ᠎ᠠ ᠪᠣᠯ
ᠭᠡᠨ ᠲᠡᠶ ᠪᠣᠯᠪᠠᠴᠤ ᠨᠡᠪᠳᠡᠷᠡᠭᠦᠯᠵᠤ ᠪᠠᠢ᠌ᠬᠤ ᠭᠡᠰᠡᠨ ᠶᠤᠮ᠃
ᠣᠷᠴᠢᠯᠠᠩ ᠣᠤᠯ ᠡᠴᠡ ᠰᠡᠮ ᠰᠠᠮ ᠳᠤᠭᠢᠶ᠎ᠠ ᠳᠠᠢ
ᠣᠩᠭ᠋ᠤᠨ ᠰᠠᠷᠠᠯ ᠶᠢᠡᠷ ᠣᠴᠢᠷ ᠶᠢᠡᠨ ᠣᠯᠳᠠᠭ ᠢᠷᠦᠭᠡᠯ ᠳᠠᠢ
ᠣᠭ ᠵᠦᠢ ᠶᠢ ᠳᠡᠭᠡᠭᠡᠳ ᠭᠡᠨ ᠨᠢᠭᠡ ᠨᠢ ᠵᠦᠷᠢᠴᠠᠪᠠᠯ
ᠣᠨᠢᠶᠠᠷ ᠪᠣᠳᠠᠩ ᠲ᠋ᠠᠢ ᠳᠡᠯᠡᠭᠡᠢ ᠳᠤ ᠠᠭᠤᠯᠭ᠎ᠠ ᠰᠤᠯᠢᠭᠳᠠᠵᠤ ᠪᠣᠳᠢᠯᠠᠳᠠᠭ᠃
ᠪᠣᠰᠤᠳ ᠲ᠋ᠤ ᠭᠡᠷᠡᠭ᠌ ᠦᠭᠡᠶ ᠴᠤ ᠪᠣᠶᠠᠨ ᠳᠠᠭᠠᠨ ᠨᠡᠮᠡᠭᠦᠷᠢ ᠳᠠᠢ
ᠪᠦᠭ᠍ᠰᠡᠨ ᠳᠡᠭᠡᠨ ᠭᠦᠷᠭᠦ ᠦᠭᠡᠶ ᠴᠤ ᠳᠡᠭ᠍ᠷᠢ ᠵᠥᠭ᠌ ᠲᠤ ᠰᠠᠷᠪᠠᠢ᠌ᠳᠠᠭ
ᠭᠠᠷ ᠤᠨ ᠳᠠᠪᠤᠨ ᠬᠤᠷᠤᠭᠤ ᠶᠠᠭᠤ ᠡᠰᠡ ᠪᠠᠷᠢᠨ᠎ᠠ
ᠭᠠᠯ ᠣᠰᠤ ᠬᠤᠶᠠᠷ ᠢ ᠡᠶᠡᠳᠡᠭᠦᠯᠵᠤ ᠪᠠᠢ᠌ᠵᠤ ᠴᠤ ᠮᠠᠳᠠᠨ᠎ᠠ᠃
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2687
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ