ᠨᠡᠪᠲᠡᠷᠡᠨ ᠤᠷᠤᠬᠤ
ᠣᠩᠭ᠋ᠤᠨ ᠳᠤᠷᠠᠯᠠᠯ

᠊ᠭ᠍‍ᠬᠢᠷᠳᠦᠭᠡ ᠦᠭᠡᠶ ᠳᠤᠷᠭᠠᠨ ᠴᠠᠭᠠᠰᠤ ᠰᠢᠭ

ᠭᠡᠨᠡᠨ ᠠᠳᠠᠷ ᠰᠡᠳᠭᠢᠯ ᠳᠤ ᠮᠢᠨᠢ

ᠭᠡᠷᠡᠯᠳᠤ ᠴᠤᠯᠮᠤᠨ ᠤ ᠳᠤᠶᠠᠭ᠎ᠠ ᠠᠰᠬᠠᠨ

ᠭᠡᠢ᠌ᠷᠭᠡᠭᠦ ᠪᠣᠳᠤᠯ ᠣᠷᠤᠭᠤᠯᠤᠭᠰᠠᠨ

ᠳᠡᠷᠡᠭᠦ ᠮᠦᠴᠡ ᠡᠴᠡ

ᠳᠤᠭᠤᠰᠳᠠᠭ᠎ᠠ ᠦᠭᠡᠶ ᠳᠤᠨᠤᠷᠠᠬᠤ ᠨᠠᠭᠤᠷ ᠮᠠᠳᠤ

ᠳᠤᠷᠠᠨ ᠬᠤᠶᠠᠷ ᠨᠢᠳᠤ ᠪᠠᠷ ᠶᠢᠡᠨ

ᠳᠤᠯᠢᠳᠠᠨ ᠳᠤᠯᠢᠳᠠᠨ ᠳᠠᠨ ᠤ ᠵᠢᠷᠦᠭᠡ ᠶᠢ

ᠳᠤᠭᠠᠭᠦᠢ ᠣᠯᠠᠨ ᠣᠩᠰᠢᠭᠰᠠᠨ

ᠳᠠᠭᠢᠨ ᠳᠠᠭᠢᠨ ᠰᠡᠭᠦᠳᠡᠷᠯᠡᠭ᠍ᠰᠡᠨ ᠶᠤᠮ ᠡ


ᠲ᠋ᠡᠭᠦᠨ ᠡᠴᠡ ᠠᠪᠣᠭᠠᠤᠨ

ᠳᠠᠨ ᠢ ᠪᠠᠨ

ᠭᠦᠮᠤᠨ ᠳᠤ ᠳᠤᠰᠠᠷᠬᠠᠭ

ᠭᠦᠯᠦᠭ᠌ ᠳᠤ ᠠᠮᠠᠷᠠᠭ

ᠭᠦᠤ ᠳᠤ ᠨᠠᠢ᠌ᠵᠠᠷᠬᠠᠭ

ᠭᠦᠰᠡᠯ ᠤᠨ ᠡᠳᠦᠷ ᠤᠨ ᠰᠤᠯᠤᠩᠭ᠋᠎ᠠ ᠯᠠ ᠭᠡᠵᠤ

ᠭᠦᠨᠦᠭ᠌ ᠲᠡᠶ ᠰᠦ᠋ ᠳᠤ ᠪᠠᠨ ᠪᠢᠴᠢᠵᠤ ᠶᠠᠪᠣᠭᠰᠠᠨ

ᠬᠤᠨᠤᠭ ᠤᠨ ᠬᠤᠨᠤᠭ ᠲᠤ ᠪᠠᠨ ᠴᠡᠭᠡᠵᠢᠯᠡᠵᠤ ᠶᠠᠪᠣᠭᠰᠠᠨ


ᠲ᠋ᠡᠭᠦᠨ ᠡᠴᠡ ᠡᠭᠢᠯᠡᠭᠡᠳ ᠪᠢ

ᠳᠠᠨ ᠤ ᠪᠠᠨ

ᠭᠦᠭᠡᠷᠦᠭᠦᠨ ᠳᠠᠯᠪᠢᠭᠤ ᠴᠢᠷᠠᠢ ᠪᠠᠷ ᠶᠢᠡᠨ

ᠭᠦᠴᠢᠷ ᠢ ᠦᠯᠤ ᠳᠤᠭᠤᠮᠰᠠᠷᠯᠠᠬᠤ

ᠭᠡᠦᠭᠡᠨ ᠪᠣᠯᠪᠠᠷᠠᠢ ᠭᠠᠷ ᠶᠢᠡᠷ ᠶᠢᠡᠨ

ᠭᠦᠰᠡᠯ ᠤᠨ ᠬᠤᠨ ᠶᠢᠡᠨ ᠳᠠᠯᠯᠠᠬᠤ

ᠡᠪᠯᠢᠭ‍ᠭᠡᠨ ᠣᠨᠠᠭᠠᠨ ᠦᠣᠷᠰᠡᠭᠡ ᠲᠡᠶ

ᠢᠷᠡᠭᠡᠳᠦᠢ ᠶᠢᠨ ᠭᠦᠯᠦᠭ᠌ ᠲᠤ ᠪᠠᠨ ᠳᠦᠷᠦᠭᠡᠯᠡᠭᠦ

ᠡᠷ᠎ᠡ ᠪᠣᠷᠤ ᠵᠢᠷᠦᠭᠡ ᠪᠠᠷ ᠴᠢᠨᠢ

ᠦᠯ ᠵᠠᠯᠭᠠᠵᠤ ᠳᠡᠩᠭᠡᠷᠡᠭ᠍ᠰᠡᠨ

ᠦᠳᠡᠯᠤᠰᠢ ᠦᠭᠡᠶ ᠰᠢᠳᠢ ᠡᠪᠦᠷᠯᠡᠭ᠍ᠰᠡᠨ ᠶᠤᠮ ᠡ


ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 08 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ