☆ ᠨᠣ᠊·ᠴᠢᠯᠠᠭᠤᠠᠪᠠᠭᠠᠨ᠎ᠠ
ᠨᠢᠳᠤ
ᠰᠡᠳᠭᠢᠯ ᠤᠨ ᠭᠡᠭᠡ ᠠᠰᠬᠠᠵᠤ ᠨᠢᠳᠤ ᠳᠤᠷᠮᠤᠯᠵᠠᠨᠡ᠃
ᠰᠠᠷᠠᠯ ᠮᠠᠳᠠᠷᠠᠮᠵᠢ ᠴᠢᠯᠡᠭᠡᠵᠤ ᠭᠦᠮᠦᠰ᠂ ᠨᠢᠳᠤ ᠪᠠᠷ ᠠᠰᠬᠠᠷᠠᠬᠤ ᠥᠭᠡᠰ ᠣᠩᠰᠢᠨ᠎ᠠ᠃ ᠪᠠᠶᠠᠷᠯᠠᠭᠰᠠᠨ ᠪᠠᠢ᠌ᠬᠤ᠂ ᠭᠤᠮᠤᠳᠠᠭᠰᠠᠨ ᠪᠠᠢ᠌ᠬᠤ᠂ ᠵᠠᠨᠤᠭᠰᠠᠨ ᠪᠠᠢ᠌ᠬᠤ᠂ ᠰᠠᠨᠠᠭᠰᠠᠨ ᠪᠠᠢ᠌ᠬᠤ ᠁ ᠰᠡᠳᠭᠢᠯ ᠤᠨ ᠥᠩᠭᠡ ᠢᠯᠭᠠᠷᠠᠨ᠎ᠠ᠃
ᠳᠦᠷᠢᠯᠡᠭᠡᠷ᠂ ᠳᠤᠷᠮᠤᠭᠤᠷ᠂ ᠮᠣᠢ᠌ᠯ ᠬᠠᠷ᠎ᠠ᠂ ᠮᠠᠯ ᠬᠠᠷ᠎ᠠ ᠁ ᠣᠯᠠᠨ ᠰᠠᠢ᠌ᠬᠠᠨ ᠳᠦᠷᠰᠤᠯᠠᠯ᠂ ᠣᠯᠠᠨ ᠶᠠᠩᠵᠤ ᠶᠢᠨ ᠨᠢᠳᠤ ᠶᠢ ᠠᠮᠢᠯᠠᠭᠤᠯᠵᠤ ᠵᠢᠷᠤᠨ᠎ᠠ᠃
ᠳᠤᠨᠤᠷᠠᠳᠠᠯ᠎ᠠ ᠬᠠᠷᠠᠵᠤ᠂ ᠳᠤᠯᠠᠭᠠᠬᠠᠨ ᠮᠡᠯᠳᠡᠷᠡᠭᠦ ᠴᠢᠨᠤ ᠨᠢᠳᠤᠨ ᠳᠤ ᠪᠢ ᠣᠬᠠᠭᠠᠨ ᠰᠠᠨᠠᠭ᠎ᠠ ᠣᠶᠤᠨ ᠮᠠᠳᠠᠷᠠᠮᠵᠢ ᠶᠠᠭᠤ ᠪᠦᠭᠦᠨ ᠶᠢᠡᠷ ᠶᠢᠡᠨ ᠣᠨᠠᠭᠰᠠᠨ ᠪᠠᠢ᠌ᠪᠠ᠃ ᠣᠶᠠᠰᠴᠤ ᠵᠢᠷᠭᠠᠬᠤ ᠶᠢᠨ ᠣᠶᠠᠩᠭ᠋ᠠᠨ ᠵᠤᠯ ᠶᠢᠡᠷ ᠬᠠᠢ᠌ᠯᠤᠭᠰᠠᠨ ᠪᠠᠢ᠌ᠪᠠ᠃
ᠴᠢ ᠶᠠᠭᠤ ᠴᠤ ᠭᠡᠯᠡᠭᠡ ᠦᠭᠡᠶ᠃ ᠴᠢᠩᠭᠢᠪᠠᠴᠤ ᠪᠢ ᠶᠠᠭᠤ ᠨᠢᠭᠡ ᠶᠢ ᠣᠬᠠᠭᠠᠭᠰᠠᠨ ᠪᠠᠢ᠌ᠯ᠎ᠠ᠃ ᠪᠠᠳᠤᠯᠠᠵᠤ ᠴᠢᠳᠠᠬᠤ ᠦᠭᠡᠶ ᠴᠢᠨᠤ ᠰᠠᠨᠠᠭᠠᠨ ᠤ ᠬᠠᠷᠢᠭᠤ ᠳᠤ ᠥᠭᠡ ᠪᠣᠴᠠᠭᠠᠬᠤ ᠶᠢ ᠵᠢᠷᠦᠭᠡᠯᠡᠭ᠍ᠰᠡᠨ ᠦᠭᠡᠶ ᠴᠤ ᠬᠠᠶᠠᠵᠤ ᠣᠷᠭᠢᠭᠠᠤᠨ ᠶᠠᠪᠣᠵᠤ ᠴᠢᠳᠠᠬᠤ ᠦᠭᠡᠶ ᠭᠠᠭᠴᠠᠭᠠᠷ ᠡᠵᠡᠮᠰᠢᠯ ᠳᠤ ᠴᠡᠴᠡᠭ᠌ ᠤᠨ ᠵᠥᠭᠡᠯᠡᠨ ᠪᠦᠪᠠᠢ ᠲᠡᠶ ᠬᠠᠷᠠᠴᠠ ᠪᠠᠨ ᠴᠢᠨᠤ ᠨᠢᠳᠤᠨ ᠠᠯᠳᠠᠭᠰᠠᠨ ᠪᠠᠢ᠌ᠵᠠᠢ᠃
ᠴᠠᠭ ᠵᠠᠢ ᠭᠠᠮᠨᠠᠵᠤ᠂ ᠴᠠᠭᠢᠯᠭᠠᠨ ᠰᠢᠦᠬᠠᠨ ᠭᠢᠯᠠᠰ ᠵᠤᠯᠭᠠᠬᠤ ᠨᠢᠳᠤ ᠨᠢᠳᠤᠨ ᠤ ᠬᠠᠷᠠᠴᠠᠨ ᠳᠤ ᠴᠡᠩᠭᠡᠯ ᠤᠨ ᠳᠣᠢ᠌ᠮᠠᠷ ᠭᠦᠭ᠍ᠵᠢᠭ᠍ᠰᠡᠨ ᠪᠠᠢ᠌ᠪᠠ᠃
ᠭᠠᠢ ᠵᠤᠪᠠᠯᠠᠩ ᠪᠣᠯᠭᠤᠵᠠᠢ ᠭᠡᠮᠡᠨ ᠭᠠᠷ ᠰᠠᠵᠢᠨ ᠵᠢᠭᠤᠳᠠᠵᠤ ᠴᠢᠳᠠᠮ᠎ᠠ ᠦᠭᠡᠶ ᠳᠡᠷᠡᠭᠡᠨ ᠊ᠭ᠍ᠱᠡᠨ ᠳᠤ ᠶᠠᠭᠤ ᠪᠦᠭᠦᠨ ᠢ ᠳᠤᠷᠠᠳᠠᠢ᠌ᠶ᠎ᠠ ᠬᠤᠪᠢᠶᠠᠯᠴᠠᠬᠤ ᠭᠡᠷᠡᠯ ᠳᠤᠶᠠᠭᠠᠨ ᠤ ᠠᠠᠳᠠᠭᠠᠢ᠂ ᠳᠡᠯᠡᠭᠡᠢ ᠶᠢᠨ ᠪᠦᠮᠪᠦᠷᠴᠡᠭ᠌ ᠡᠴᠠ ᠨᠠᠮ᠎ᠠ᠂ ᠴᠢᠮ᠎ᠠ ᠳᠤᠰᠭᠠᠷᠯᠠᠭᠰᠠᠨ ᠪᠠᠢ᠌ᠬᠤ ᠦᠭᠡᠶ ᠦᠦ ︖
ᠠᠢ︕ 《ᠨᠢᠭᠦᠯ》 ᠲ᠋ᠡᠢ ᠳᠠᠷᠠ ᠨᠢᠳᠤᠨ ᠤ ᠡᠵᠡᠨ ᠨᠢ ᠪᠢ ᠪᠢᠰᠢ ᠴᠤ᠂ ᠨᠢᠯ ᠬᠠᠯᠠᠭᠤᠨ ᠵᠢᠷᠭᠠᠯ ᠳᠤ ᠠᠭᠤᠰᠬᠤ ᠵᠠᠶᠠᠭ᠎ᠠ ᠨᠠᠳᠠᠳᠤ ᠥᠪᠯᠡᠭ᠍ᠳᠡᠭ᠍ᠰᠡᠨ ᠪᠠᠢ᠌ᠵᠠᠢ ᠬᠠᠷᠢᠨ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠪᠠᠭᠠᠷᠢᠨ
ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6182
ᠴᠠᠭ᠄ 2010 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ