ᠨᠡᠪᠲᠡᠷᠡᠨ ᠤᠷᠤᠬᠤ
ᠬᠤᠷᠠᠭ᠎ᠠ ᠮᠢᠨᠢ

ᠮᠠᠩᠨᠠᠢ ᠬᠠᠯᠵᠠᠨ ᠬᠤᠷᠠᠭ᠎ᠠ ᠮᠢᠨᠢ

ᠮᠠᠰᠢ ᠭᠦᠭᠡᠷᠦᠭᠦᠨ ᠠᠮᠢᠳᠠᠨ ᠶᠤᠮ

ᠮᠤᠠᠳᠤᠭᠤᠷ ᠵᠢᠭᠠᠬᠠᠨ ᠴᠢᠭᠢ ᠨᠢ

ᠮᠢᠨᠤ ᠳᠠᠭᠤ ᠶᠢ ᠰᠤᠨᠤᠰᠤᠭᠰᠠᠭᠠᠷ

ᠮᠠᠢ ᠮᠠᠢ ᠮᠠᠢ᠌ᠯᠠᠭᠠᠤᠨ

ᠮᠢᠨᠤ ᠵᠥᠭ᠌ ᠭᠦᠶ‍ᠦᠳᠡᠭ᠌ ᠶᠤᠮ᠃

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠦᠷ ᠮᠠᠩᠬᠠᠢ᠌ᠳᠠᠯ᠎ᠠ ᠴᠠᠢ᠌ᠬᠤ ᠳ᠋ᠤ

ᠡᠩᠭᠦᠷᠡᠢ ᠭᠦᠭᠡᠷᠦᠭᠦᠨ ᠬᠤᠷᠠᠭ᠎ᠠ ᠮᠢᠨᠢ

ᠡᠷᠳᠡ ᠡᠴᠠ ᠡᠷᠳᠡ ᠰᠡᠷᠢᠭᠡᠳ

ᠡᠵᠡᠨ ᠨᠠᠮ᠎ᠠ ᠪᠠᠨ ᠳᠠᠭᠤᠳᠠᠨ᠎ᠠ

ᠡᠭᠡᠯᠢᠳᠡᠢ ᠬᠤᠩᠭ᠋ᠤᠷ ᠳᠠᠭᠤᠨ ᠳ᠋ᠤᠨᠢ

ᠡᠷᠭᠡ ᠦᠭᠡᠶ ᠪᠢ ᠪᠣᠰᠤᠨ᠎ᠠ᠃

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠳᠤᠭ ᠳᠤᠭ ᠲ᠋ᠠᠭᠠᠭᠠᠤᠨ ᠯᠠ

ᠳᠤᠩᠭ᠋ᠤᠰ ᠳᠤᠩᠭ᠋ᠤᠰ ᠨᠡᠭᠡᠭᠡᠳ ᠯᠠ

ᠳᠤᠯᠤᠭᠠᠢ ᠪᠠᠨ ᠳᠠᠮᠠᠷᠤᠳᠠᠨ ᠦᠰᠦᠷᠦᠭᠡᠳ ᠯᠠ

ᠳᠤᠯᠤᠭᠠᠨ ᠮᠠᠶ‍ᠢᠭ ᠶᠢᠡᠷ ᠠᠭᠠᠰᠢᠯᠠᠭᠠᠤᠨ ᠯᠠ

ᠳᠠᠯ᠎ᠠ ᠳᠤ ᠳᠡᠪᠭᠡᠷᠡᠨ ᠢᠳᠡᠰᠢᠯᠡᠭᠦ ᠨᠢ

ᠳᠠᠨ᠎ᠠ ᠰᠤᠪᠣᠤᠨ ᠡᠴᠠ ᠥᠭᠡᠷ᠎ᠡ ᠦᠦ ᠳ᠋ᠠ ︖

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠡᠪᠠᠰᠤ ᠨᠤᠭᠤᠭ᠎ᠠ ᠴᠢᠮᠭᠢᠯᠡᠭᠦ ᠵᠠᠭᠤᠷ᠎ᠠ

ᠶᠡᠷᠦᠳᠡᠭᠡᠨ ᠨᠢᠭᠡ ᠪᠣᠯᠭᠢᠭᠠᠤᠨ ᠪᠠᠢ᠌ᠳᠠᠭ

ᠢᠨᠢᠶᠠᠳᠤ ᠭᠦᠷᠦᠭᠡᠳ ᠭᠦᠭᠡᠭᠡᠭᠦ ᠳ᠋ᠤ

ᠦᠰᠤᠷᠴᠤ ᠬᠠᠷᠠᠢ᠌ᠭᠠᠤᠨ ᠳᠤᠳᠠᠭᠠᠴᠢᠬᠠᠳᠠᠭ

ᠣᠭᠵᠢ ᠶᠢ ᠨᠢ ᠪᠠᠷᠢᠭᠠᠤᠨ ᠣᠴᠢᠬᠤ ᠳ᠋ᠤ

ᠥᠭᠡᠳᠡ ᠡᠴᠠ ᠮᠢᠨᠢ ᠱᠤᠩᠭ᠋ᠤᠴᠢᠭᠠᠤᠨ ᠢᠷᠡᠳᠡᠭ᠌᠃

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠰᠤᠷᠤᠭᠴᠢ ᠪᠣᠯᠤᠭᠠᠤᠨ ᠠᠶᠠᠨ ᠡᠯᠭᠦᠭᠦ ᠳ᠋ᠤ

ᠰᠡᠳᠭᠢᠯ ᠣᠶᠠᠰᠬᠠᠨ ᠮᠤᠷᠳᠠᠭᠤᠯᠳᠠᠭ ᠶᠤᠮ

ᠰᠤᠷᠭᠠᠭᠤᠯᠢ ᠳᠠᠷᠬᠠᠭᠠᠤᠨ ᠬᠠᠷᠢᠵᠤ ᠢᠷᠡᠭᠦ ᠳ᠋ᠤ

ᠰᠤᠭᠳᠠᠢ᠌ᠵᠤ ᠵᠤᠭᠰᠤᠭᠠᠤᠨ ᠣᠭᠳᠤᠳᠠᠭ ᠶᠤᠮ

ᠰᠤᠷᠤᠯᠭ᠎ᠠ ᠶᠢᠨ ᠪᠦᠳᠦᠮᠵᠢ ᠪᠠᠨ ᠭᠠᠢ᠌ᠬᠠᠭᠤᠯᠬᠤ ᠳ᠋ᠤ

ᠰᠤᠷᠳᠣᠢ᠌ᠵᠤ ᠴᠢᠩᠨᠠᠭᠠᠤᠨ ᠬᠠᠷᠠᠵᠤ ᠪᠠᠢ᠌ᠳᠠᠭ᠃

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠪᠠᠭᠠᠰᠢ ᠲᠡᠶ ᠠᠷᠪᠢᠨ ᠵᠠᠩ ᠢ ᠴᠢᠨᠢ

ᠪᠢᠴᠢᠬᠠᠨ ᠨᠠᠢ᠌ᠵᠠ ᠳᠠᠭᠠᠨ ᠶᠠᠷᠢᠳᠠᠭ ᠪᠢ

ᠪᠠᠰᠠ ᠳᠡᠭᠡᠭᠡᠳ ᠴᠢᠮ᠎ᠠ ᠪᠠᠨ

ᠪᠠᠢ᠌ᠨ ᠪᠠᠢ᠌ᠨ ᠰᠠᠨᠠᠭᠠᠤᠨ ᠪᠠᠢ᠌ᠨ᠎ᠠ

ᠪᠢ ᠬᠠᠷᠢᠬᠤ ᠳᠤ ᠶᠠᠭᠠᠭᠢᠳᠠᠭ ᠪᠣᠯ

ᠪᠠᠶ᠎ᠠ ᠴᠢᠨᠢ ᠪᠠᠰᠠ ᠦᠰᠴᠢᠭᠡᠪᠠᠤ ︖

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃

ᠦᠨᠦᠳᠤᠷ ᠪᠢ ᠰᠤᠷᠭᠠᠭᠤᠯᠢ ᠳ᠋ᠠᠭᠠᠨ

ᠣᠴᠢᠷ ᠦᠭᠡᠶ ᠴᠢᠮ᠎ᠠ ᠶᠢ ᠰᠠᠨᠠᠵᠤ ᠪᠠᠢ᠌ᠨ᠎ᠠ

ᠣᠳᠠᠯ ᠦᠭᠡᠶ ᠪᠢ ᠬᠠᠷᠢᠬᠤ ᠳᠠᠭᠠᠨ

ᠦᠨᠳᠦᠷ ᠪᠦᠳᠦᠮᠵᠢ ᠲᠡᠶ ᠣᠴᠢᠬᠤ ᠶᠤᠮ

ᠦᠨᠢᠷ ᠰᠦᠷᠦᠭ᠌ ᠲᠡᠭᠡᠨ ᠮᠠᠩᠯᠠᠢ ᠨᠢ ᠪᠣᠯᠤᠭᠠᠤᠨ

ᠡᠵᠡᠨ ᠨᠠᠮ᠎ᠠ ᠪᠠᠨ ᠣᠭᠳᠤᠵᠤ ᠪᠠᠢ᠌ᠭᠠᠷᠠᠢ ︕

          ᠮᠢᠨᠤ ᠭᠦᠭᠡᠷᠦᠭᠦᠨ ᠬᠤᠷᠠᠭ᠎ᠠ

          ᠮᠸᠷᠨᠤᠰ ᠬᠤᠨᠢᠨ ᠤ ᠬᠣᠢ᠌ᠴᠢ ᠶᠤᠮ

          ᠮᠠᠨ ᠤ ᠭᠦᠳᠡᠭᠡ ᠨᠤᠳᠤᠭ ᠤᠨ

          ᠮᠢᠩᠭ᠋ᠠᠨ ᠰᠤᠪᠣᠤᠨ ᠤᠨ ᠨᠢᠭᠡ ᠨᠢ ᠶᠤᠮ᠃


             2012.5,10  ᠬᠦᠬᠡᠬᠤᠲᠠᠨ᠎ᠡ


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠮᠢᠩ ᠳ᠋ᠦ᠋ ᠹᠧᠩ ᠵᠢᠩ ᠪᠠᠭ᠎ᠠ ᠳᠤᠭᠤᠷᠢᠭ

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2674
ᠴᠠᠭ᠄ 2012 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ