☆ ᠥᠭᠡᠯᠡᠳ · ᠵᠠᠮᠰᠠ
ᠭᠠᠯᠳᠠᠨ ᠪᠤᠱᠤᠭᠲᠤ ᠬᠠᠭᠠᠨ ᠤ ᠳᠤᠮᠤᠭ
ᠡᠷᠳᠡ ᠨᠢᠭᠡᠨ ᠴᠠᠭ ᠲᠤ᠂ ᠬᠤᠮᠤᠰᠳᠠ ᠳᠡᠭ᠍ᠷᠢ ᠶᠢᠨ ᠳᠤᠤᠷ᠎ᠠ ᠭᠦᠮᠤᠨ ᠤ ᠣᠷᠴᠢᠯᠠᠩ ᠳᠤ ᠶᠢᠰᠤᠨ ᠠᠯᠢ ᠮᠠᠭᠤ ᠱᠤᠯᠤᠮ ᠬᠠᠮᠳᠤᠷᠠᠵᠤ ᠰᠠᠭᠤᠭᠠᠤᠨ 《ᠣᠳᠤ ᠮᠠᠨᠤᠰ ᠶᠢᠷᠳᠢᠠᠴᠤ ᠶᠢᠨ ᠠᠮᠢᠳᠠᠨ ᠢ ᠶᠠᠭᠠᠭᠢᠵᠤ ᠢᠳᠡᠭᠦ ᠪᠣᠢ︖》 ᠭᠡᠵᠤ ᠬᠤᠭᠤᠷᠤ ᠬᠤᠭᠤᠷᠤᠠᠳᠤ ᠪᠠᠨ ᠠᠷᠭ᠎ᠠ ᠣᠬᠠᠭᠠᠨ ᠵᠦᠪᠳᠠᠵᠤ᠂ ᠠᠷᠠᠭ᠎ᠠ ᠰᠢᠳᠤ ᠪᠠᠨ ᠬᠠᠪᠢᠷᠤᠨ ᠠᠮᠠ ᠭᠡᠯᠡ ᠪᠠᠨ ᠪᠢᠯᠡᠭᠦᠳᠡᠭᠦ ᠪᠣᠯᠵᠤ ᠭᠡᠨ᠎ᠡ᠂ ᠡᠯᠳᠡᠪ ᠬᠤᠶᠠᠷ ᠠᠷᠭ᠎ᠠ ᠣᠬᠠᠭᠠᠨ ᠵᠥᠪᠳᠡᠭᠡᠤᠨ᠂ ᠨᠢᠭᠡ ᠨᠢ ᠶᠡᠭᠡ ᠬᠤᠤᠷᠳᠤ ᠮᠤᠭᠠᠢ ᠪᠣᠯᠵᠤ ᠶᠢᠷᠳᠢᠠᠴᠤ ᠶᠢᠨ ᠠᠮᠢᠳᠠᠨ ᠢ ᠬᠠᠤᠠᠬᠤᠵᠤ ᠭᠦᠨᠦᠭᠡᠭᠦ ᠪᠣᠯᠵᠤ ᠭᠡᠨ᠎ᠡ᠃ ᠪᠠᠰᠠ ᠨᠢᠭᠡ ᠨᠢ ᠨᠢᠭᠦᠯᠳᠤ ᠴᠢᠨ᠋ᠸ᠎ᠠ ᠪᠣᠯᠵᠤ ᠮᠠᠯ ᠠᠳᠤᠭᠤᠰᠤ ᠶᠢ ᠨᠢ ᠭᠢᠳᠤᠵᠤ ᠢᠳᠡᠭᠦ ᠪᠣᠯᠵᠤ ᠭᠡᠨ᠎ᠡ᠃ ᠪᠠᠰᠠ ᠨᠢᠭᠡ ᠨᠢ ᠶᠡᠭᠡ ᠴᠢᠳᠠᠯᠳᠠᠢ ᠪᠠᠭᠠᠳᠤᠷ ᠪᠣᠯᠵᠤ ᠣᠢ᠌ᠭᠤᠷ ᠲᠤ ᠳᠦᠷᠦᠭᠡᠤᠨ ᠪᠠᠷᠠᠭᠤᠨ ᠲᠦᠷᠦ ᠶᠢ ᠳᠦᠢᠪᠠᠭᠡᠭᠦ ᠪᠣᠯᠵᠤ ᠭᠡᠨ᠎ᠡ᠃ ᠪᠣᠰᠤᠳ ᠵᠢᠷᠭᠤᠭ᠎ᠠ ᠨᠢ ᠵᠢᠷᠭᠤᠭᠠᠨ ᠬᠤᠤᠷᠳᠠᠢ ᠭᠦᠷᠦᠭᠡᠰᠤᠨ ᠢᠮᠠᠭ᠎ᠠ ᠪᠣᠯᠵᠤ ᠣᠰᠤ ᠡᠪᠠᠰᠤ ᠪᠦᠭᠦᠨ ᠢ ᠪᠣᠵᠠᠷᠯᠠᠨ᠂ ᠳᠠᠷᠠ ᠡᠪᠠᠰᠤᠨ ᠡᠴᠠ ᠬᠠᠵᠠᠯᠠᠭᠰᠠᠨ ᠪᠦᠭᠦᠨ ᠢ ᠬᠤᠤᠷᠳᠠᠭᠠᠬᠤ ᠭᠡᠵᠡᠢ᠃
ᠡᠳᠡᠭᠡᠷ ᠢ ᠨᠢ ᠪᠠᠷᠠᠭᠤᠨ ᠲᠦᠷᠦ ᠶᠢᠨ ᠣᠢ᠌ᠷᠠᠤᠨ ᠤᠨ ᠶᠡᠭᠡ ᠬᠠᠭᠠᠨ ᠮᠠᠳᠠᠵᠤ᠂ ᠬᠤᠷᠮᠤᠰᠳᠠ ᠳᠡᠭ᠍ᠷᠢ ᠳᠤ ᠣᠴᠢᠭᠠᠤᠨ ᠠᠪᠣᠷᠠᠯ ᠭᠤᠶᠤᠵᠤ ᠭᠡᠨ᠎ᠡ᠃ ᠬᠤᠷᠮᠤᠰᠳᠠ ᠳᠡᠭ᠍ᠷᠢ 《ᠡᠨ ᠮᠠᠳᠠᠯ᠎ᠠ᠂ ᠴᠢ ᠤᠷᠢᠳ ᠶᠢᠡᠷ ᠪᠣᠴᠠᠵᠤ ᠪᠠᠢ᠂ ᠪᠢ ᠠᠷᠤ ᠡᠴᠠ ᠴᠢᠨᠢ ᠭᠦᠮᠤᠨ ᠳᠤᠮᠢᠯᠠᠵᠤ ᠶᠠᠪᠣᠭᠤᠯᠤᠶ᠎ᠠ》 ᠭᠡᠵᠤ ᠭᠡᠯᠡᠭᠡᠤᠨ ᠨᠣᠢ᠌ᠷᠰᠢᠵᠤ ᠣᠷᠭᠢᠪᠠ ᠭᠡᠨ᠎ᠡ᠃ ᠶᠠᠷᠤ ᠳᠡᠭᠡᠨ ᠬᠤᠷᠮᠤᠰᠳᠠ ᠳᠡᠭ᠍ᠷᠢ ᠨᠢᠭᠡ ᠨᠣᠢ᠌ᠷᠰᠤᠪᠠᠯ ᠭᠤᠴᠢᠨ ᠭᠤᠷᠪᠠᠨ ᠵᠢᠯ ᠨᠣᠢ᠌ᠷᠰᠤᠳᠠᠭ ᠪᠠᠢ᠌ᠵᠤ ᠭᠡᠨ᠎ᠡ᠃ ᠶᠡᠭᠡ ᠬᠠᠭᠠᠨ ᠪᠣᠴᠠᠬᠤ ᠢᠷᠡᠭᠡᠤᠨ ᠭᠤᠷᠪᠠᠨ ᠵᠢᠯ ᠭᠦᠯᠢᠶᠡᠵᠤ ᠳᠡᠭ᠍ᠷᠢ ᠶᠢᠨ ᠣᠷᠤᠨ ᠡᠴᠠ ᠭᠦᠮᠤᠨ ᠡᠰᠡ ᠢᠷᠡᠭᠦ ᠪᠠᠷ ᠳᠠᠭᠢᠨ ᠬᠤᠷᠮᠤᠰᠳᠠ ᠳᠡᠭ᠍ᠷᠢ ᠶᠢᠨ ᠵᠡᠭᠦᠳᠤᠨ ᠳᠤ ᠣᠷᠤᠵᠤ ᠭᠡᠯᠡᠵᠡᠢ᠃ ᠢᠩᠭᠢᠭᠡᠤᠨ ᠬᠤᠷᠮᠤᠰᠳᠠ ᠳᠡᠭ᠍ᠷᠢ ᠰᠤᠴᠢᠨ ᠰᠡᠷᠡᠭᠡᠤᠨ᠂ ᠦᠪᠡᠷ ᠤᠨ ᠭᠦᠤ ᠪᠠᠨ ᠳᠤᠤᠷᠠᠳᠤ ᠣᠷᠴᠢᠯᠠᠩ ᠳᠤ ᠣᠴᠢᠵᠤ᠂ ᠡᠯᠳᠡᠪᠯᠡᠨ ᠰᠠᠮᠠᠭᠤᠷᠠᠵᠤ ᠪᠠᠢ᠌ᠭ᠎ᠠ ᠬᠤᠤᠷᠳᠠᠨ ᠨᠤᠭᠤᠳ ᠢ ᠳᠠᠷᠤᠵᠤ ᠣᠰᠠᠤᠠᠬᠠ ᠭᠡᠵᠤ ᠶᠠᠪᠣᠭᠤᠯᠵᠤ ᠭᠡᠨ᠎ᠡ᠃ ᠭᠦᠤ ᠨᠢ ᠶᠠᠪᠣᠬᠤ ᠳᠡᠭᠡᠷ᠎ᠡ ᠠᠪᠣ ᠨᠢ 《ᠴᠢ ᠶᠠᠭᠤ ᠭᠡᠷᠡᠭ᠌ ᠲᠡᠶ ᠪᠣᠯ ᠶᠠᠭᠤ ᠪᠠᠨ ᠠᠪᠴᠤ ᠶᠠᠪᠣ》 ᠭᠡᠵᠡᠢ᠃ ᠭᠦᠤ ᠨᠢ 《ᠪᠢ ᠭᠤᠷᠪᠠᠨ ᠰᠠᠢ᠌ᠨ ᠲᠦᠰᠢᠮᠠᠤᠨ ᠶᠢᠡᠨ ᠳᠠᠭᠠᠤᠯᠵᠤ ᠶᠠᠪᠤᠨ᠎ᠡ᠂ ᠥᠭᠡᠷ᠎ᠡ ᠶᠠᠭᠤᠮ᠎ᠠ ᠨᠠᠳᠠ ᠭᠡᠷᠡᠭ᠌ ᠥᠭᠡᠢ》 ᠭᠡᠵᠤ ᠭᠡᠨ᠎ᠡ᠃ ᠠᠪᠣ ᠨᠢ ᠵᠦᠪᠰᠢᠶᠠᠷᠠᠵᠤ ᠭᠤᠷᠪᠠᠨ ᠰᠠᠢ᠌ᠨ ᠲᠦᠰᠢᠮᠠᠤᠨ ᠥᠭ᠍ᠴᠤ ᠭᠡᠨ᠎ᠡ᠃
ᠳᠡᠭᠡᠭᠡᠤᠨ ᠬᠤᠷᠮᠤᠰᠳᠠ ᠶᠢᠨ ᠭᠦᠪᠠᠭᠦᠨ ᠨᠢᠭᠡ ᠲᠦᠰᠢᠮᠠᠯ ᠶᠢᠡᠨ 《ᠴᠢ ᠭᠦᠮᠤᠨ ᠤ ᠣᠷᠴᠢᠯᠠᠩ ᠳᠤ ᠭᠦᠷᠦᠭᠡᠤᠨ ᠳᠠᠷᠠ ᠬᠤᠤᠷᠳᠠᠢ ᠵᠢᠷᠭᠤᠭᠠᠨ ᠭᠦᠷᠦᠭᠡᠰᠤᠨ ᠢᠮᠠᠭᠠᠨ ᠳᠤ ᠳᠠᠮᠤᠷ ᠳᠡᠭᠡᠭᠡ ᠪᠣᠯᠵᠤ᠂ ᠳᠠᠷᠠ ᠵᠷᠭᠤᠭᠠᠨ ᠢᠮᠠᠭ᠎ᠠ ᠶᠢ ᠥᠰᠭᠡᠯ ᠦᠭᠡᠶ ᠪᠠᠷ ᠦᠷ᠎ᠡ ᠳᠠᠰᠤᠯ᠎ᠠ》 ᠭᠡᠵᠤ ᠶᠠᠪᠣᠭᠤᠯᠵᠠᠢ᠃ ᠡᠨᠡ ᠲᠦᠰᠢᠮᠠᠯ ᠨᠢ ᠭᠦᠮᠤᠨ ᠤ ᠣᠷᠴᠢᠯᠠᠩ ᠳᠤ ᠢᠷᠡᠭᠡᠤᠨ ᠳᠠᠮᠤᠷ ᠳᠡᠭᠡ ᠪᠣᠯᠵᠤ ᠳᠠᠷᠠ ᠬᠤᠤᠷᠳᠠᠢ ᠵᠢᠷᠭᠤᠭᠠᠨ ᠢᠮᠠᠭ᠎ᠠ ᠶᠢ ᠦᠷ᠎ᠡ ᠳᠠᠰᠤᠯᠵᠤ ᠴᠢᠳᠠᠭᠰᠠᠨ ᠣᠴᠢᠷ ᠡᠴᠠ ᠣᠳᠤ ᠶᠢᠷᠳᠢᠠᠴᠤ ᠶᠢᠨ ᠡᠪᠠᠰᠤ ᠣᠰᠤ ᠬᠤᠤᠷ ᠦᠭᠡᠶ ᠪᠠᠢ᠌ᠳᠠᠭ ᠭᠡᠨ᠎ᠡ᠂ ᠳᠡᠭᠡᠪᠠᠴᠤ ᠳᠠᠷᠠ ᠵᠢᠷᠭᠤᠭᠠᠨ ᠬᠤᠤᠷᠳᠠᠢ ᠢᠮᠠᠭ᠎ᠠ ᠥᠭᠦᠳᠡᠯ᠎ᠡ ᠪᠠᠨ ᠪᠠᠰᠠ ᠭᠡᠰᠡᠭ᠌ ᠡᠪᠠᠰᠤ ᠬᠠᠵᠠᠯᠠᠭᠰᠠᠨ ᠪᠣᠯᠬᠤᠷ ᠭᠡᠰᠡᠭ᠌ ᠡᠪᠠᠰᠤ ᠶᠢ ᠪᠣᠵᠠᠷᠯᠠᠵᠤ ᠬᠠᠶᠠᠵᠠᠢ᠃ ᠡᠢ᠌ᠮᠤ ᠡᠴᠠ ᠣᠳᠤ ᠮᠠᠯ ᠠᠳᠤᠭᠤᠰᠤ ᠵᠠᠷᠢᠮ ᠡᠪᠠᠰᠤ ᠶᠢ ᠢᠳᠠᠪᠠᠯ ᠬᠤᠤᠷᠳᠠᠵᠤ ᠠᠮᠠᠨ ᠡᠴᠠ ᠨᠢ ᠭᠦᠭᠡᠰᠤ ᠭᠠᠷᠴᠤ ᠥᠭᠦᠵᠤ ᠪᠠᠢ᠌ᠳᠠᠭ ᠳᠠᠷᠠ ᠭᠡᠨ᠎ᠡ᠃
ᠨᠢᠭᠡ ᠲᠦᠰᠢᠮᠠᠯ ᠶᠢᠡᠨ 《ᠴᠢ ᠭᠦᠮᠤᠨ ᠤ ᠣᠷᠴᠢᠯᠠᠩ ᠳᠤ ᠣᠴᠢᠵᠤ ᠳᠠᠷᠠ ᠨᠢᠭᠦᠯᠳᠤ ᠴᠢᠨ᠋ᠸ᠎ᠠ ᠶᠢ ᠳᠤᠨᠢᠯᠭᠠ》 ᠭᠡᠤᠨ ᠶᠠᠪᠣᠭᠤᠯᠵᠤ ᠭᠡᠨ᠎ᠡ᠃ ᠳᠠᠷᠠ ᠲᠦᠰᠢᠮᠠᠯ ᠨᠢ ᠪᠠᠰᠠ ᠴᠢᠨ᠋ᠸ᠎ᠠ ᠶᠢ ᠶᠠᠭᠠᠭᠢᠵᠤ ᠴᠢᠳᠠᠭᠰᠠᠨ ᠦᠭᠡᠶ ᠥᠭᠦᠵᠤ ᠭᠡᠨ᠎ᠡ᠃ ᠡᠢ᠌ᠮᠤ ᠡᠴᠠ ᠣᠳᠤ ᠴᠢᠨ᠋ᠸ᠎ᠠ ᠮᠠᠯ ᠢᠳᠡᠭᠡᠤᠨ ᠪᠠᠢ᠌ᠳᠠᠭ ᠶᠤᠰᠤ ᠳᠠᠷᠠ ᠭᠡᠨ᠎ᠡ᠃ ᠬᠤᠷᠮᠤᠰᠳᠠ ᠶᠢᠨ ᠭᠦᠪᠠᠭᠦᠨ ᠦᠪᠡᠷ ᠶᠢᠡᠨ ᠳᠠᠷᠠ ᠭᠦ ᠣᠢ᠌ᠭᠤᠷ ᠲᠤ ᠳᠦᠷᠦᠭᠡᠤᠨ ᠪᠠᠷᠠᠭᠤᠨ ᠲᠦᠷᠦ ᠶᠢ ᠳᠦᠢᠪᠠᠭᠡᠭᠦ ᠭᠡᠳᠡᠭ᠌ ᠪᠠᠭᠠᠳᠤᠷ ᠢ ᠳᠠᠷᠤᠬᠤ ᠭᠡᠵᠤ ᠭᠦᠮᠤᠨ ᠤ ᠣᠷᠴᠢᠯᠠᠩ ᠤᠨ ᠣᠢ᠌ᠷᠠᠤᠨ ᠤᠨ ᠬᠠᠭᠤᠨ ᠤ ᠭᠡᠷ ᠲᠤ ᠭᠦᠪᠠᠭᠦᠨ ᠪᠣᠯᠵᠤ ᠬᠤᠪᠢᠯᠤᠨ ᠢᠷᠠᠵᠠᠢ᠃ ᠡᠨᠡ ᠨᠢ ᠳᠠᠷᠤᠢ ᠭᠠᠯᠳᠠᠨ ᠪᠣᠱᠤᠭᠳᠤ ᠬᠠᠭᠠᠨ ᠪᠠᠢ᠌ᠪᠠ ᠭᠡᠨ᠎ᠡ᠃
ᠳᠡᠭᠡᠭᠡᠤᠨ ᠭᠠᠯᠳᠠᠨ ᠪᠣᠱᠤᠭᠳᠤ ᠭᠤᠨᠠᠨ ᠨᠠᠰᠤᠳᠠᠢ ᠳᠠᠭᠠᠨ ᠴᠡᠷᠢᠭ᠌ ᠳᠠᠭᠠᠭᠤᠯᠤᠨ ᠣᠴᠢᠵᠤ ᠣᠢ᠌ᠭᠤᠷ ᠲᠤ ᠳᠦᠷᠦᠭ᠍ᠰᠡᠨ ᠨᠥᠭᠦᠭᠡ ᠱᠤᠯᠤᠮ ᠪᠠᠭᠠᠳᠤᠷ ᠢ ᠠᠯᠠᠭᠠᠤᠨ ᠭᠡᠷ ᠳᠤᠨᠢ ᠣᠷᠤᠬᠤ ᠳᠤ ᠱᠤᠯᠤᠮ ᠤᠨ ᠬᠠᠳᠤᠨ ᠨᠢ ᠪᠠᠶ᠎ᠠ ᠳᠠᠪᠬᠤᠷ ᠪᠠᠢ᠌ᠵᠤ ᠭᠡᠨ᠎ᠡ᠃ ᠳᠡᠭᠡᠭᠡᠤᠨ ᠭᠠᠯᠳᠠᠨ 《ᠦᠩᠭᠢ (ᠦᠨᠳᠦᠰᠦ) ᠨᠢ ᠬᠤᠤᠷ ᠪᠣᠯ ᠥᠵᠦᠭᠦᠷ ᠨᠢ ᠴᠤ ᠬᠤᠤᠷ》 ᠭᠡᠵᠤ ᠭᠡᠯᠡᠭᠡᠤᠨ ᠬᠠᠳᠤᠨ ᠤ ᠭᠡᠳᠡᠰᠤ (ᠭᠡᠪᠠᠯᠢ) ᠶᠢ ᠳᠠᠰᠤ ᠴᠠᠪᠴᠢᠬᠤ ᠳᠤ ᠭᠡᠪᠠᠯᠢ ᠳ᠋ᠤᠨᠢ ᠪᠠᠢ᠌ᠭᠰᠠᠨ ᠳᠤᠯᠤᠭᠠᠨ ᠰᠠᠷ᠎ᠠ ᠲᠡᠶ ᠭᠦᠤ ᠨᠢ ᠪᠣᠰᠴᠤ ᠢᠷᠡᠭᠡᠤᠨ 《ᠠᠷᠪᠠᠨ ᠰᠠᠷ᠎ᠠ ᠪᠠᠨ ᠭᠦᠢᠴᠡᠭᠡᠭᠡᠤᠨ ᠠᠩᠭᠢᠷ ᠰᠢᠷ᠎ᠠ ᠣᠭᠤᠷᠠᠭ ᠶᠢᠡᠨ ᠭᠦᠭᠦᠭ᠍ᠰᠡᠨ ᠪᠣᠯ ᠠᠪᠣ ᠶᠢᠨ ᠶᠢᠡᠨ ᠦᠰᠢᠶ᠎ᠠ ᠶᠢ ᠠᠪᠬᠤ ᠶᠤᠮ ᠰᠠᠨ᠂ ᠠᠰᠠᠭᠠᠭ ᠲᠡᠶ ᠪᠠᠶ᠎ᠠ ᠪᠠᠨ ᠠᠷᠴᠢᠭᠤᠯᠵᠤ᠂ ᠪᠭᠠᠰᠤ ᠲᠡᠶ ᠮᠠᠠᠴᠤᠢ ᠳᠠᠭᠠᠨ ᠪᠠᠭᠯᠠᠭᠤᠯᠤᠭᠰᠠᠨ ᠪᠣᠯ᠂ ᠡᠭᠡ ᠶᠢᠨ ᠶᠢᠡᠨ ᠦᠰᠢᠶ᠎ᠠ ᠶᠢ ᠠᠪᠬᠤ ᠪᠠᠢ᠌ᠭᠰᠠᠨ ᠰᠠᠨ》 ᠭᠡᠵᠤ ᠭᠡᠯᠡᠭᠡᠤᠨ ᠭᠠᠯᠳᠠᠨ ᠲᠡᠶ ᠨᠤᠴᠤᠯᠳᠤᠵᠤ᠂ ᠠᠪᠴᠤ ᠬᠠᠶᠠᠭᠠᠤᠨ ᠪᠠᠢ᠌ᠬᠤ ᠳᠤ ᠪᠣᠰᠴᠤ ᠢᠷᠡᠭᠡᠤᠨ ᠪᠠᠢ᠌ᠵᠤ ᠭᠡᠨ᠎ᠡ᠃ ᠳᠤᠩ ᠢᠯᠠᠭᠳᠠᠬᠤ ᠦᠭᠡᠶ ᠰᠢᠭ᠌ ᠪᠣᠯᠤᠭᠠᠤᠨ ᠢᠷᠡᠭᠦ ᠳᠤᠨᠢ ᠭᠠᠯᠳᠠᠨ ᠠᠷᠭ᠎ᠠ ᠦᠭᠡᠶ ᠮᠤᠷᠢ ᠪᠠᠨ ᠱᠤᠭᠰᠢᠷᠠᠵᠤ ᠭᠡᠨ᠎ᠡ᠃ ᠳᠡᠭᠡᠭᠦ ᠳᠤ ᠮᠤᠷᠢ ᠨᠢ ᠰᠢᠪᠠᠷ ᠭᠡᠷ ᠤᠨ ᠣᠷᠤᠢ ᠳᠡᠭᠡᠷ᠎ᠡ ᠨᠢ ᠦᠰᠦᠷᠴᠤ ᠭᠠᠷᠤᠭᠠᠤᠨ ᠴᠠᠪᠴᠢᠵᠤ ᠮᠦᠷ ᠤᠨ ᠶᠢᠡᠨ ᠴᠢᠨᠡᠭᠡᠨ ᠰᠡᠳᠡᠷᠭᠡᠢ ᠭᠠᠷᠬᠠᠵᠤ ᠭᠡᠨ᠎ᠡ᠃ ᠳᠠᠷᠠ ᠰᠡᠳᠡᠷᠭᠡᠢ (ᠨᠥᠭᠡ) ᠪᠠᠷ ᠳᠤᠰᠤᠭᠰᠠᠨ ᠨᠠᠷᠠᠨ ᠤ ᠬᠤᠷᠴᠠ ᠭᠡᠷᠡᠯ ᠳᠤ ᠱᠤᠯᠤᠮ ᠤᠨ ᠪᠠᠯᠴᠢᠷ ᠭᠦᠤ ᠶᠢᠨ ᠨᠢᠳᠤ ᠭᠢᠯᠪᠠᠵᠤ᠂ ᠣᠨᠠᠭᠠᠤᠨ ᠣᠤᠠᠬᠤ ᠳᠤᠨᠢ ᠭᠠᠯᠳᠠᠨ ᠠᠷᠠᠢ ᠭᠡᠵᠤ ᠳᠠᠷᠤᠵᠠᠢ᠃ ᠢᠩᠭᠢᠭᠡᠤᠨ ᠭᠠᠯᠳᠠᠨ ᠬᠤᠤᠷᠳᠠᠨ ᠢ ᠳᠠᠷᠤᠵᠤ ᠪᠠᠷᠭᠠᠤᠨ ᠲᠦᠷᠦ ᠶᠢ ᠳᠦᠪᠰᠢᠦᠡᠭᠡᠨ ᠰᠠᠭᠤᠪᠠ ᠭᠡᠨ᠎ᠡ᠃
ᠳᠡᠭᠡᠵᠤ ᠪᠠᠢ᠌ᠳᠠᠯ᠎ᠠ ᠬᠤᠳᠤᠩ ᠤᠨ ᠬᠠᠭᠠᠨ ᠭᠠᠯᠳᠠᠨ ᠲᠡᠶ ᠠᠳᠠᠭ᠎ᠠ ᠪᠠᠷᠢᠵᠤ ᠠᠷᠭ᠎ᠠ ᠭᠠᠷᠭᠠᠨ ᠭᠠᠯᠳᠠᠨ ᠢ ᠠᠯᠠᠬᠤ ᠪᠠᠷ ᠰᠠᠤᠠᠭᠢᠵᠤ ᠭᠡᠨ᠎ᠡ᠃ ᠬᠤᠳᠤᠩ ᠬᠠᠭᠠᠨ ᠤ ᠭᠡᠦᠭᠡᠨ ᠭᠡᠵᠤ ᠨᠠᠷᠠᠳᠠᠢ ᠭᠤᠶᠤ ᠵᠢᠰᠤᠳᠠᠢ ᠪᠠᠢ᠌ᠵᠤ ᠭᠡᠨ᠎ᠡ᠃ ᠢᠩᠭᠢᠭᠡᠤᠨ ᠬᠤᠳᠤᠩ ᠬᠠᠭᠠᠨ 《ᠴᠢᠮᠠᠳᠤ ᠪᠢ ᠭᠡᠦᠭᠡᠨ ᠶᠢᠡᠨ ᠬᠠᠳᠤᠨ ᠪᠣᠯᠭᠠᠵᠤ ᠦᠭᠭᠦᠶ᠎ᠡ》 ᠭᠡᠤᠨ ᠭᠠᠯᠳᠠᠨ ᠢ ᠳᠠᠭᠤᠳᠠᠭᠤᠯᠵᠤ ᠭᠡᠨ᠎ᠡ᠃ ᠭᠠᠯᠳᠠᠨ ᠰᠢᠡᠵᠢᠭᠡᠤᠨ ᠥᠵᠡᠭ᠍ᠰᠡᠨ ᠳᠤ ᠬᠤᠳᠤᠩ ᠬᠠᠭᠠᠨ ᠤ ᠭᠡᠦᠭᠡᠨ ᠶᠢᠡᠨ ᠬᠠᠷᠢᠨ ᠶᠢᠰᠤᠨ ᠳᠠᠪᠬᠤᠷ ᠭᠦᠷᠢᠶᠡᠨ ᠳᠤᠳᠤᠷ᠎ᠠ ᠨᠢᠭᠤᠵᠤ ᠳᠠᠯᠪᠢᠵᠤ ᠭᠡᠨ᠎ᠡ᠃ ᠭᠠᠯᠳᠠᠨ ᠠᠯᠠᠬᠤ ᠭᠡᠵᠤ ᠪᠠᠢ᠌ᠭ᠎ᠠ ᠶᠢ ᠮᠠᠳᠠᠵᠤ᠂ ᠬᠤᠳᠤᠩ ᠬᠠᠭᠠᠨ ᠳᠤ ᠮᠡᠳᠡᠭ᠍ᠳᠡᠯ ᠦᠭᠡᠶ ᠪᠠᠷ ᠰᠢᠷᠭ᠎ᠠ ᠮᠤᠷᠢ ᠪᠠᠨ ᠣᠨᠤᠵᠤ ᠶᠢᠰᠤᠨ ᠳᠠᠪᠬᠤᠷ ᠭᠦᠷᠢᠶ᠎ᠡ ᠶᠢ ᠨᠢ ᠳᠠᠭᠠᠷᠢᠵᠤ ᠭᠦᠷᠦᠭᠡᠤᠨ ᠭᠡᠦᠭᠡᠨ ᠲᠡᠶ ᠨᠢ ᠨᠠᠢ᠌ᠷᠠᠯᠠᠵᠤ ᠰᠠᠭᠤᠪᠠ ᠭᠡᠨ᠎ᠡ᠃
ᠭᠡᠳᠤᠨ ᠰᠠᠷ᠎ᠠ ᠰᠠᠭᠤᠵᠤ ᠭᠡᠨ᠎ᠡ᠃ ᠬᠤᠳᠤᠩ ᠬᠠᠭᠠᠨ ᠡᠰᠡ ᠮᠠᠳᠠᠵᠤ ᠭᠡᠨ᠎ᠡ᠃ ᠰᠡᠭᠦᠯᠡᠷ ᠨᠢ ᠬᠤᠳᠤᠩ ᠬᠠᠭᠠᠨ ᠭᠡᠦᠭᠡᠨ ᠤ ᠪᠠᠨ ᠵᠢᠰᠤ ᠴᠢᠷᠠᠢ ᠡᠳᠦᠷ ᠡᠴᠠ ᠡᠳᠦᠷ ᠥᠩᠭᠡᠵᠢᠵᠤ᠂ ᠣᠯᠠᠮ ᠰᠠᠢ᠌ᠬᠠᠨ ᠵᠠᠰᠠᠯ ᠴᠢᠮᠡᠭ᠌ ᠵᠡᠭᠦᠳᠡᠭ᠌ ᠪᠣᠯᠵᠤ ᠭᠤᠶᠤᠯᠠᠭᠠᠤᠨ ᠪᠠᠢ᠌ᠳᠠᠭ ᠪᠣᠯᠤᠭᠰᠠᠨ ᠢ ᠥᠵᠡᠭᠡᠤᠨ ᠪᠠᠬᠠᠨ ᠰᠡᠵᠢᠭ᠌ ᠲᠦᠷᠦᠵᠤ ᠭᠦᠷᠢᠶᠡᠨ ᠳᠤᠳᠤᠭᠤᠷ ᠶᠢᠡᠨ ᠶᠠᠪᠣᠵᠤ ᠪᠠᠢ᠌ᠭᠠᠤᠨ ᠭᠠᠯᠳᠠᠨ ᠤ ᠰᠢᠷᠭ᠎ᠠ ᠮᠤᠷᠢᠨ ᠤ ᠮᠦᠷ ᠢ ᠣᠯᠵᠤ ᠦᠵᠡᠵᠠᠢ᠃ ᠳᠡᠭᠡᠭᠡᠤᠨ ᠣᠯᠠᠮ ᠰᠡᠵᠢᠭ᠌ ᠲᠦᠷᠦᠵᠤ ᠳᠤᠳᠤᠭᠰᠢ ᠪᠡᠨ ᠶᠠᠪᠣᠭᠠᠤᠨ ᠭᠡᠦᠭᠡᠨ ᠤ ᠪᠠᠨ ᠰᠠᠭᠤᠳᠠᠭ ᠭᠡᠷ ᠤᠨ ᠡᠭᠦᠳᠡᠨ ᠳᠡᠭᠡᠷ᠎ᠡ ᠭᠦᠷᠭᠦ ᠳᠤ ᠨᠢᠭᠡ ᠰᠠᠢ᠌ᠬᠠᠨ ᠵᠢᠷᠤᠭ ᠰᠢᠭ ᠰᠢᠷᠭ᠎ᠠ ᠮᠤᠷᠢ ᠣᠶᠠᠭ᠎ᠠ ᠲᠡᠶ ᠰᠠᠷᠪᠠᠵᠤ ᠪᠠᠢ᠌ᠯ᠎ᠠ ᠭᠡᠨ᠎ᠡ᠃ ᠡᠨᠡ ᠰᠠᠢ᠌ᠬᠠᠨ ᠮᠤᠷᠢ ᠶᠠᠮᠠᠷ ᠭᠦᠮᠤᠨ ᠤ ᠪᠣᠯᠪᠠ ᠭᠡᠵᠤ ᠪᠣᠳᠤᠭᠠᠤᠨ ᠰᠤᠭᠤ ᠶᠢ ᠨᠢ ᠳᠡᠮᠳᠡᠷᠢᠭᠦ ᠳᠤ ᠵᠢᠭᠦᠷ ᠲᠡᠶ ᠮᠤᠷᠢ ᠪᠠᠢ᠌ᠵᠠᠢ᠃ ᠭᠠᠯᠳᠠᠨ ᠤ ᠵᠢᠭᠦᠷᠳᠤ ᠰᠢᠷᠭ᠎ᠠ ᠮᠤᠷᠢ ᠮᠦᠨ ᠪᠣᠯᠬᠤ ᠶᠢ ᠳᠠᠨᠢᠭᠠᠤᠨ ᠮᠤᠷᠢᠨ ᠤ ᠵᠢᠭᠦᠷ ᠢ ᠬᠠᠢ᠌ᠴᠢᠯᠠᠵᠤ ᠠᠪᠴᠤ ᠭᠡᠨ᠎ᠡ᠃ ᠭᠠᠯᠳᠠᠨ ᠬᠤᠳᠤᠩ ᠬᠠᠭᠠᠨ ᠳᠤ ᠰᠡᠷᠡᠭ᠍ᠳᠡᠭ᠍ᠰᠡᠨ ᠶᠢᠡᠨ ᠮᠡᠳᠡᠭᠡᠤᠨ ᠳᠤᠳᠠᠭᠠᠬᠤ ᠭᠡᠭᠦ ᠳᠤ ᠮᠤᠷᠢᠨ ᠤ ᠭᠢᠨᠢ ᠵᠢᠭᠦᠷ ᠦᠭᠡᠶ ᠪᠠᠢ᠌ᠪᠠ᠃ ᠳᠡᠭᠡᠭᠡᠤᠨ ᠶᠢᠰᠤᠨ ᠳᠠᠪᠬᠤᠷ ᠭᠦᠷᠢᠶᠡᠨ ᠳᠡᠭᠡᠭᠦᠷ ᠨᠢ ᠨᠢᠰᠭᠡᠨ ᠳᠠᠭᠠᠷᠢᠵᠤ ᠴᠢᠳᠠᠯ ᠦᠭᠡᠶ ᠪᠠᠷᠢᠭᠳᠠᠵᠤ ᠭᠡᠨ᠎ᠡ᠃ ᠬᠤᠳᠤᠩ ᠬᠠᠭᠠᠨ ᠪᠠᠷᠢᠭᠰᠠᠭᠠᠷ ᠠᠯᠠᠬᠤ ᠭᠡᠭᠦ ᠳᠤ ᠭᠡᠦᠭᠡᠨ ᠨᠢ 《ᠶᠢᠰᠤᠨ ᠳᠠᠪᠬᠤᠷ ᠭᠦᠷᠢᠶᠡᠨ ᠳᠤᠳᠤᠷ᠎ᠠ ᠶᠠᠷᠠᠨ ᠵᠢᠯ ᠬᠤᠷᠢᠭᠰᠠᠨ ᠴᠤ ᠠᠯᠳᠠᠬᠤ ᠦᠭᠡᠶ᠃ ᠨᠢᠭᠡᠨᠲᠡ ᠪᠠᠷᠢᠭᠰᠠᠨ ᠬᠣᠢ᠌ᠨ᠎ᠠ ᠳᠡᠭᠡᠵᠤ ᠶᠠᠭᠠᠷᠠᠭᠠᠤᠨ ᠶᠠᠭᠠᠭᠢᠬᠤ ᠪᠣᠢ︖ ᠵᠢᠯ ᠤᠨ ᠣᠢ ᠪᠣᠯᠳᠠᠯ᠎ᠠ ᠬᠤᠷᠢᠵᠤ ᠪᠠᠢ᠌ᠭᠠᠤᠨ ᠠᠯᠠ》 ᠭᠡᠵᠤ ᠬᠤᠷᠢᠭᠯᠠᠵᠤ ᠭᠡᠨ᠎ᠡ᠃ ᠢᠩᠭᠢᠭᠡᠤᠨ ᠠᠪᠣ ᠨᠢ ᠭᠡᠦᠭᠡᠨ ᠤ ᠪᠠᠨ ᠥᠭᠡ ᠶᠢ ᠵᠦᠪᠰᠢᠶᠠᠷᠠᠵᠤ ᠵᠢᠯ ᠬᠤᠷᠢᠬᠤ ᠪᠠᠷ ᠪᠣᠯᠭᠠᠵᠤ ᠭᠡᠨ᠎ᠡ᠃
ᠳᠡᠭᠡᠭᠦ ᠳᠤ ᠭᠡᠦᠭᠡᠨ ᠭᠠᠯᠳᠠᠨ ᠤ ᠰᠢᠷᠭ᠎ᠠ ᠮᠤᠷᠢ ᠶᠢ ᠡᠵᠡᠯᠡᠨ ᠳᠡᠵᠢᠭᠡᠵᠤ ᠵᠢᠭᠦᠷ ᠢ ᠨᠢ ᠣᠷᠭᠤᠭᠤᠯᠵᠤ ᠭᠦᠢᠴᠡᠭᠡᠭᠡᠤᠨ ᠵᠢᠯ ᠤᠨ ᠣᠢ ᠳᠡᠭᠡᠷ᠎ᠡ ᠭᠠᠯᠳᠠᠨ ᠢ ᠭᠠᠷᠭᠠᠵᠤ ᠳᠤᠳᠠᠭᠠᠯᠭᠠᠵᠠᠢ᠃ ᠭᠠᠯᠳᠠᠨ ᠵᠢᠭᠦᠷᠳᠤ ᠰᠢᠷᠭ᠎ᠠ ᠪᠠᠷ ᠶᠢᠡᠨ ᠨᠢᠰᠭᠡᠨ᠂ ᠶᠢᠰᠤᠨ ᠳᠠᠪᠬᠤᠷ ᠭᠦᠷᠢᠶᠡᠨ ᠡᠴᠠ ᠨᠢ ᠭᠠᠷᠬᠤ ᠳᠤ ᠬᠤᠳᠤᠩ ᠬᠠᠭᠠᠨ ᠠᠷᠤ ᠡᠴᠠ ᠨᠡᠭᠡᠵᠤ ᠢᠷᠡᠭᠦ ᠨᠢ ᠮᠡᠳᠡᠭ᠍ᠳᠡᠪᠡ᠃ ᠭᠦᠢᠴᠡᠭ᠍ᠳᠡᠭᠦ ᠭᠡᠵᠤ ᠪᠠᠢ᠌ᠳᠠᠯ᠎ᠠ ᠨᠢᠭᠡ ᠦᠨᠳᠦᠷ ᠴᠠᠭᠠᠭᠴᠢᠨ ᠭᠡᠭᠦᠤ ᠣᠨᠤᠭᠰᠠᠨ ᠡᠪᠦᠭᠡᠨ ᠢᠷᠡᠭᠡᠤᠨ ᠭᠠᠯᠳᠠᠨ ᠤ ᠳᠠᠯᠤ ᠪᠠᠷ ᠨᠢ ᠮᠢᠯᠠᠭ᠎ᠠ (ᠲ᠋ᠠᠰᠢᠭᠤᠷ) ᠪᠠᠷ ᠶᠢᠡᠨ ᠣᠭᠤᠰᠤᠷᠯᠠᠨ ᠳᠠᠳᠠᠵᠤ ᠠᠪᠣᠭᠠᠤᠨ ᠳᠤᠳᠠᠭᠠᠵᠤ ᠭᠡᠨ᠎ᠡ᠃ ᠭᠠᠯᠳᠠᠨ ᠶᠠᠭᠤ ᠶᠢ ᠨᠢ ᠴᠤ ᠮᠡᠳᠡᠭᠦ ᠦᠭᠡᠶ ᠠᠭᠤᠷᠯᠠᠬᠤ ᠳᠠᠭᠠᠨ ᠳᠠᠷᠠ ᠡᠪᠦᠭᠡᠨ ᠢ ᠴᠠᠪᠴᠢᠵᠤ ᠠᠯᠠᠬᠤ ᠭᠡᠤᠨ ᠭᠦᠭᠡᠭᠡᠪᠡ᠃ ᠶᠠᠭᠠᠭᠢᠪᠠᠴᠤ ᠡᠰᠡ ᠭᠦᠢᠴᠡᠪᠡ ᠭᠡᠨ᠎ᠡ᠃ ᠳᠡᠭᠡᠭᠦ ᠳᠤ ᠭᠠᠯᠳᠠᠨ ᠮᠤᠷᠢᠨ ᠡᠴᠠ ᠪᠠᠨ ᠦᠰᠦᠷᠴᠤ ᠪᠠᠭᠤᠭᠠᠤᠨ 《ᠴᠢ ᠡᠨᠡ ᠮᠠᠭᠤ ᠦᠨᠳᠦᠷ ᠴᠠᠭᠠᠭᠴᠢᠨ ᠭᠡᠭᠦᠤ ᠶᠢ ᠭᠦᠢᠴᠡᠵᠤ ᠳᠡᠢ᠌ᠯᠭᠦ ᠦᠭᠡᠶ ᠪᠠᠢ᠌ᠭᠠᠤᠨ ᠨᠠᠮᠠᠶ᠋ᠢ ᠬᠤᠳᠤᠩ ᠬᠠᠭᠠᠨ ᠡᠴᠠ ᠶᠠᠭᠠᠭᠢᠵᠤ ᠠᠪᠣᠷᠠᠵᠤ ᠭᠠᠷᠭᠠᠬᠤ ᠶᠤᠮ ᠪᠣᠢ》 ᠭᠡᠵᠦ ᠭᠡᠯᠡᠭ᠍ᠰᠡᠭᠡᠷ ᠰᠠᠯᠡᠮ᠎ᠠ ᠪᠠᠨ ᠰᠤᠭᠤᠯᠤᠨ ᠮᠤᠷᠢ ᠪᠠᠨ ᠴᠠᠪᠴᠢᠬᠤ ᠭᠡᠳᠡᠯ᠎ᠡ ᠡᠮᠤᠨ᠎ᠡ ᠨᠢ ᠶᠠᠪᠣᠭ᠎ᠠ ᠡᠪᠦᠭᠡᠨ ᠬᠣᠢ᠌ᠰᠢ ᠪᠠᠨ ᠡᠷᠭᠢᠵᠤ ᠢᠷᠡᠭᠡᠤᠨ《ᠡᠨ᠃ ᠭᠦᠪᠠᠭᠦᠨ ᠴᠢ ᠶᠠᠭᠠᠭᠢᠬᠤ ᠪᠢᠯᠠ︖》 ᠭᠡᠪᠡ᠃ ᠭᠠᠯᠳᠠᠨ 《ᠡᠨᠡ ᠮᠤᠷᠢ ᠳᠠᠨ ᠤ ᠣᠨᠤᠭᠰᠠᠨ ᠴᠠᠭᠠᠭᠴᠢᠨ ᠭᠡᠭᠦᠤ ᠶᠢ ᠴᠤ ᠭᠦᠢᠴᠡᠵᠤ ᠴᠢᠳᠠᠬᠤ ᠦᠭᠡᠶ ᠪᠠᠢ᠌ᠬᠤ ᠳᠤ ᠬᠤᠳᠤᠩ ᠬᠠᠭᠠᠨ ᠡᠴᠠ ᠶᠠᠭᠠᠭᠢᠭᠠᠤᠨ ᠠᠪᠣᠷᠠᠬᠤ ᠪᠣᠢ︖ ᠠᠯᠠᠭᠰᠠᠨ ᠨᠢ ᠳᠡᠭᠡᠷ᠎ᠡ ᠪᠠᠢ᠌ᠨ᠎ᠠ》 ᠭᠡᠪᠡ᠃ ᠡᠪᠦᠭᠡᠨ 《ᠵᠠ︕ ᠴᠠᠪᠠᠰᠤ ᠭᠦᠪᠠᠭᠦᠨ ᠮᠢᠨᠢ︕ ᠠᠪᠣ ᠡᠴᠠ ᠪᠠᠨ ᠢᠯᠡᠭᠦᠤ ᠭᠦᠤ ᠳᠦᠷᠦᠳᠡᠭ᠌ ᠦᠭᠡᠶ᠂ ᠡᠭᠡ ᠡᠴᠠ ᠪᠠᠨ ᠬᠤᠷᠳᠤᠨ ᠮᠤᠷᠢ ᠳᠦᠷᠦᠳᠡᠭ᠌ ᠦᠭᠡᠶ ᠪᠢᠯᠠ᠃ ᠡᠨᠡ ᠴᠠᠭᠠᠭᠴᠢᠨ ᠭᠡᠭᠦᠨ ᠪᠣᠯ ᠰᠢᠷᠭ᠎ᠠ ᠮᠤᠷᠢᠨ ᠤ ᠴᠢᠨᠢ ᠡᠭᠡ ᠪᠠᠢ᠌ᠨ᠎ᠠ》 ᠭᠡᠵᠤ ᠭᠡᠯᠡᠭᠡᠤᠨ ᠠᠯᠠᠭ᠎ᠠ ᠪᠣᠯᠴᠢᠬᠠᠪᠠ᠃ ᠳᠡᠭᠡᠳᠡᠯ᠎ᠡ ᠦᠨᠦᠭᠢ ᠬᠤᠳᠤᠩ ᠬᠠᠭᠠᠨ ᠭᠦᠢᠴᠡᠵᠤ ᠢᠷᠡᠭᠡᠤᠨ ᠴᠠᠪᠴᠢᠬᠤ ᠭᠡᠳᠡᠯ᠎ᠡ ᠰᠠᠶᠢᠭᠢ ᠡᠪᠦᠭᠡᠨ 《ᠰᠢᠷᠭ᠎ᠠ ᠮᠤᠷᠢᠨ ᠤ ᠪᠠᠨ ᠳᠠᠯ ᠁》 ᠭᠡᠵᠤ ᠭᠡᠯᠡᠭᠦ ᠨᠢ ᠰᠤᠨᠤᠰᠳᠠᠪᠠ ᠭᠡᠨ᠎ᠡ᠃ ᠭᠠᠯᠳᠠᠨ ᠥᠩᠭᠡᠢ᠌ᠵᠤ ᠰᠢᠷᠭ᠎ᠠ ᠮᠤᠷᠢᠨ ᠤ ᠪᠠᠨ ᠳᠠᠯ ᠢ ᠠᠮᠠᠨ ᠳᠠᠭᠠᠨ ᠵᠢᠭᠤᠭᠠᠤᠨ ᠬᠣᠢ᠌ᠰᠢ ᠡᠷᠭᠢᠨ ᠬᠠᠷᠠᠬᠤ ᠳᠤ ᠶᠡᠭᠡ ᠣᠷᠳᠤ ᠬᠠᠷ᠎ᠠ ᠰᠠᠬᠠᠯ ᠲᠡᠶ ᠪᠣᠯᠵᠤ ᠬᠤᠳᠤᠩ ᠬᠠᠭᠠᠨ ᠳᠤ ᠥᠵᠡᠭ᠍ᠳᠡᠵᠤ ᠭᠡᠨ᠎ᠡ᠃ ᠬᠤᠳᠤᠩ ᠬᠠᠭᠠᠨ 《ᠡᠨᠡ ᠶᠠᠮᠠᠷ ᠰᠤᠨᠢᠨ ᠵᠢᠭ᠍ᠳᠡᠢ ᠶᠤᠮ ᠪᠣᠢ︖ ᠣᠳᠤᠬᠠᠨ ᠮᠦᠨ ᠰᠠᠬᠠᠯ ᠦᠭᠡᠶ ᠮᠤᠭᠤᠯᠢᠭ ᠭᠦᠷᠡᠩ ᠭᠦᠪᠠᠭᠦᠨ ᠪᠠᠢ᠌ᠭᠰᠠᠨ ᠪᠢᠰᠢ ᠦᠦ︖ ᠡᠨᠡ ᠵᠠᠭᠤᠷᠬᠠᠨ ᠰᠠᠬᠠᠯ ᠲᠡᠶ ᠪᠣᠯᠴᠢᠬᠠᠳᠠᠭ ᠨᠢ ᠶᠠᠮᠠᠷ ᠣᠴᠢᠷ ᠲᠡᠶ ᠶᠤᠮ ᠪᠣᠢ︖》 ᠭᠡᠵᠤ ᠰᠤᠴᠢᠨ ᠭᠠᠢ᠌ᠬᠠᠵᠤ ᠠᠶᠤᠬᠤ ᠪᠣᠳᠤᠯ ᠳᠦᠷᠦᠭᠡᠤᠨ ᠬᠣᠢ᠌ᠰᠢ ᠪᠠᠨ ᠣᠬᠤᠷᠢᠨ ᠵᠤᠯᠠᠵᠠᠢ (ᠲ᠋ᠤᠳᠠᠭᠠᠵᠠᠢ)᠃ ᠳᠡᠭᠡᠭᠦ ᠳ᠋ᠤᠨᠢ ᠭᠠᠯᠳᠠᠨ ᠬᠣᠢ᠌ᠰᠢ ᠡᠷᠭᠢᠵᠤ ᠳᠡᠭᠦᠨ ᠢ ᠭᠦᠭᠡᠭᠡᠵᠤ ᠴᠠᠪᠴᠢᠨ ᠠᠯᠠᠭᠠᠤᠨ ᠪᠣᠴᠠᠵᠤ ᠬᠤᠳᠤᠩ ᠬᠠᠭᠠᠨ ᠤ ᠬᠠᠳᠤᠨ ᠳ᠋ᠤᠨᠢ ᠭᠦᠷᠴᠤ 《ᠨᠠᠮᠠᠶ᠋ᠢ ᠠᠯᠠᠬᠤ ᠭᠡᠵᠤ ᠶᠠᠪᠣᠭᠰᠠᠨ ᠡᠪᠦᠭᠡᠨ ᠢ ᠴᠢᠨᠢ ᠪᠢ ᠠᠯᠠᠴᠢᠬᠠᠯ᠎ᠠ᠂ ᠣᠳᠤ ᠪᠢ ᠭᠡᠦᠭᠡᠨ ᠢ ᠠᠪᠴᠤ ᠶᠠᠪᠣᠨ᠎ᠠ》 ᠭᠡᠵᠤ ᠭᠡᠯᠡᠵᠤ ᠭᠡᠨ᠎ᠡ᠃ ᠬᠠᠳᠤᠨ ᠨᠢ ᠢᠳᠡᠭᠡᠭᠦ ᠦᠭᠡᠶ ᠪᠠᠷ 《ᠰᠢᠳᠦᠯᠡᠭᠡᠤᠨ ᠦᠭᠡᠶ ᠰᠢᠷᠭ᠎ᠠ ᠮᠤᠷᠢ ᠲᠡᠶ᠂ ᠰᠢᠷᠪᠤᠰᠦᠯᠡᠭᠡᠤᠨ ᠦᠭᠡᠶ ᠭᠠᠯᠳᠠᠨ ᠭᠦᠪᠠᠭᠦᠨ ᠳᠤ ᠬᠠᠭᠠᠨ ᠮᠢᠨᠢ ᠥᠭᠦᠳᠡᠭ᠌ ᠭᠦᠮᠤᠨ ᠪᠢᠰᠢ ᠪᠢᠯᠠ》 ᠭᠡᠤᠨ ᠡᠴᠡᠷᠡᠯᠳᠦᠭᠡᠤᠨ ᠪᠠᠢ᠌ᠵᠤ ᠭᠡᠨ᠎ᠡ᠃ ᠳᠡᠭᠡᠭᠡᠤᠨ ᠬᠤᠳᠤᠩ ᠬᠠᠭᠠᠨ ᠤ ᠠᠯᠳᠠᠨ ᠳᠤᠭᠤᠷᠴᠠᠭ ᠢ ᠨᠢ ᠥᠵᠡᠭᠦᠯᠦᠭ᠍ᠰᠡᠨ ᠳᠤ ᠰᠠᠶᠢ ᠢᠳᠡᠭᠡᠵᠤ᠄ 《ᠵᠠ ᠪᠣᠯᠵᠠᠢ᠃ ᠭᠤᠮᠤᠳᠠᠯ ᠶᠢᠡᠨ ᠪᠢ ᠴᠢᠮᠠᠳᠤ ᠭᠡᠯᠡᠭᠡᠤᠨ ᠶᠠᠭᠠᠭᠢᠬᠤ ᠪᠢᠯᠠ︖ ᠠᠯᠢ ᠭᠠᠷ ᠶᠢᠡᠨ ᠨᠠᠭᠠᠰᠢ ᠥᠭ᠌᠂ ᠡᠨᠡ ᠣᠳᠠᠰᠤ ᠪᠠᠷ ᠴᠢᠨᠤ ᠬᠤᠶᠠᠷ ᠡᠷᠡᠭᠡᠢ ᠬᠤᠷᠤᠭᠤ ᠶᠢ ᠣᠷᠢᠶᠠᠵᠤ ᠪᠣᠭᠤᠶᠠ᠃ ᠴᠢ ᠳᠡᠭᠦᠨ ᠢ ᠳᠠᠰᠤᠯᠵᠤ ᠴᠢᠳᠠᠪᠠᠯ ᠭᠡᠦᠭᠡᠨ ᠢ ᠮᠢᠨᠢ ᠠᠪᠣᠭᠠᠤᠨ ᠶᠠᠪᠣ》 ᠬᠡᠵᠤ ᠭᠡᠯᠡᠪᠡ ᠭᠡᠨ᠎ᠡ᠃ ᠭᠠᠯᠳᠠᠨ 《ᠪᠣᠯᠤᠨ᠎ᠠ》 ᠭᠡᠵᠤ ᠬᠤᠶᠠᠷ ᠡᠷᠡᠭᠡᠢ ᠬᠤᠷᠤᠭᠤ ᠪᠠᠨ ᠪᠣᠭᠤᠯᠭᠠᠭᠠᠤᠨ᠂ ᠨᠢᠭᠡ ᠳᠠᠳᠠᠭᠠᠤᠨ ᠳᠠᠰᠤᠯᠠᠵᠤ ᠴᠢᠳᠠᠭᠰᠠᠨ ᠦᠭᠡᠶ᠂ ᠬᠤᠶᠠᠷ ᠳᠠᠳᠠᠭᠠᠤᠨ ᠪᠠᠰᠠ ᠳᠠᠰᠤᠯᠵᠤ ᠴᠢᠳᠠᠭᠰᠠᠨ ᠦᠭᠡᠶ᠂ ᠭᠤᠷᠪᠠ ᠳᠠᠳᠠᠬᠤ ᠭᠡᠳᠡᠯ᠎ᠡ ᠬᠠᠵᠠᠭᠤ ᠡᠴᠠ ᠨᠢ ᠰᠠᠶᠢᠭᠢ ᠡᠪᠦᠭᠡᠨ ᠭᠠᠷᠴᠤ ᠢᠷᠡᠭᠡᠤᠨ 《ᠭᠦᠪᠠᠭᠦᠨ ᠭᠦᠯᠢᠯᠴᠡᠭᠡᠤᠨ ᠨᠠᠭᠠᠤᠠᠬᠤ ᠳᠤ᠂ ᠭᠦᠭ᠍ᠰᠢᠳ ᠨᠢ ᠪᠦᠯᠢᠯᠴᠡᠭᠡᠤᠨ ᠨᠠᠭᠠᠤᠠᠳᠠᠭ ᠶᠤᠮ》 ᠭᠡᠵᠤ ᠭᠡᠯᠡᠭᠡᠤᠨ ᠳᠠᠰᠢᠶᠠᠨ ᠳᠠᠭᠠᠨ ᠪᠠᠢ᠌ᠭᠰᠠᠨ ᠭᠢᠳᠤᠭ᠎ᠠ ᠪᠠᠨ ᠠᠪᠴᠤ ᠳᠠᠷᠠ ᠣᠳᠠᠰᠤ ᠶᠢ ᠨᠢ ᠳᠠᠰᠤ ᠭᠡᠷᠴᠢᠪᠡ ᠭᠡᠨ᠎ᠡ᠃ ᠳᠡᠭᠡᠭᠦ ᠳᠤ ᠬᠤᠳᠤᠩ ᠬᠠᠭᠠᠨ ᠤ ᠬᠠᠳᠤᠨ 《ᠣᠳᠤ ᠠᠷᠭ᠎ᠠ ᠦᠭᠡᠶ᠂ ᠴᠢ ᠪᠣᠯ ᠳᠡᠭ᠍ᠷᠢ ᠶᠢᠨ ᠰᠦᠨᠠᠰᠤᠳᠠᠢ ᠭᠦᠮᠤᠨ ᠪᠠᠢ᠌ᠵᠠᠢ᠃ ᠡᠴᠢᠭᠡ ᠨᠢ ᠴᠢᠮ᠎ᠠ ᠳᠤ ᠦᠰᠢᠶ᠎ᠠ ᠲᠡᠶ ᠪᠣᠯᠪᠠᠴᠤ ᠭᠡᠦᠭᠡᠨ ᠨᠢ ᠴᠢᠮ᠎ᠠ ᠳᠤ ᠵᠠᠶᠠᠭᠠᠳᠠᠢ ᠳᠦᠷᠦᠭ᠍ᠰᠡᠨ ᠪᠠᠢ᠌ᠵᠠᠢ》 ᠭᠡᠵᠤ ᠭᠡᠯᠡᠭᠡᠤᠨ ᠭᠡᠦᠭᠡᠨ ᠶᠢᠡᠨ ᠥᠭ᠍ᠴᠤ ᠭᠡᠨ᠎ᠡ᠃
ᠭᠠᠯᠳᠠᠨ ᠢᠩᠭᠢᠵᠤ ᠬᠠᠷ᠎ᠠ ᠰᠠᠨᠠᠭᠰᠠᠨ ᠬᠠᠭᠠᠨ ᠶᠢᠡᠨ ᠵᠠᠯᠠᠵᠤ ᠨᠤᠳᠤᠭ ᠲᠠᠭᠠᠨ ᠪᠣᠴᠠᠵᠤ ᠢᠷᠡᠭᠡᠤᠨ᠂ ᠪᠠᠷᠠᠭᠤᠨ ᠬᠣᠢ᠌ᠳᠤ ᠳᠢᠪ ᠢ ᠳᠦᠪᠰᠢᠯᠠᠨ ᠡᠵᠡᠯᠡᠵᠤ ᠰᠠᠭᠤᠬᠤ ᠳᠤ᠂ ᠠᠯᠳᠠᠷ ᠨᠠᠷᠠ ᠨᠢ ᠳᠡᠭ᠍ᠷᠢ ᠶᠢᠨ ᠳᠤᠤᠷ᠎ᠠ ᠳᠦᠭᠡᠵᠤ ᠭᠡᠨ᠎ᠡ᠃ ᠳᠡᠭᠡᠭᠦ ᠳᠤ ᠭᠢᠳᠠᠤᠨ ᠤᠨ ᠬᠠᠭᠠᠨ ᠤ ᠠᠳᠠᠭ᠎ᠠ ᠠᠭᠤᠷ ᠭᠦᠷᠴᠤ᠂ ᠭᠠᠯᠳᠠᠨ ᠢ ᠶᠠᠭᠠᠭᠢᠵᠤ ᠳᠠᠷᠤᠶ᠎ᠠ︖ ᠭᠡᠵᠢᠶ᠎ᠡ ᠳᠠᠷᠤᠶ᠎ᠠ ᠭᠡᠵᠤ ᠵᠠᠷ ᠵᠡᠪᠰᠡᠭ᠌ ᠶᠢᠡᠨ ᠬᠤᠷᠴᠠᠯᠠᠨ᠂ ᠴᠡᠷᠢᠭ᠌ ᠮᠤᠷᠢ ᠪᠠᠨ ᠪᠣᠯᠪᠠᠰᠤᠷᠠᠭᠤᠯᠵᠤ ᠪᠠᠢ᠌ᠪᠠ ᠭᠡᠨ᠎ᠡ᠃
ᠵᠠ᠂ ᠣᠨ ᠣᠳᠠᠭᠠᠨ ᠪᠣᠯᠵᠤ ᠭᠡᠨ᠎ᠡ᠃ ᠭᠠᠯᠳᠠᠨ ᠤ ᠬᠠᠳᠤᠨ ᠡᠴᠠ ᠭᠦᠤ ᠡᠰᠡ ᠲᠦᠷᠦᠵᠤ ᠭᠡᠨ᠎ᠡ᠃ ᠭᠠᠯᠳᠠᠨ ᠭᠦᠤ ᠳᠦᠷᠦᠭᠦ ᠶᠢ ᠳᠤᠩ ᠶᠡᠭᠡ ᠭᠦᠰᠡᠵᠤ᠂ ᠠᠷᠭ᠎ᠠ ᠰᠤᠷᠠᠭᠯᠠᠳᠠᠭ ᠪᠠᠢ᠌ᠪᠠ᠃ ᠡᠭᠦᠨ ᠢ ᠰᠤᠨᠤᠰᠤᠭᠠᠤᠨ ᠭᠢᠳᠠᠤᠨ ᠤᠨ ᠬᠠᠭᠠᠨ ᠨᠢᠭᠡ ᠠᠷᠭ᠎ᠠ ᠭᠠᠷᠭᠠᠵᠤ ᠭᠡᠨᠡᠳᠲᠡ ᠶᠡᠭᠡ ᠴᠡᠷᠢᠭ᠌ ᠳᠤᠮᠢᠯᠠᠨ ᠭᠠᠯᠳᠠᠨ ᠢ ᠳᠤᠪᠳᠤᠯᠵᠤ ᠭᠡᠨ᠎ᠡ᠃ ᠳᠡᠭᠡᠭᠦ ᠳᠡᠭᠡᠨ ᠳᠤᠮᠢᠯᠠᠭᠰᠠᠨ ᠶᠡᠭᠡ ᠴᠡᠷᠢᠭ᠌ ᠲᠡᠭᠡᠨ ᠦᠪᠡᠷ ᠤᠨ ᠭᠤᠷᠪᠠᠨ ᠨᠠᠰᠤᠳᠠᠢ ᠭᠦᠤ ᠪᠠᠨ ᠥᠭ᠍ᠴᠤ 《ᠳᠠᠨᠤᠰ ᠡᠨᠡ ᠣᠳᠠᠭ᠎ᠠ ᠭᠠᠯᠳᠠᠨ ᠢ ᠠᠯᠠᠵᠤ ᠴᠢᠳᠠᠪᠠᠯ ᠠᠯᠠ᠂ ᠪᠠᠷᠢᠵᠤ ᠴᠢᠳᠠᠪᠠᠯ ᠨᠠᠩ ᠰᠠᠢ᠌ᠨ᠃ ᠪᠠᠷᠢᠵᠤ ᠴᠤ ᠴᠢᠳᠠᠬᠤ ᠦᠭᠡᠶ᠂ ᠠᠯᠠᠵᠤ ᠴᠤ ᠴᠢᠳᠠᠬᠤ ᠢᠯᠠᠭᠳᠠᠬᠤ ᠳᠤ ᠭᠦᠷᠪᠠᠯ ᠡᠨᠡ ᠭᠦᠪᠠᠭᠦᠨ ᠢ ᠭᠡᠢ ᠲᠡᠶ ᠮᠠᠯ ᠤᠨ ᠭᠦᠵᠡᠭᠡᠨ ᠳᠤᠳᠤᠷ᠎ᠠ ᠭᠢᠭᠡᠤᠨ ᠭᠠᠯᠳᠠᠨ ᠣᠯᠵᠤ ᠠᠪᠬᠤ ᠭᠠᠵᠠᠷ ᠬᠠᠶᠠᠵᠤ ᠣᠷᠭᠢᠭᠠᠤᠨ ᠢᠷ᠎ᠠ》 ᠭᠡᠵᠤ ᠵᠠᠭᠢᠭᠠᠤᠨ ᠮᠤᠷᠳᠠᠭᠤᠯᠵᠠᠢ᠃
ᠡᠨᠡ ᠦᠶ᠎ᠡ ᠳᠤ ᠭᠠᠯᠳᠠᠨ ᠳᠦᠯᠭᠡᠴᠢ ᠶᠢ ᠵᠠᠯᠠᠵᠤ ᠢᠷᠡᠭᠡᠤᠨ ᠳᠦᠯᠭᠡ ᠳᠠᠯᠪᠢᠭᠤᠯᠵᠤ ᠥᠵᠡᠭᠦ ᠳᠤ 《ᠥ ᠳᠠᠢ᠌ᠰᠤᠨ ᠴᠤ ᠰᠥᠷᠡᠭᠡᠢ ᠭᠦᠴᠦᠳᠡᠢ ᠳᠠᠢ᠌ᠰᠤᠨ ᠢᠷᠠᠵᠤ ᠪᠠᠢ᠌ᠨ᠎ᠠ᠃ ᠭᠡᠪᠴᠤ ᠳᠠᠨ ᠳᠤ ᠬᠠᠷᠢᠭᠤ ᠭᠢᠵᠤ ᠴᠢᠳᠠᠬᠤ ᠦᠭᠡᠶ᠂ ᠪᠠᠯᠩ ᠶᠢᠡᠨ ᠬᠠᠢ᠌ᠷᠠᠯᠠᠭᠠᠤᠨ ᠪᠣᠴᠠᠬᠤ ᠶᠤᠮ ᠪᠠᠢ᠌ᠨ᠎ᠠ》 ᠭᠡᠵᠤ ᠳᠦᠯᠭᠡᠴᠢ ᠭᠡᠯᠡᠵᠤ ᠥᠭ᠍ᠴᠤ ᠭᠡᠨ᠎ᠡ᠃ ᠳᠡᠭᠡᠭᠡᠤᠨ ᠭᠠᠯᠳᠠᠨ ᠮᠤᠷᠢ ᠪᠠᠨ ᠡᠭᠦᠳᠡᠨ ᠳᠡᠭᠡᠷ᠎ᠡ ᠪᠠᠨ ᠴᠢᠳᠤᠷᠯᠠᠵᠤ ᠣᠶᠠᠭᠠᠤᠨ ᠭᠡᠷ ᠲᠡᠭᠡᠨ ᠣᠷᠤᠵᠤ ᠣᠠᠳᠠᠵᠤ ᠭᠡᠨ᠎ᠡ᠃ ᠣᠳᠠᠭᠰᠠᠨ ᠦᠭᠡᠶ ᠬᠠᠷᠠᠭᠤᠯ ᠤᠳ ᠠᠷᠤ ᠠᠷᠤ ᠡᠴᠠ ᠪᠠᠨ ᠢᠷᠠᠵᠤ 《ᠳᠠᠢ᠌ᠰᠤᠨ ᠢᠷᠠᠪᠠ》 ᠭᠡᠵᠤ ᠮᠡᠳᠡᠭᠦᠯᠵᠡᠢ᠃ ᠭᠠᠯᠳᠠᠨ ᠡᠰᠡ ᠮᠡᠳᠡᠭ᠍ᠰᠡᠨ ᠰᠢᠭ᠌ ᠳᠤᠯᠤᠭᠠᠢ ᠪᠠᠨ ᠪᠣᠭᠤᠭᠠᠤᠨ ᠣᠠᠳᠠᠭᠠᠤᠨ ᠪᠠᠢ᠌ᠵᠤ ᠭᠡᠨ᠎ᠡ᠃ ᠳᠡᠭᠡᠵᠤ ᠳᠡᠭᠡᠵᠤ ᠪᠦᠷ ᠡᠰᠡ ᠪᠣᠯᠬᠤ ᠳᠠᠭᠠᠨ ᠨᠢᠭᠡ ᠬᠠᠷᠠᠭᠤᠯ ᠨᠢ ᠢᠷᠠᠵᠤ ᠳᠠᠳᠠᠵᠤ ᠲᠦᠯᠬᠢᠨ ᠥᠡᠳᠡᠢ᠌ᠯᠭᠡᠵᠤ 《ᠳᠠᠢ᠌ᠰᠤᠨ ᠨᠢᠭᠡᠨᠲᠡ ᠢᠷᠠᠵᠤ ᠥᠷᠭᠦᠭᠡ ᠶᠢ ᠪᠦᠰᠡᠯᠡᠪᠡ》 ᠭᠡᠵᠤ ᠮᠡᠳᠡᠭᠦᠯᠭᠦ ᠳᠤ ᠭᠠᠯᠳᠠᠨ ᠰᠠᠶᠢ ᠫᠣᠤ ᠰᠤᠮᠤ ᠪᠠᠨ ᠠᠪᠣᠭᠠᠤᠨ ᠭᠠᠷᠴᠤ ᠭᠡᠨ᠎ᠡ᠃ ᠡᠨᠡ ᠦᠶ᠎ᠡ ᠳᠤ ᠨᠢᠭᠡᠨᠲᠡ ᠶᠠᠭᠠᠭᠢᠬᠤ ᠴᠤ ᠠᠷᠭ᠎ᠠ ᠦᠭᠡᠶ ᠪᠦᠰᠡᠯᠡᠭ᠍ᠳᠡᠭ᠍ᠰᠡᠨ ᠪᠣᠯᠬᠤᠷ ᠣᠳᠤ ᠡᠮᠤᠨ᠎ᠡ ᠡᠴᠠ ᠨᠢ ᠴᠡᠷᠢᠭ᠌ ᠭᠦᠳᠡᠯᠭᠡᠵᠤ ᠳᠠᠢ᠌ᠯᠠᠯᠳᠤᠭᠠᠳ ᠴᠤ ᠢᠯᠠᠭᠳᠠᠬᠤ ᠡᠴᠠ ᠥᠭᠡᠷ᠎ᠡ ᠠᠷᠭ᠎ᠠ ᠦᠭᠡᠶ ᠪᠠᠢ᠌ᠳᠠᠯ ᠳᠤ ᠭᠦᠷᠦᠭ᠍ᠰᠡᠨ ᠪᠠᠢ᠌ᠪᠠ ᠭᠡᠨ᠎ᠡ᠃ ᠢᠩᠭᠢᠭᠡᠤᠨ ᠭᠠᠯᠳᠠᠨ ᠭᠡᠳᠡᠷᠭᠦ ᠴᠤᠬᠤᠷᠠᠨ ᠭᠡᠷ ᠲᠡᠭᠡᠨ ᠣᠷᠤᠭᠠᠤᠨ ᠬᠠᠳᠤᠨ ᠳᠠᠭᠠᠨ 《ᠪᠢ ᠡᠰᠡ ᠢᠷᠠᠪᠠᠯ ᠲᠦᠷᠦ ᠪᠠᠨ ᠡᠴᠢᠭᠡ ᠬᠠᠭᠠᠨ ᠳᠤ ᠮᠡᠳᠡᠭᠦᠯᠵᠤ᠂ ᠭᠡᠷ ᠶᠢᠡᠨ ᠴᠢ ᠮᠠᠳᠠ》 ᠭᠡᠵᠤ ᠵᠠᠭᠢᠭᠠᠤᠨ ᠮᠠᠯᠠᠭᠠᠢ ᠪᠠᠨ ᠠᠪᠴᠤ ᠬᠣᠢ᠌ᠮᠤᠷ ᠤᠨ ᠠᠪᠳᠠᠷ᠎ᠠ ᠳᠡᠭᠡᠷ᠎ᠡ ᠪᠠᠨ ᠳᠠᠯᠪᠢᠵᠤ᠂ ᠫᠣᠤ ᠰᠤᠮᠤ ᠪᠠᠨ ᠪᠠᠷᠠᠭᠠᠨ ᠳᠡᠭᠡᠷ᠎ᠡ ᠪᠠᠨ ᠠᠪᠴᠤ ᠳᠠᠯᠪᠢᠵᠤ ᠣᠷᠭᠢᠭᠠᠤᠨ ᠭᠠᠷᠴᠤ ᠡᠭᠦᠳᠡᠨ ᠳᠡᠭᠡᠷᠡᠭᠢ ᠮᠤᠷᠢᠨ ᠤ ᠪᠠᠨ ᠴᠢᠳᠤᠷ ᠢ ᠠᠪᠴᠤ ᠳᠤᠯᠤᠭᠠᠢ ᠨᠢᠴᠦᠭᠦᠨ ᠮᠤᠷᠳᠠᠭᠠᠤᠨ ᠭᠢᠳᠠᠤᠨ ᠤᠨ ᠴᠡᠷᠢᠭ᠌ ᠤᠨ ᠡᠮᠤᠨ᠎ᠡ ᠡᠴᠠ ᠳᠤᠰᠴᠤ ᠭᠦᠶᠦᠯᠭᠡᠵᠤ ᠭᠡᠨ᠎ᠡ᠃ ᠳᠡᠭᠡᠭᠦ ᠳᠤ ᠭᠢᠳᠠᠤᠨ ᠤᠨ ᠴᠡᠷᠢᠭ᠌ ᠤᠳ 《ᠳᠡᠭ᠍ᠷᠢ ᠶᠢᠨ ᠳᠤᠤᠷ᠎ᠠ ᠨᠠᠷᠠ ᠠᠯᠳᠠᠷ ᠶᠢᠡᠨ ᠰᠠᠴᠤᠭᠰᠠᠨ ᠡᠢ᠌ᠮᠤ ᠶᠡᠭᠡ ᠪᠠᠭᠠᠳᠤᠷ ᠮᠦᠨ ᠭᠡᠴᠢᠭᠡᠭᠡᠤᠨ᠂ ᠴᠡᠷᠢᠭ᠌ ᠶᠢᠡᠨ ᠨᠢᠭᠤᠵᠤ ᠳᠠᠩ ᠪᠠᠶ᠎ᠠ ᠪᠠᠷ ᠠᠶᠤᠮᠰᠢᠭ ᠦᠭᠡᠶ ᠳᠤᠰᠴᠤ ᠢᠷᠠᠵᠤ ᠪᠠᠢ᠌ᠨ᠎ᠠ᠃ ᠪᠢᠳᠠᠨ ᠭᠠᠯᠳᠠᠨ ᠳᠤ ᠪᠠᠷᠢᠭᠳᠠᠵᠤ ᠭᠢᠳᠤᠭᠳᠠᠬᠤ ᠡᠴᠠ ᠬᠣᠢ᠌ᠰᠢ ᠪᠠᠨ ᠳᠤᠳᠠᠭᠠᠭᠰᠠᠨ ᠨᠢ ᠳᠡᠭᠡᠷ᠎ᠡ ᠪᠣᠢ᠂ ᠬᠠᠭᠠᠨ ᠪᠢᠳᠠᠨ ᠢ ᠵᠠᠪᠠᠯ ᠠᠯᠠ ᠪᠠᠷᠢ ᠭᠡᠰᠡᠨ ᠴᠤ ᠪᠢᠰᠢ ᠳ᠋ᠠ》 ᠭᠡᠵᠤ ᠵᠥᠪᠳᠡᠭᠡᠤᠨ ᠭᠠᠭᠴᠠ ᠰᠤᠮᠤ ᠬᠠᠷᠪᠣᠯ ᠦᠭᠡᠶ ᠪᠠᠷ ᠬᠣᠢ᠌ᠰᠢ ᠪᠠᠨ ᠳᠤᠳᠠᠭᠠᠵᠤ ᠶᠠᠪᠣᠪᠠ ᠭᠡᠨ᠎ᠡ᠃ ᠰᠠᠠᠳᠤᠷᠤᠨ ᠳᠤᠳᠠᠭᠠᠬᠤ ᠳᠠᠭᠠᠨ ᠰᠠᠶᠢᠭᠢ ᠭᠤᠷᠪᠠᠨ ᠨᠠᠰᠤᠳᠠᠢ ᠭᠦᠪᠠᠭᠦᠨ ᠢ ᠭᠡᠢ ᠲᠡᠶ ᠭᠦᠵᠡᠭᠡᠨ ᠳᠤ ᠭᠢᠵᠤ ᠠᠮᠵᠢᠭᠰᠠᠨ ᠦᠭᠡᠶ᠂ ᠵᠥᠭᠡᠷ ᠬᠠᠶᠠᠵᠤ ᠣᠷᠭᠢᠭᠠᠤᠨ ᠶᠠᠪᠣᠵᠤ ᠭᠡᠨ᠎ᠡ᠃
ᠭᠠᠯᠳᠠᠨ ᠳᠠᠷᠠ ᠭᠤᠷᠪᠠᠨ ᠨᠠᠰᠤᠳᠠᠢ ᠭᠦᠪᠠᠭᠦᠨ ᠢ ᠣᠯᠵᠤ ᠠᠪᠣᠭᠠᠤᠨ ᠰᠠᠷᠠᠮᠵᠢ ᠲᠦᠷᠦᠵᠤ《ᠡᠭᠦᠨ ᠳᠤ ᠯᠠᠪ ᠨᠢᠭᠡ ᠣᠴᠢᠷ ᠪᠣᠢ᠂ ᠡᠨᠡ ᠮᠠᠭᠤ ᠭᠢᠳᠠᠤᠨ ᠤᠨ ᠵᠤᠯᠵᠠᠭ᠎ᠠ ᠶᠢ ᠠᠯᠠᠶ᠎ᠠ》 ᠭᠡᠤᠨ ᠰᠠᠯᠠᠮ᠎ᠠ ᠪᠠᠨ ᠰᠤᠭᠤᠯᠬᠤ ᠭᠡᠭᠦ ᠳᠤ ᠰᠠᠯᠠᠮ᠎ᠠ ᠨᠢ ᠦᠭᠡᠶ ᠭᠡᠨ᠎ᠡ᠃ ᠰᠠᠯᠠᠮ᠎ᠠ ᠫᠣᠤ ᠪᠠᠨ ᠠᠪᠣᠭᠰᠠᠨ ᠦᠭᠡᠶ ᠪᠠᠨ ᠰᠠᠶᠢ ᠪᠣᠳᠤᠵᠤ᠂ ᠭᠦᠪᠠᠭᠦᠨ ᠢ ᠭᠡᠷ ᠲᠡᠭᠡᠨ ᠠᠪᠴᠢᠷᠠᠵᠤ ᠭᠡᠨ᠎ᠡ᠃ ᠡᠭᠦᠨ ᠢ ᠠᠯᠠᠴᠢᠬᠠᠶ᠎ᠠ ᠭᠡᠤᠨ ᠰᠠᠯᠠᠮ᠎ᠠ ᠪᠠᠨ ᠠᠪᠬᠤ ᠳᠤ ᠬᠠᠳᠤᠨ ᠨᠢ ᠳᠠᠷᠠ ᠭᠦᠭᠡᠷᠦᠭᠦᠨ ᠭᠦᠪᠠᠭᠦᠨ ᠢ ᠥᠵᠡᠭᠡᠤᠨ ᠭᠠᠯᠳᠠᠨ ᠤ ᠭᠦᠤ ᠭᠦᠰᠡᠭᠡᠤᠨ ᠪᠠᠢ᠌ᠳᠠᠭ ᠢ ᠰᠠᠨᠠᠵᠤ 《ᠭᠦᠮᠤᠨ ᠤ ᠦᠷ᠎ᠡ ᠪᠠᠢ᠌ᠨ᠎ᠠ᠂ ᠭᠢᠳᠠᠤᠨ ᠮᠤᠩᠭ᠋ᠤᠯ ᠭᠡᠭᠦ ᠶᠠᠭᠤ ᠪᠠᠢ᠌ᠬᠤ ᠪᠣᠢ︖ ᠴᠢ ᠠᠰᠠᠷᠠᠵᠤ ᠳᠡᠵᠢᠭᠡᠨ ᠨᠤᠮᠳᠠᠵᠤ ᠰᠤᠷᠭᠠᠭᠠᠤᠨ ᠭᠦᠮᠤᠨ ᠪᠣᠯᠭᠠᠴᠢᠬᠠᠪᠠᠯ ᠳᠠᠷᠠ ᠮᠦᠨ ᠴᠢᠨᠤ ᠦᠷ᠎ᠡ ᠪᠣᠯᠴᠢᠬᠠᠬᠤ ᠪᠢᠰᠢ ᠊ᠤᠤ》 ᠭᠡᠵᠤ ᠬᠤᠷᠢᠭᠯᠠᠭᠠᠤᠨ ᠠᠯᠠᠭᠤᠯᠤᠭᠰᠠᠨ ᠦᠭᠡᠶ ᠪᠠᠢ᠌ᠪᠠ᠃ 《ᠥᠨᠡᠭᠡᠷ ᠴᠤ ᠳᠠᠢ᠌ᠮᠤ ᠪᠢᠰᠢ ᠤᠤ》 ᠭᠡᠵᠤ ᠪᠣᠳᠤᠭᠠᠤᠨ ᠭᠠᠯᠳᠠᠨ ᠳᠡᠭᠦᠨ ᠢ ᠠᠯᠠᠭᠰᠠᠨ ᠦᠭᠡᠶ᠂ ᠦᠷᠠᠴᠢᠯᠠᠨ ᠳᠡᠵᠢᠭᠡᠵᠤ ᠭᠦᠤ ᠪᠠᠨ ᠪᠣᠯᠭᠠᠭᠰᠠᠨ ᠭᠡᠨ᠎ᠡ᠃
ᠡᠭᠦᠨ ᠡᠴᠠ ᠬᠣᠢ᠌ᠰᠢ ᠪᠠᠨ ᠡᠩᠭᠡ ᠳᠠᠢ᠌ᠪᠣᠩ ᠭᠡᠳᠤᠨ ᠵᠢᠯ ᠪᠣᠯᠵᠠᠢ᠃ ᠭᠠᠯᠳᠠᠨ 《ᠠᠭᠳᠠ ᠶᠢᠨ ᠪᠣᠢ ᠳᠡᠭᠡᠷ᠎ᠡ ᠭᠠᠵᠠᠷ ᠥᠵᠡᠳᠡᠭ᠌᠂ ᠡᠴᠢᠭᠡ ᠶᠢᠨ ᠪᠣᠢ ᠳᠡᠭᠡᠷ᠎ᠡ ᠡᠷᠳᠡᠮ ᠨᠤᠮ ᠰᠤᠷᠳᠠᠭ ᠲᠦᠷᠦ ᠮᠢᠨᠢ ᠳᠦᠰᠢᠭ᠌ ᠲᠡᠶ᠃ ᠲᠦᠮᠡᠨ ᠮᠢᠨᠢ ᠳᠦᠷᠦᠭᠦᠤ ᠲᠡᠶ᠂ ᠬᠠᠷ᠎ᠠ ᠪᠠᠶ᠎ᠠ ᠮᠢᠨᠢ ᠬᠠᠳᠠ ᠠᠭᠤᠯᠠ ᠰᠢᠭ ᠬᠠᠭᠠᠨ ᠡᠴᠢᠭᠡ ᠶᠢᠨ ᠲᠦᠰᠢᠶ᠎ᠠ ᠲᠡᠶ ᠪᠠᠢ᠌ᠬᠤ ᠳᠤ ᠪᠢ ᠶᠠᠪᠣᠵᠤ ᠨᠤᠮ ᠰᠤᠷᠤᠨ᠎ᠠ》 ᠭᠡᠵᠤ ᠭᠡᠯᠡᠭᠡᠤᠨ ᠪᠠᠷᠠᠭᠤᠨ ᠵᠤᠤ ᠳᠤ ᠶᠠᠪᠣᠵᠤ ᠭᠡᠨ᠎ᠡ᠃ ᠪᠠᠷᠠᠭᠤᠨ ᠵᠤᠤ ᠳᠤ ᠭᠦᠷᠦᠭᠡᠤᠨ ᠨᠢᠭᠡ ᠪᠠᠭᠰᠢ ᠯᠠᠮᠠ ᠳᠤ ᠮᠥᠷᠭᠦᠵᠤ ᠨᠤᠮ ᠴᠡᠭᠡᠵᠢᠯᠡᠪᠡ᠃ ᠨᠤᠮ ᠴᠡᠭᠡᠵᠢᠯᠡᠭᠦ ᠳᠤ ᠬᠤᠷᠴᠠ ᠣᠬᠠᠭᠠᠨ ᠰᠠᠴᠠᠨ ᠰᠡᠷᠭᠦᠯᠡᠩ ᠬᠤᠤᠰ ᠦᠭᠡᠶ ᠳᠤᠯᠠ 《ᠪᠣᠱᠤᠭᠳᠤ》 ᠭᠡᠰᠡᠨ ᠴᠤᠯᠠ ᠱᠠᠩᠨᠠᠵᠤ ᠭᠡᠨ᠎ᠡ᠃ ᠭᠠᠯᠳᠠᠨ ᠪᠣᠱᠤᠭᠳᠤ ᠢᠩᠭᠢᠭᠡᠤᠨ ᠪᠠᠷᠠᠭᠤᠨ ᠵᠤᠤ ᠳᠤ ᠨᠤᠮ ᠰᠤᠷᠤᠭᠠᠤᠨ ᠰᠠᠭᠤᠵᠤ ᠪᠠᠢ᠌ᠬᠤ ᠳᠤ ᠬᠠᠭᠠᠨ ᠡᠴᠢᠭᠡ ᠨᠢ ᠪᠣᠷᠬᠠᠨ ᠪᠣᠯᠵᠤ ᠭᠡᠨ᠎ᠡ᠃ ᠳᠡᠭᠡᠭᠦ ᠳᠤ ᠬᠠᠳᠤᠨ ᠨᠢ ᠭᠠᠯᠳᠠᠨ ᠤ ᠨᠤᠮ ᠰᠤᠷᠬᠤ ᠶᠢ ᠬᠠᠭᠠᠰ ᠵᠠᠮ ᠡᠴᠠ ᠪᠣᠴᠠᠭᠠᠬᠤ ᠦᠭᠡᠶ ᠭᠡᠵᠤ ᠭᠢᠴᠢᠶᠠᠨ᠂ ᠪᠠᠶ᠎ᠠ ᠪᠠᠷ ᠲᠦᠷᠦ ᠪᠠᠷᠢᠨ ᠰᠠᠭᠤᠪᠠ᠃ ᠨᠥᠭᠦᠭᠡ ᠠᠰᠠᠷᠠᠭᠰᠠᠨ ᠭᠦᠪᠠᠭᠦᠨ ᠨᠢ ᠠᠷᠪᠠᠨ ᠳᠠᠪᠣ ᠭᠦᠷᠴᠤ᠂ ᠴᠡᠷᠢᠭ᠌ ᠤᠨ ᠡᠷᠳᠡᠮ ᠢ ᠬᠠᠴᠢᠨ ᠱᠠᠯᠠᠮᠭᠠᠢ ᠰᠤᠷᠴᠤ᠂ ᠴᠡᠷᠢᠭ᠌ ᠳᠠᠢ᠌ᠨ ᠳᠤ ᠣᠷᠤᠯᠴᠠᠬᠤ ᠪᠣᠯᠵᠤ ᠭᠡᠨ᠎ᠡ᠃ ᠳᠠᠷᠠ ᠴᠠᠭ ᠲᠤ ᠪᠣᠯᠪᠠᠯ ᠭᠢᠳᠠᠤᠨ ᠤᠨ ᠣᠳᠠᠭ᠎ᠠ ᠳᠠᠷᠠᠭ᠎ᠠ ᠪᠠᠷ ᠴᠡᠷᠢᠭ᠌ ᠳᠠᠢ᠌ᠴᠢᠯᠠᠨ ᠳᠤᠪᠳᠤᠯᠬᠤ ᠳᠤ ᠬᠠᠳᠤᠨ ᠪᠠᠶ᠎ᠠ ᠪᠠᠷ ᠴᠡᠷᠢᠭ᠌ ᠠᠪᠴᠤ ᠬᠠᠷᠢᠭᠤᠴᠠᠨ ᠳᠤᠯᠤᠯᠳᠤᠵᠤ ᠪᠠᠢ᠌ᠪᠠ᠃ ᠰᠡᠭᠦᠯ ᠰᠡᠭᠦᠯ ᠳᠡᠭᠡᠨ ᠪᠦᠷ ᠪᠣᠯᠬᠤ ᠪᠠᠨ ᠪᠠᠢ᠌ᠵᠤ᠂ ᠠᠷᠠᠤᠨ ᠠᠯᠪᠠᠳᠤ ᠶᠢ ᠨᠢ ᠠᠯᠠᠵᠤ᠂ ᠭᠢᠳᠤᠵᠤ᠂ ᠣᠯᠵᠠᠯᠠᠵᠤ᠂ ᠪᠠᠷᠢᠭᠠᠤᠨ ᠭᠡᠴᠡᠭᠦᠳᠡᠵᠤ ᠢᠷᠡᠭᠦ ᠳᠤ ᠬᠠᠳᠤᠨ ᠪᠠᠶ᠎ᠠ ᠪᠠᠷ ᠨᠢᠭᠡ ᠰᠠᠯᠠᠭ᠎ᠠ ᠴᠡᠷᠢᠭ᠌ ᠠᠪᠴᠤ᠂ ᠠᠰᠠᠷᠠᠮᠠᠯ ᠭᠦᠤ ᠳᠡᠭᠡᠨ ᠨᠢᠭᠡ ᠰᠠᠯᠠᠭ᠎ᠠ ᠴᠡᠷᠢᠭ᠌ ᠦᠭᠭᠦᠭᠡᠤᠨ ᠬᠤᠶᠠᠷ ᠵᠡᠷᠭᠡ ᠮᠤᠷᠳᠠᠵᠤ ᠭᠡᠨ᠎ᠡ᠃ ᠳᠡᠭᠡᠭᠦ ᠳᠤ ᠬᠠᠳᠤᠨ ᠤ ᠳᠠᠭᠠᠭᠤᠯᠤᠭᠰᠠᠨ ᠴᠡᠷᠢᠭ᠌ ᠳᠤᠵᠢ ᠢᠯᠠᠭᠳᠠᠭᠠᠤᠨ ᠪᠠᠢ᠌ᠳᠠᠭ ᠭᠡᠨ᠎ᠡ᠃ ᠬᠠᠳᠤᠨ ᠤ ᠭᠠᠷᠭᠠᠭᠰᠠᠨ ᠠᠷᠭ᠎ᠠ ᠪᠣᠳᠤᠯᠭ᠎ᠠ ᠨᠢ ᠳᠤᠵᠢ ᠳᠠᠢ᠌ᠰᠤᠨ ᠳᠤ ᠮᠡᠳᠡᠭ᠍ᠳᠡᠭᠡᠤᠨ ᠪᠠᠢ᠌ᠵᠤ ᠭᠡᠨ᠎ᠡ᠃ ᠠᠰᠠᠷᠠᠮᠠᠯ ᠭᠦᠤ ᠶᠢᠨ ᠭᠢᠨᠢ ᠳᠠᠭᠠᠭᠤᠯᠤᠭᠰᠠᠨ ᠴᠡᠷᠢᠭ᠌ ᠣᠳᠠᠭ᠎ᠠ ᠪᠦᠷ ᠢᠯᠠᠯᠳᠠ ᠣᠯᠵᠤ ᠳᠠᠢ᠌ᠰᠤᠨ ᠢ ᠪᠣᠴᠠᠭᠠᠭᠠᠤᠨ ᠪᠠᠢ᠌ᠵᠤ ᠭᠡᠨ᠎ᠡ᠃ ᠥᠨᠡ᠊ᠨᠳᠡᠭᠡᠨ ᠶᠠᠭᠠᠭᠢᠪᠠ ᠭᠡᠭᠦ ᠳᠤ ᠳᠠᠷᠠ ᠮᠠᠭᠤ ᠠᠰᠠᠷᠠᠮᠠᠯ ᠭᠢᠳᠠᠤᠨ ᠭᠦᠪᠠᠭᠦᠨ ᠨᠢ ᠨᠢᠭᠤᠴᠠ ᠠᠷᠭ᠎ᠠ ᠪᠠᠷ ᠬᠠᠳᠤᠨ ᠤ ᠪᠠᠢ᠌ᠯᠳᠤᠬᠤ ᠠᠷᠭ᠎ᠠ ᠣᠬᠠᠭᠠᠨ᠂ ᠰᠢ᠌ᠤᠠᠪᠣᠷᠢ ᠶᠢ ᠳᠠᠢ᠌ᠰᠤᠨ ᠳᠤ ᠢᠯᠡᠴᠢᠯᠡᠭᠡᠤᠨ ᠪᠠᠢ᠌ᠳᠠᠭ ᠪᠠᠢ᠌ᠵᠠᠢ᠃ ᠡᠭᠦᠨ ᠢ ᠬᠠᠳᠤᠨ ᠡᠰᠡ ᠮᠠᠳᠠᠵᠤ ᠭᠡᠨ᠎ᠡ᠃ ᠳᠡᠭᠡᠭᠡᠤᠨ ᠪᠦᠷ ᠢᠯᠠᠭᠳᠠᠭᠠᠤᠨ ᠡᠰᠡ ᠪᠣᠯᠬᠤᠯᠠᠷ ᠬᠠᠳᠤᠨ ᠪᠠᠷᠠᠭᠤᠨ ᠵᠤᠤ ᠣᠷᠤᠭᠤ ᠭᠦᠮᠤᠨ ᠳᠤᠮᠢᠯᠠᠵᠤ ᠭᠠᠯᠳᠠᠨ ᠪᠣᠱᠤᠭᠳᠤ ᠳᠤ ᠵᠠᠭᠢᠳᠠᠯ ᠶᠠᠪᠣᠭᠤᠯᠪᠠ᠃ 《ᠠᠷᠠᠤᠨ ᠠᠯᠪᠠᠳᠤ ᠴᠢᠨᠢ᠂ ᠬᠠᠭᠠᠨ ᠲᠦᠷᠦ ᠴᠢᠨᠢ ᠬᠠᠷ᠎ᠠ ᠭᠢᠳᠠᠤᠨ ᠲᠤ ᠡᠵᠡᠯᠡᠭ᠍ᠳᠡᠭᠦ ᠪᠠᠷ ᠪᠠᠢ᠌ᠨ᠎ᠠ᠃ ᠳᠦᠷᠭᠡᠨ ᠢᠷ᠎ᠠ》 ᠭᠡᠵᠡᠢ᠃ ᠳᠠᠷᠠᠭ᠎ᠠ ᠳᠠᠷᠠᠭ᠎ᠠ ᠪᠠᠷ ᠭᠤᠷᠪᠠᠨ ᠣᠳᠠᠭ᠎ᠠ ᠵᠠᠭᠢᠳᠠᠯ ᠪᠢᠴᠢᠭᠦ ᠳᠤ ᠭᠠᠯᠳᠠᠨ ᠭᠦᠷᠦᠭᠡᠤᠨ ᠢᠷᠠᠪᠠ ᠭᠡᠨ᠎ᠡ᠃ ᠭᠠᠯᠳᠠᠨ ᠪᠣᠱᠤᠭᠳᠤ ᠪᠠᠷᠠᠭᠤᠨ ᠵᠤᠤ ᠡᠴᠠ ᠭᠠᠷᠬᠤ ᠦᠶ᠎ᠡ ᠳᠤ ᠪᠠᠭᠰᠢ ᠨᠢ ᠳᠡᠭᠦᠨ ᠳᠤ ᠨᠢᠭᠡ ᠰᠠᠯᠠᠮ᠎ᠠ ᠦᠭᠭᠦᠭᠡᠤᠨ᠄ 《ᠴᠢ ᠬᠠᠷᠢᠵᠤ ᠭᠦᠷᠦᠭᠡᠤᠨ ᠡᠨᠡ ᠰᠠᠯᠠᠮ᠎ᠠ ᠶᠢ ᠬᠠᠷᠠᠵᠤ ᠪᠠᠢ᠌ᠭᠠᠤᠨ ᠳᠠᠢ᠌ᠨ ᠳᠤ ᠮᠤᠷᠳᠠ᠃ ᠡᠨᠡ ᠰᠠᠯᠠᠮ᠎ᠠ ᠡᠳᠦᠷ ᠡᠴᠠ ᠡᠳᠦᠷ ᠬᠤᠢ ᠳᠤᠳᠤᠷ᠎ᠠ ᠡᠴᠠ ᠪᠠᠨ ᠦᠪᠡᠷ ᠶᠢᠡᠨ ᠪᠠᠭ᠎ᠠ ᠪᠠᠭ᠎ᠠ ᠪᠠᠷ ᠰᠤᠭᠤᠷᠠᠵᠤ ᠣᠨᠠᠬᠤ ᠡᠴᠠ ᠡᠮᠤᠨ᠎ᠡ ᠶᠠᠮᠠᠷ ᠶᠠᠭᠤᠮ᠎ᠠ ᠪᠣᠯᠵᠤ ᠠᠯᠠᠭᠳᠠᠬᠤ ᠪᠠᠷ ᠪᠠᠢ᠌ᠭᠠᠤᠨ ᠴᠤ ᠪᠢᠳᠡᠭᠡᠢ ᠭᠦᠳᠡᠯ᠂ ᠪᠢᠳᠡᠭᠡᠢ ᠳᠠᠢ᠌ᠨ ᠳᠤ ᠭᠠᠷ︕》 ᠭᠡᠵᠤ ᠵᠠᠭᠢᠭᠰᠠᠨ ᠪᠠᠢ᠌ᠪᠠ ᠭᠡᠨ᠎ᠡ᠃ ᠬᠠᠷᠢᠵᠤ ᠢᠷᠡᠭᠦ ᠳᠤ ᠶᠠᠭ ᠰᠠᠮᠠᠭᠤᠨ ᠪᠣᠯᠵᠤ ᠠᠯᠠᠯᠳᠤᠭᠠᠨ ᠭᠢᠳᠤᠯᠳᠤᠭᠠᠨ ᠪᠣᠯᠵᠤ ᠪᠠᠢ᠌ᠪᠠ᠃ ᠭᠡᠪᠡᠴᠤ ᠭᠠᠯᠳᠠᠨ ᠪᠣᠱᠤᠭᠳᠤ ᠪᠠᠭᠰᠢ ᠶᠢᠨ ᠶᠢᠡᠨ ᠥᠭᠡ ᠵᠠᠭᠢᠶ᠎ᠠ ᠶᠢ ᠪᠣᠳᠤᠵᠤ ᠳᠠᠢ᠌ᠯᠠᠯᠳᠤᠬᠤ ᠶᠢ ᠶᠠᠭᠠᠷᠠᠭᠰᠠᠨ ᠦᠭᠡᠶ᠃ ᠪᠠᠭᠰᠢ ᠶᠢᠨ ᠶᠢᠡᠨ ᠦᠭᠭᠦᠭ᠍ᠰᠡᠨ ᠰᠠᠯᠠᠮ᠎ᠠ ᠪᠠᠨ ᠳᠠᠯᠪᠢᠭᠠᠤᠨ ᠡᠳᠦᠷ ᠲᠤ ᠴᠡᠷᠢᠭ᠌ ᠶᠢᠡᠨ ᠪᠣᠯᠪᠠᠰᠤᠷᠠᠭᠤᠯᠬᠤ ᠪᠠᠷ ᠶᠠᠪᠣᠴᠢᠬᠠᠳᠠᠭ ᠭᠡᠨ᠎ᠡ᠃ ᠳᠠᠷᠠ ᠰᠠᠯᠠᠮ᠎ᠠ ᠨᠢ ᠵᠤᠤ ᠡᠴᠠ ᠬᠠᠷᠢᠵᠤ ᠢᠷᠡᠭᠦ ᠬᠤᠭᠤᠷᠤᠠᠳᠤ ᠨᠢᠭᠡᠨᠲᠡ ᠬᠠᠭᠠᠰ ᠭᠢᠷᠢᠳᠠᠢ ᠰᠤᠭᠤᠷᠠᠭᠰᠠᠨ ᠪᠠᠢ᠌ᠵᠤ ᠭᠡᠨ᠎ᠡ᠃ ᠭᠠᠯᠳᠠᠨ ᠪᠣᠱᠤᠭᠳᠤ ᠳᠡᠭᠦᠨ ᠶᠢᠡᠨ ᠬᠠᠷᠠᠭᠠᠤᠨ ᠯᠠ ᠴᠡᠷᠢᠭ᠌ ᠭᠦᠳᠡᠯᠭᠡᠭᠦ ᠦᠭᠡᠶ ᠪᠠᠢ᠌ᠬᠤ ᠳᠤ ᠬᠠᠳᠤᠨ ᠨᠢ ᠡᠳᠦᠷ ᠪᠣᠰᠤᠭᠠᠤᠨ ᠯᠠ ᠭᠠᠯᠳᠠᠨ ᠢ ᠶᠠᠭᠠᠷᠠᠭᠤᠯᠵᠤ ᠴᠡᠷᠢᠭ᠌ ᠮᠤᠷᠳᠠᠬᠤ ᠶᠢ ᠱᠠᠭᠠᠷᠳᠠᠳᠠᠭ ᠭᠡᠨ᠎ᠡ᠃ ᠨᠢᠭᠡᠨ ᠡᠳᠦᠷ ᠭᠠᠯᠳᠠᠨ ᠪᠣᠱᠤᠭᠳᠤ ᠴᠡᠷᠢᠭ᠌ ᠶᠢᠡᠨ ᠪᠣᠯᠪᠠᠰᠤᠷᠠᠭᠤᠯᠤᠭᠠᠤᠨ ᠭᠡᠷ ᠲᠡᠭᠡᠨ ᠬᠠᠷᠢᠵᠤ ᠢᠷᠡᠭᠦ ᠳᠤ ᠰᠠᠯᠠᠮ᠎ᠠ ᠨᠢ ᠰᠤᠭᠤᠷᠠᠭᠠᠤᠨ ᠵᠥᠪᠭᠡᠨ ᠳᠤᠷᠭᠠᠨ ᠥᠵᠦᠭᠦᠷ ᠳᠡᠭᠡᠷ᠎ᠡ ᠪᠠᠨ ᠳᠡᠭᠡᠭᠯᠡᠵᠤ ᠪᠠᠢ᠌ᠪᠠ ᠭᠡᠨ᠎ᠡ᠃ ᠳᠡᠭᠡᠭᠦ ᠳᠤ ᠳᠠᠷᠠ ᠮᠤᠷᠢ ᠪᠠᠨ ᠠᠪᠴᠢᠷᠠᠵᠤ ᠡᠭᠦᠳᠡ ᠳᠡᠭᠡᠷ᠎ᠡ ᠪᠠᠨ ᠳᠤᠰᠢᠵᠤ ᠣᠶᠠᠭᠠᠤᠨ ᠳᠤᠯᠤᠭᠠᠢ ᠪᠠᠨ ᠪᠣᠭᠤᠵᠤ ᠣᠠᠳᠠᠪᠠ ᠭᠡᠨ᠎ᠡ᠃ ᠭᠡᠨᠡᠳᠲᠡ ᠮᠤᠷᠢ ᠨᠢ ᠢᠠᠴᠠᠭᠠᠵᠤ ᠳᠡᠪᠭᠡᠴᠡᠭᠡᠤᠨ ᠢᠷᠠᠪᠠ ᠭᠡᠨ᠎ᠡ᠃ ᠬᠠᠳᠤᠨ ᠨᠢ ᠬᠠᠷᠠᠭᠠᠤᠨ ᠬᠠᠯᠢᠶᠠᠬᠤ ᠳᠤ᠂ ᠳᠠᠢ᠌ᠰᠤᠨ ᠤ ᠴᠡᠷᠢᠭ᠌ ᠬᠤᠯᠠ ᠦᠭᠡᠶ ᠳᠤᠭᠤᠰᠤᠷᠠᠨ ᠢᠷᠠᠵᠤ ᠪᠠᠢ᠌ᠨ᠎ᠠ ᠭᠡᠨ᠎ᠡ᠂ ᠬᠠᠳᠤᠨ ᠰᠠᠠᠳᠤᠷᠤᠨ ᠭᠠᠯᠳᠠᠨ ᠪᠣᠱᠤᠭᠳᠤ ᠶᠢ ᠳᠠᠭᠤᠳᠠᠵᠤ ᠮᠡᠳᠡᠭᠦᠯᠭᠦ ᠳᠤ ᠭᠠᠯᠳᠠᠨ ᠪᠣᠱᠤᠭᠳᠤ ᠦᠨᠳᠠᠢ᠌ᠵᠤ ᠢᠷᠡᠭᠡᠤᠨ ᠳᠠᠷᠠ ᠰᠠᠯᠠᠮ᠎ᠠ ᠪᠠᠨ ᠬᠠᠷᠠᠴᠢᠬᠠᠭᠠᠤᠨ ᠯᠠ ᠳᠠᠭᠢᠨ ᠣᠠᠳᠠᠴᠢᠬᠠᠪᠠ᠃ ᠬᠠᠳᠤᠨ ᠰᠠᠠᠳᠤᠷᠴᠤ ᠪᠠᠢ᠌ᠨ ᠪᠠᠢ᠌ᠨ ᠭᠠᠷᠴᠤ ᠬᠠᠯᠢᠶᠠᠭᠠᠤᠨ ᠯᠠ ᠪᠠᠢ᠌ᠨ ᠪᠠᠢ᠌ᠨ ᠭᠠᠯᠳᠠᠨ ᠪᠣᠱᠤᠭᠳᠤ ᠶᠢ ᠳᠠᠭᠤᠳᠠᠬᠤ ᠳᠤ ᠭᠠᠯᠳᠠᠨ ᠪᠣᠱᠤᠭᠳᠤ ᠮᠦᠨ ᠳᠤᠰᠠ ᠦᠭᠡᠶ ᠰᠠᠯᠠᠮ᠎ᠠ ᠪᠠᠨ ᠬᠠᠷᠠᠴᠢᠬᠠᠭᠠᠤᠨ ᠯᠠ ᠣᠠᠳᠠᠭᠠᠤᠨ ᠪᠠᠢ᠌ᠵᠤ ᠭᠡᠨ᠎ᠡ᠃ ᠬᠠᠳᠤᠨ ᠨᠢ ᠰᠠᠠᠳᠤᠷᠤᠭᠠᠤᠨ ᠪᠠᠢ᠌ᠬᠤᠯᠠᠷ 《ᠴᠢ ᠳᠠᠢ᠌ᠰᠤᠨ ᠢ ᠬᠠᠯᠢᠶᠠᠬᠤ ᠭᠡᠷᠡᠭ᠌ ᠦᠭᠡᠶ᠂ ᠳᠠᠷᠠ ᠰᠠᠯᠠᠮ᠎ᠠ ᠶᠢ ᠮᠢᠨᠢ ᠬᠠᠯᠢᠶᠠᠵᠤ ᠪᠠᠢ᠌ᠭᠠᠤᠨ ᠦᠪᠡᠷ ᠶᠢᠡᠨ ᠰᠤᠭᠤᠷᠠᠵᠤ ᠣᠨᠠᠬᠤ ᠳ᠋ᠤᠨᠢ ᠨᠠᠮᠠᠶ᠋ᠢ ᠳᠠᠭᠤᠳᠠ》 ᠭᠡᠵᠤ ᠵᠠᠭᠢᠭᠠᠤᠨ ᠣᠠᠳᠠᠵᠠᠢ᠃
ᠳᠡᠭᠡᠵᠤ ᠪᠠᠢ᠌ᠳᠠᠯ᠎ᠠ ᠳᠠᠢ᠌ᠰᠤᠨ ᠪᠦᠷ ᠪᠦᠰᠡᠯᠡᠭᠡᠤᠨ ᠢᠷᠠᠪᠠ᠃ ᠬᠠᠳᠤᠨ ᠨᠢ ᠪᠦᠷ ᠰᠠᠠᠳᠤᠷᠴᠤ ᠨᠥᠭᠦᠭᠡ ᠰᠠᠯᠠᠮ᠎ᠠ ᠶᠢ ᠨᠢ ᠬᠠᠷᠠᠬᠤ ᠳᠤ ᠰᠤᠭᠤᠷᠠᠭᠠᠤᠨ ᠣᠨᠠᠭ ᠣᠨᠠᠭ ᠭᠡᠵᠤ ᠪᠠᠢ᠌ᠨ᠎ᠠ ᠭᠡᠨ᠎ᠡ᠃ ᠵᠢᠭᠠᠬᠠᠨ ᠭᠦᠯᠢᠶᠡᠭ᠍ᠰᠡᠨ ᠴᠢᠨᠢ ᠪᠠᠰᠠ ᠣᠨᠠᠵᠤ ᠥᠭ᠍ᠳᠡᠭ᠌ ᠦᠭᠡᠶ ᠭᠡᠨ᠎ᠡ᠃ ᠬᠠᠳᠤᠨ ᠪᠦᠷ ᠭᠦᠯᠢᠶᠡᠵᠤ ᠡᠰᠡ ᠳᠡᠰᠭᠦ ᠳᠡᠭᠡᠨ ᠦᠪᠡᠷ ᠶᠢᠡᠨ ᠣᠴᠢᠭᠠᠤᠨ ᠰᠠᠯᠠᠮ᠎ᠠ ᠶᠢ ᠨᠢ ᠰᠤᠭᠤᠯᠵᠤ ᠬᠠᠶᠠᠭᠠᠤᠨ ᠭᠠᠯᠳᠠᠨ ᠪᠣᠱᠤᠭᠳᠤ ᠶᠢ ᠳᠠᠭᠤᠳᠠᠵᠤ ᠰᠠᠯᠠᠮ᠎ᠠ ᠣᠨᠠᠴᠢᠬᠠᠯ᠎ᠠ ᠭᠡᠤᠨ ᠪᠣᠰᠬᠠᠵᠤ ᠭᠡᠨ᠎ᠡ᠃ ᠳᠡᠭᠡᠭᠦ ᠳᠤ ᠭᠠᠯᠳᠠᠨ ᠪᠣᠱᠤᠭᠳᠤ ᠪᠣᠰᠴᠤ ᠴᠡᠷᠢᠭ᠌ ᠶᠢᠡᠨ ᠳᠠᠢ᠌ᠴᠢᠯᠠᠨ ᠭᠤᠷᠪᠠᠨ ᠵᠠᠮ ᠬᠤᠪᠢᠶᠠᠵᠤ᠂ ᠬᠠᠳᠤᠨ ᠳᠠᠭᠠᠨ ᠨᠢᠭᠡ ᠵᠠᠮ ᠤᠨ ᠴᠡᠷᠢᠭ᠌ ᠶᠢᠡᠨ ᠥᠭ᠍ᠴᠤ᠂ ᠠᠰᠠᠷᠠᠮᠠᠯ ᠭᠦᠤ ᠳᠡᠭᠡᠨ ᠨᠢᠭᠡ ᠵᠠᠮ ᠤᠨ ᠴᠡᠷᠢᠭ᠌ ᠶᠢᠡᠨ ᠦᠭᠭᠦᠭᠡᠤᠨ᠂ ᠦᠪᠡᠷ ᠶᠢᠡᠨ ᠨᠢᠭᠡ ᠵᠠᠮ ᠤᠨ ᠴᠡᠷᠢᠭ᠌ ᠶᠢᠡᠨ ᠠᠪᠴᠤ ᠳᠠᠢ᠌ᠰᠤᠨ ᠲᠡᠶ ᠪᠠᠢ᠌ᠯᠳᠤᠵᠤ ᠭᠡᠨ᠎ᠡ᠃ ᠪᠠᠢ᠌ᠯᠳᠤᠭᠠᠤᠨ ᠢᠯᠠᠬᠤ ᠴᠤ ᠦᠭᠡᠶ᠂ ᠢᠯᠠᠭᠳᠠᠬᠤ ᠴᠤ ᠦᠭᠡᠶ ᠳᠠᠩᠴᠠᠵᠤ ᠪᠠᠢ᠌ᠳᠠᠯ᠎ᠠ ᠠᠰᠠᠷᠠᠮᠠᠯ ᠭᠦᠤ ᠨᠢ ᠪᠠᠢ᠌ᠯᠳᠤᠭᠠᠤᠨ ᠳᠠᠢ᠌ᠰᠤᠨ ᠤ ᠳᠠᠯ᠎ᠠ ᠳᠤ ᠨᠠᠢ᠌ᠷ ᠳᠠᠯᠪᠢᠭᠠᠤᠨ ᠪᠠᠢ᠌ᠬᠤ ᠨᠢ ᠳᠠᠢ᠌ᠨ ᠤ ᠥᠷᠭᠦᠯᠵᠢᠯᠡᠯ ᠳᠤᠮᠳᠠ ᠭᠠᠯᠳᠠᠨ ᠪᠣᠱᠤᠭᠳᠤ ᠳᠤ ᠰᠡᠷᠡᠭ᠍ᠳᠡᠵᠤ ᠭᠡᠨ᠎ᠡ᠃ ᠳᠡᠭᠡᠭᠡᠤᠨ ᠭᠠᠯᠳᠠᠨ ᠪᠣᠱᠤᠭᠳᠤ ᠠᠷᠭ᠎ᠠ ᠪᠠᠨ ᠬᠤᠪᠢᠷᠠᠭᠤᠯᠵᠤ ᠪᠠᠢ᠌ᠯᠳᠤᠭᠠᠤᠨ ᠳᠠᠢ᠌ᠰᠤᠨ ᠢ ᠢᠯᠠᠵᠤ ᠪᠣᠴᠠᠭᠠᠭᠠᠤᠨ ᠴᠡᠷᠢᠭ᠌ ᠶᠢᠡᠨ ᠬᠤᠷᠢᠶᠠᠬᠤ ᠭᠡᠭᠦ ᠳᠤ ᠠᠰᠠᠷᠠᠮᠠᠯ ᠭᠦᠤ ᠨᠢ ᠠᠪᠣ ᠳᠠᠭᠠᠨ ᠰᠡᠷᠡᠭ᠍ᠳᠡᠭ᠍ᠰᠡᠨ ᠶᠢᠡᠨ ᠮᠡᠳᠡᠭᠡᠤᠨ ᠳᠤᠳᠠᠭᠠᠪᠠ᠃ ᠭᠠᠯᠳᠠᠨ ᠪᠣᠱᠤᠭᠳᠤ ᠠᠷᠤ ᠡᠴᠠ ᠨᠢ ᠭᠦᠭᠡᠭᠡᠭᠦ ᠳᠡᠭᠡᠨ ᠳᠦᠯᠭᠡᠴᠢ ᠪᠠᠷ ᠳᠦᠯᠭᠡ ᠥᠵᠡᠭᠦᠯᠦᠭ᠍ᠰᠡᠨ ᠳᠤ ᠠᠰᠠᠷᠠᠮᠠᠯ ᠭᠦᠤ ᠨᠢ ᠬᠠᠮᠤᠭ ᠬᠤᠷᠳᠤᠨ ᠪᠣᠷᠤ ᠮᠤᠷᠢ ᠶᠢ ᠣᠨᠤᠭᠠᠤᠨ ᠳᠤᠳᠠᠭᠠᠵᠤ ᠪᠠᠢ᠌ᠨ᠎ᠠ᠃ ᠣᠳᠤ ᠵᠥᠪᠭᠡᠨ ᠳᠠᠷᠠ ᠪᠣᠷᠤ ᠮᠤᠷᠢᠨ ᠤ ᠡᠭᠡ ᠪᠠᠷ ᠭᠦᠭᠡᠭᠡᠪᠠᠯ ᠭᠦᠢᠴᠭᠦ ᠡᠴᠠ ᠪᠢᠰᠢ ᠣᠠᠳᠤᠤ ᠮᠤᠷᠢ ᠪᠠᠷ ᠭᠦᠭᠡᠭᠡᠭᠡᠤᠨ ᠭᠦᠢᠴᠡᠭᠦ ᠦᠭᠡᠶ ᠶᠤᠮ ᠪᠠᠢ᠌ᠨ᠎ᠠ ᠭᠡᠨ᠎ᠡ᠃ ᠭᠦᠭᠡᠭᠡᠭᠡᠤᠨ ᠭᠦᠭᠡᠭᠡᠭᠡᠤᠨ ᠭᠦᠢᠴᠡᠭᠦ ᠭᠡᠵᠤ ᠪᠠᠢ᠌ᠳᠠᠯ᠎ᠠ ᠳᠠᠷᠠ ᠭᠢᠳᠠᠤᠨ (ᠠᠰᠠᠷᠠᠮᠠᠯ) ᠭᠦᠪᠠᠭᠦᠨ ᠤ ᠬᠠᠵᠠᠭᠤ ᠡᠴᠠ ᠨᠢᠭᠡ ᠰᠠᠬᠠᠯ ᠲᠡᠶ ᠡᠪᠦᠭᠡᠨ ᠪᠣᠰᠴᠤ ᠭᠢᠳᠠᠤᠨ ᠭᠦᠪᠠᠭᠦᠨ ᠳᠤ 《ᠴᠢ ᠳᠠᠷᠠ ᠳᠤᠯᠭ᠎ᠠ ᠶᠢᠨ ᠭᠤᠷᠪᠠᠨ ᠴᠢᠯᠠᠭᠤ ᠪᠠᠨ ᠠᠪᠴᠤ ᠬᠠᠶᠠᠭᠠᠤᠨ ᠳᠤᠳᠠᠭ᠎ᠠ》 ᠭᠡᠵᠤ ᠭᠡᠯᠡᠵᠤ ᠭᠡᠨ᠎ᠡ᠃ ᠡᠨᠡ ᠡᠪᠦᠭᠡᠨ ᠶᠤᠰᠤᠨ ᠳᠠᠭᠠᠨ ᠭᠠᠯᠳᠠᠨ ᠪᠣᠱᠤᠭᠳᠤ ᠳᠤ ᠣᠬᠠᠭ᠎ᠠ ᠵᠢᠭᠠᠬᠤ ᠪᠠᠢ᠌ᠵᠠᠢ᠃ ᠭᠡᠳᠡᠯ᠎ᠡ ᠬᠠᠳᠤᠨ ᠰᠠᠯᠠᠮ᠎ᠠ ᠶᠢ ᠣᠷᠢᠳᠠᠵᠤ ᠰᠤᠭᠤᠯᠤᠭᠰᠠᠨ ᠳᠤᠯᠠ ᠭᠡᠷᠡᠭ᠌ ᠬᠠᠵᠠᠢ᠌ᠵᠤ ᠡᠪᠦᠭᠡᠨ ᠭᠦᠮᠤᠨ ᠡ᠊ᠨᠳᠡᠭᠦᠷᠡᠭ᠍ᠰᠡᠨ ᠭᠡᠳᠡᠭ᠌᠃ ᠭᠢᠳᠠᠤᠨ ᠭᠦᠪᠠᠭᠦᠨ ᠣᠬᠠᠭᠠᠨ ᠢ ᠨᠢ ᠮᠡᠳᠡᠭᠦ ᠦᠭᠡᠶ 《ᠳᠤᠯᠭ᠎ᠠ ᠶᠢᠨ ᠭᠤᠷᠪᠠᠨ ᠴᠢᠯᠠᠭᠤ ᠭᠡᠳᠡᠭ᠌ ᠴᠢᠨᠢ ᠶᠠᠭᠤ ᠪᠣᠢ》 ᠭᠡᠵᠤ ᠯᠠᠪᠯᠠᠬᠤ ᠳᠤ ᠰᠠᠬᠠᠯ ᠲᠡᠶ ᠡᠪᠦᠭᠡᠨ 《ᠴᠢ ᠭᠡᠳᠡ ᠳᠡᠭᠡᠨ ᠭᠤᠷᠪᠠᠨ ᠴᠠᠭᠢᠭᠤᠷ ᠴᠢᠯᠠᠭᠤ ᠠᠪᠴᠤ ᠪᠠᠢ᠌ᠭ᠎ᠠ ᠪᠢᠰᠢ ᠦᠦ ᠨᠢᠭᠡ ᠶᠢ ᠨᠢ ᠠᠪᠴᠤ ᠬᠠᠶᠠᠭᠠᠤᠨ ᠳᠤᠳᠠᠭ᠎ᠠ》 ᠭᠡᠵᠡᠢ᠃ ᠳᠡᠭᠡᠭᠡᠤᠨ ᠭᠢᠳᠠᠤᠨ ᠭᠦᠪᠡᠭᠦᠨ ᠨᠢᠭᠡ ᠴᠠᠭᠢᠭᠤᠷ ᠴᠢᠯᠠᠭᠤ ᠪᠠᠨ ᠠᠪᠴᠤ ᠬᠠᠶᠠᠭᠠᠤᠨ ᠳᠤᠲᠠᠭᠠᠬᠤ ᠳ᠋ᠤᠨᠢ ᠭᠦᠢᠴᠡᠵᠤ ᠴᠢᠳᠠᠭᠰᠠᠨ ᠦᠭᠡᠶ ᠣᠷᠭᠢᠵᠤ ᠭᠡᠨ᠎ᠡ᠃ ᠮᠠᠨ ᠤ ᠮᠤᠩᠭ᠋ᠤᠯ ᠭᠦᠮᠤᠨ ᠭᠡᠳᠡ ᠳᠡᠭᠡᠨ ᠭᠤᠷᠪᠠᠨ ᠴᠠᠭᠢᠭᠤᠷ ᠠᠪᠴᠤ ᠶᠠᠪᠣᠳᠠᠭ ᠦᠭᠡᠶ ᠭᠡᠳᠡᠭ᠌ ᠵᠠᠩᠰᠢᠯ ᠡᠭᠦᠨ ᠡᠴᠠ ᠪᠣᠯᠤᠭᠰᠠᠨ ᠶᠤᠮ ᠭᠡᠨ᠎ᠡ᠃ ᠳᠠᠷᠠ ᠭᠢᠳᠠᠤᠨ ᠭᠦᠪᠠᠭᠦᠨ ᠨᠢ ᠭᠡᠰᠡᠭ᠌ ᠴᠡᠷᠢᠭ᠌ ᠶᠢᠡᠨ ᠳᠠᠭᠠᠭᠤᠯᠤᠨ ᠳᠤᠳᠠᠭᠠᠭᠠᠤᠨ ᠬᠠᠯᠬ᠎ᠠ ᠳᠤ ᠭᠦᠷᠴᠤ᠂ ᠬᠠᠯᠬ᠎ᠠ ᠶᠢᠨ ᠴᠡᠷᠢᠭ᠌ ᠲᠤ ᠣᠴᠠᠷᠠᠭᠠᠤᠨ ᠪᠠᠢ᠌ᠳᠤᠯᠵᠤ ᠢᠯᠠᠭᠳᠠᠵᠤ ᠭᠡᠨ᠎ᠡ᠃ ᠪᠠᠢ᠌ᠭᠰᠠᠨ ᠴᠡᠷᠢᠭ᠌ ᠶᠢᠡᠨ ᠭᠢᠳᠤᠭᠤᠯᠤᠭᠠᠤᠨ ᠭᠠᠭᠴᠠᠭᠠᠷ ᠦᠯᠠᠳᠠᠵᠤ ᠶᠡᠭᠡ ᠡᠪᠠᠰᠦᠨ ᠳᠤᠳᠤᠷ᠎ᠠ ᠰᠢᠷᠭᠤᠵᠤ ᠨᠢᠭᠤᠭᠳᠠᠭᠠᠤᠨ ᠭᠡᠪᠳᠡᠵᠤ ᠪᠠᠢ᠌ᠪᠠ ᠭᠡᠨ᠎ᠡ᠃ ᠭᠠᠯᠳᠠᠨ ᠪᠣᠱᠤᠭᠳᠤ ᠠᠷᠤ ᠡᠴᠠ ᠨᠢ ᠴᠡᠷᠢᠭ᠌ ᠠᠪᠴᠤ ᠭᠦᠭᠡᠭᠡᠭᠡᠤᠨ ᠬᠠᠯᠬ᠎ᠠ ᠳᠤ ᠢᠷᠠᠵᠤ ᠭᠢᠳᠠᠤᠨ ᠭᠦᠪᠠᠭᠦᠨ ᠬᠠᠯᠬ᠎ᠠ ᠶᠢᠨ ᠴᠡᠷᠢᠭ᠌ ᠲᠤ ᠢᠯᠠᠭᠳᠠᠵᠤ ᠳᠠᠭᠤᠰᠤᠯ᠎ᠠ ᠭᠡᠰᠡᠨ ᠢ ᠰᠤᠨᠤᠰᠤᠭᠠᠤᠨ᠂ ᠳᠠᠠᠳᠠ ᠪᠠᠨ ᠪᠠᠭᠤᠳᠠᠯᠯᠠᠵᠤ᠂ ᠬᠤᠨᠤᠵᠤ ᠠᠮᠠᠷᠠᠭᠠᠤᠨ ᠪᠣᠴᠠᠬᠤ ᠪᠣᠯᠵᠠᠢ᠃
ᠰᠦᠨᠢ ᠣᠷᠤᠢ ᠪᠠᠭᠤᠳᠠᠯᠯᠠᠵᠤ᠂ ᠬᠠᠷᠠᠩᠭ᠋ᠤᠢ ᠳᠤ ᠭᠡᠷ ᠮᠠᠢ᠌ᠬᠠᠨ ᠶᠢᠡᠨ ᠪᠠᠷᠢᠵᠤ ᠳᠦᠪᠭᠢᠨᠡᠭᠦ ᠳᠡᠭᠡᠨ ᠶᠠᠭ ᠳᠠᠷᠠ ᠭᠢᠳᠠᠤᠨ ᠭᠦᠪᠠᠭᠦᠨ ᠨᠢᠭᠤᠭᠳᠠᠵᠤ ᠭᠡᠪᠳᠡᠵᠤ ᠪᠠᠢ᠌ᠭᠰᠠᠨ ᠡᠪᠠᠰᠤᠨ ᠳᠡᠭᠡᠷ᠎ᠡ ᠫᠣᠤ ᠰᠤᠮᠤᠨ ᠤ ᠪᠠᠨ ᠭᠡᠷ ᠢ ᠪᠠᠷᠢᠵᠤ ᠭᠢᠳᠠᠤᠨ ᠭᠦᠤ ᠳᠡᠭᠡᠷ᠎ᠡ ᠡᠴᠠ ᠫᠣᠤ ᠰᠤᠮᠤ ᠪᠠᠨ ᠬᠤᠷᠢᠶᠠᠵᠤ ᠣᠷᠭᠢᠵᠤ ᠭᠡᠨ᠎ᠡ᠃ ᠰᠤᠢ᠌ ᠴᠡᠷᠢᠭ᠌ ᠤᠳ ᠨᠢ ᠰᠠᠢ᠌ᠬᠠᠨ ᠵᠡᠷᠭᠡᠴᠡᠵᠤ ᠣᠠᠳᠠᠭᠠᠤᠨ ᠨᠢᠭᠡ ᠵᠠᠬ᠎ᠠ ᠡᠴᠠ ᠨᠢ ᠡᠭᠡᠯᠵᠢᠯᠡᠵᠤ ᠬᠠᠷᠠᠭᠤᠯ ᠳᠤ ᠭᠠᠷᠳᠠᠭ ᠪᠠᠢ᠌ᠵᠠᠢ᠃ ᠳᠡᠭᠡᠭᠦ ᠳᠤ ᠰᠠᠶᠢᠭᠢ ᠭᠦᠪᠠᠭᠦᠨ ᠪᠣᠰᠴᠤ ᠨᠢᠭᠡ ᠬᠠᠷᠠᠭᠤᠯ ᠤᠨ ᠭᠢᠨᠢ ᠣᠷᠤ ᠳᠡᠭᠡᠷ᠎ᠡ ᠭᠡᠪᠳᠡᠵᠤ ᠪᠠᠢ᠌ᠭᠠᠤᠨ ᠬᠠᠷᠠᠭᠤᠯ ᠤᠨ ᠡᠭᠡᠯᠵᠢ ᠪᠣᠯᠬᠤ ᠳᠤ ᠳᠠᠷᠠ ᠬᠠᠷᠠᠭᠤᠯ ᠨᠢ ᠳᠠᠨᠢᠯ ᠦᠭᠡᠶ ᠪᠠᠷ ᠡᠭᠡᠯᠵᠢ ᠪᠠᠨ ᠰᠠᠶᠢᠭᠢ ᠭᠢᠳᠠᠤᠨ ᠭᠦᠪᠠᠭᠦᠨ ᠳᠤ ᠳᠤᠰᠢᠶᠠᠴᠢᠬᠠᠵᠠᠢ᠃ ᠳᠡᠭᠡᠭᠡᠤᠨ ᠳᠠᠷᠠ ᠭᠢᠳᠠᠤᠨ ᠭᠦᠪᠠᠭᠦᠨ ᠪᠣᠰᠴᠤ ᠠᠮᠢᠳᠠᠨ ᠤ ᠣᠠᠳᠠᠭ᠎ᠠ ᠳᠤ ᠭᠡᠳᠡᠵᠤ ᠭᠦᠷᠦᠭᠡᠤᠨ ᠭᠠᠯᠳᠠᠨ ᠢ ᠬᠠᠷᠪᠣᠭᠠᠤᠨ ᠣᠷᠭᠢᠵᠤ ᠭᠡᠨ᠎ᠡ᠃ ᠭᠠᠯᠳᠠᠨ ᠪᠣᠰᠴᠤ ᠰᠠᠭᠤᠭᠠᠤᠨ 《ᠴᠢ ᠭᠡᠨ ᠪᠣᠢ》 ᠭᠡᠭᠦ ᠳᠤ ᠠᠰᠠᠷᠠᠮᠠᠯ ᠭᠦᠤ ᠨᠢ 《ᠪᠢ ᠪᠠᠢ᠌ᠨ᠎ᠠ》 ᠭᠡᠵᠤ ᠳᠤᠤᠭᠠᠷᠴᠤ ᠭᠡᠨ᠎ᠡ᠃ ᠭᠠᠯᠳᠠᠨ ᠳᠠᠨᠢᠭᠠᠤᠨ 《ᠵᠠ ᠴᠢ ᠮᠠᠭᠤ ᠭᠢᠳᠠᠤᠨ ᠭᠦᠪᠠᠭᠦᠨ ᠪᠠᠢ᠌ᠨ᠎ᠠ ᠦᠦ︖ ᠪᠢ ᠴᠢᠮᠢ᠋ᠢ ᠴᠢᠰᠤ ᠪᠠᠷ ᠪᠢᠰᠢ ᠦᠰᠦ (ᠰᠥ᠋) ᠪᠠᠷ ᠳᠡᠵᠢᠭᠡᠵᠤ ᠭᠦᠮᠤᠨ ᠪᠣᠯᠭᠠᠯ᠎ᠠ᠂ ᠡᠨᠡ ᠦᠷᠢ ᠶᠢ ᠴᠢᠮ᠎ᠠ ᠡᠴᠠ ᠪᠢ ᠨᠡᠭᠡᠳᠡᠭ᠌ ᠨᠢ ᠪᠢᠰᠢ᠂ ᠴᠢ ᠮᠢᠨᠤ ᠵᠢᠷᠦᠭᠡ ᠶᠢ ᠰᠤᠭᠤᠯᠤᠭᠠᠤᠨ ᠢᠷ᠎ᠠ》 ᠭᠡᠵᠤ ᠭᠡᠨ᠎ᠡ᠃ ᠭᠢᠳᠠᠤᠨ ᠭᠦᠪᠠᠭᠦᠨ ᠭᠠᠯᠳᠠᠨ ᠪᠣᠱᠤᠭᠳᠤ ᠶᠢᠨ ᠵᠢᠷᠦᠭᠡ ᠶᠢ ᠰᠤᠭᠤᠯᠤᠭᠠᠤᠨ ᠢᠷᠠᠵᠤ ᠭᠡᠨ᠎ᠡ᠃ 《ᠵᠢᠷᠦᠭᠡ ᠶᠢ ᠮᠢᠨᠢ ᠬᠤᠶᠠᠷ ᠠᠩᠭᠢᠯᠠ》 ᠭᠡᠵᠤ ᠭᠡᠨ᠎ᠡ᠃ ᠠᠩᠭᠢᠯᠠᠵᠤ ᠭᠡᠨ᠎ᠡ᠃ ᠭᠠᠯᠳᠠᠨ ᠪᠣᠱᠤᠭᠳᠤ ᠬᠣᠢ᠌ᠰᠢ ᠪᠠᠨ ᠳᠦᠰᠢᠭᠡᠤᠨ 《ᠵᠠ ᠴᠢ ᠨᠠᠮᠠᠶ᠋ᠢ ᠠᠯᠴᠢᠬᠠᠭᠠᠤᠨ ᠵᠢᠷᠦᠭᠡᠨ ᠤ ᠥᠵᠦᠭᠦᠷ ᠪᠠᠶ᠎ᠠ ᠶᠢ ᠮᠢᠨᠤ ᠠᠮᠠᠨ ᠳᠤ ᠳᠠᠯᠪᠢᠵᠤ᠂ ᠳᠤᠯᠳᠤ ᠪᠠᠶ᠎ᠠ ᠶᠢ ᠨᠢ ᠦᠪᠡᠷ ᠶᠢᠡᠨ ᠵᠠᠯᠭᠢ》 ᠭᠡᠵᠤ ᠭᠡᠯᠡᠵᠤ ᠭᠡᠨ᠎ᠡ᠃ ᠭᠢᠳᠠᠤᠨ ᠭᠦᠪᠠᠭᠦᠨ ᠭᠠᠯᠳᠠᠨ ᠪᠣᠱᠤᠭᠳᠤ ᠶᠢ ᠠᠯᠠᠭᠠᠤᠨ 《ᠡᠨᠡ ᠨᠠᠳᠠ ᠵᠢᠷᠦᠭᠡᠨ ᠤ ᠳᠤᠯᠳᠤ ᠪᠠᠶ᠎ᠠ ᠶᠢ ᠢᠳᠡᠭᠦᠯᠳᠡᠭ᠌ ᠯᠠᠪ ᠰᠠᠢ᠌ᠨ ᠪᠢᠰᠢ᠂ ᠬᠠᠷ᠎ᠠ ᠰᠠᠨᠠᠭᠰᠠᠨ ᠪᠠᠢ᠌ᠬᠤ》 ᠭᠡᠵᠤ ᠪᠣᠳᠤᠭᠠᠤᠨ ᠭᠠᠯᠳᠠᠨ ᠪᠣᠱᠤᠭᠳᠤ ᠶᠢᠨ ᠭᠡᠯᠡᠭ᠍ᠰᠡᠨ ᠤ ᠶᠠᠭ ᠡᠰᠡᠷᠭᠦᠤ ᠪᠠᠷ ᠵᠢᠷᠦᠭᠡᠨ ᠤ ᠭᠢᠨᠢ ᠳᠤᠯᠳᠤ ᠶᠢ ᠪᠠᠶ᠎ᠠ ᠳ᠋ᠤᠨᠢ ᠵᠠᠭᠤᠯᠠᠭᠠᠭᠠᠤᠨ᠂ ᠦᠪᠡᠷ ᠶᠢᠡᠨ ᠥᠵᠦᠭᠦᠷ ᠪᠠᠶ᠎ᠠ ᠶᠢ ᠨᠢ ᠢᠳᠡᠴᠢᠭᠡᠵᠤ ᠭᠡᠨ᠎ᠡ᠃ ᠢᠩᠭᠢᠭ᠍ᠰᠡᠨ ᠡᠴᠠ ᠬᠣᠢ᠌ᠰᠢ 《ᠮᠤᠩᠭ᠋ᠤᠯ ᠭᠦᠮᠤᠨ ᠤ ᠣᠬᠠᠭᠠᠨ ᠬᠣᠢ᠌ᠨ᠎ᠠ ᠪᠠᠨ》 ᠭᠡᠳᠡᠭ᠌ ᠥᠭᠡ ᠭᠠᠷᠤᠭᠰᠠᠨ ᠭᠡᠳᠡᠭ᠌᠃ ᠭᠡᠷᠪᠡ ᠳᠠᠷᠠ ᠵᠢᠷᠦᠭᠡᠨ ᠤ ᠥᠵᠦᠭᠦᠷ ᠪᠠᠶ᠎ᠠ ᠶᠢ ᠭᠠᠯᠳᠠᠨ ᠪᠣᠱᠤᠭᠳᠤ ᠶᠢᠨ ᠠᠮᠠᠨ ᠳᠤ ᠭᠢᠭ᠍ᠰᠡᠨ ᠪᠣᠯ ᠮᠤᠩᠭ᠋ᠤᠯ ᠭᠦᠮᠤᠨ ᠤ ᠣᠬᠠᠭᠠᠨ ᠥᠵᠦᠭᠦᠷ ᠪᠣᠯᠵᠤ᠂ ᠳᠠᠷᠠ ᠣᠳᠠᠭ᠎ᠠ ᠶᠢᠨ ᠮᠤᠩᠭ᠋ᠤᠯ ᠤᠨ ᠳᠠᠢ᠌ᠨ ᠢᠯᠠᠯᠳᠠ ᠣᠯᠬᠤ ᠪᠠᠢ᠌ᠭᠰᠠᠨ ᠶᠤᠮ ᠭᠡᠳᠡᠭ᠌᠃ ᠳᠠᠷᠠ ᠭᠢᠳᠠᠤᠨ ᠭᠦᠪᠠᠭᠦᠨ ᠭᠠᠯᠳᠠᠨ ᠪᠣᠱᠤᠭᠳᠤ ᠶᠢ ᠵᠥᠪᠭᠡᠨ ᠠᠯᠠᠭᠠᠤᠨ ᠣᠷᠭᠢᠭᠰᠠᠨ ᠦᠭᠡᠶ᠃ ᠶᠠᠰᠤ ᠮᠢᠬ᠎ᠠ ᠶᠢ ᠨᠢ ᠳᠠᠰᠤᠴᠢᠵᠤ ᠵᠥᠭ᠌ ᠵᠥᠭ᠌ ᠲᠤ ᠬᠠᠶᠠᠭᠰᠠᠨ ᠭᠡᠳᠡᠭ᠌᠃ ᠡᠭᠦᠨ ᠡᠴᠠ ᠪᠣᠯᠵᠤ ᠮᠤᠩᠭ᠋ᠤᠯ ᠪᠣᠳᠠᠷᠠᠵᠤ ᠭᠠᠵᠠᠷ ᠪᠦᠭᠦᠨ ᠳᠤ ᠳᠠᠷᠬᠠᠯᠠ ᠭᠡᠨ᠎ᠡ᠃
ᠡᠨᠡ ᠣᠳᠠᠭ᠎ᠠ ᠭᠠᠯᠳᠠᠨ ᠪᠣᠱᠤᠭᠳᠤ ᠶᠢᠨ ᠴᠡᠷᠢᠭ᠌ ᠢᠯᠠᠭᠳᠠᠵᠤ᠂ ᠭᠠᠯᠳᠠᠨ ᠪᠣᠱᠤᠭᠳᠤ ᠬᠠᠭᠠᠨ ᠥᠭᠦᠭ᠍ᠰᠡᠨ ᠨᠢ ᠬᠤᠶᠠᠷ ᠵᠣᠢ᠌ᠯ ᠪᠣᠷᠤᠭᠤᠳᠠᠭᠰᠠᠨ ᠡᠴᠠ ᠪᠣᠯᠵᠠᠢ᠃ ᠨᠢᠭᠡ ᠨᠢ ᠬᠠᠳᠤᠨ ᠳᠠᠷᠠ ᠰᠠᠯᠠᠮ᠎ᠠ ᠶᠢ ᠰᠤᠭᠤᠷᠠᠬᠤ ᠡᠴᠠ ᠡᠮᠤᠨ᠎ᠡ ᠰᠤᠭᠤᠯᠵᠤ ᠬᠠᠶᠠᠭᠰᠠᠨ ᠪᠣᠷᠤᠭᠤᠳᠠᠵᠤ ᠭᠡᠨ᠎ᠡ᠃ ᠨᠥᠭᠦᠭᠡ ᠨᠢ ᠳᠠᠷᠠ ᠭᠢᠳᠠᠤᠨ ᠭᠦᠪᠠᠭᠦᠨ ᠭᠠᠯᠳᠠᠨ ᠪᠣᠱᠤᠭᠳᠤ ᠶᠢᠨ ᠵᠢᠷᠦᠭᠡᠨ ᠤ ᠥᠵᠦᠭᠦᠷ ᠪᠠᠶ᠎ᠠ ᠶᠢ ᠢᠳᠡᠴᠢᠭᠡᠭ᠍ᠰᠡᠨ ᠨᠢ ᠪᠣᠷᠤᠭᠤ ᠪᠣᠯᠤᠭᠰᠠᠨ ᠭᠡᠳᠡᠭ᠌᠃ ᠡᠭᠦᠨ ᠡᠴᠠ ᠬᠣᠢ᠌ᠰᠢ ᠮᠤᠩᠭ᠋ᠤᠯ ᠭᠦᠮᠤᠨ 《ᠡᠮᠡᠭ᠍ᠳᠡᠢ ᠭᠦᠮᠤᠨ ᠤ ᠦᠰᠦ ᠣᠷᠳᠤ ᠪᠣᠯᠪᠠᠴᠤ ᠰᠠᠨᠠᠭ᠎ᠠ ᠣᠬᠤᠷ》 ᠭᠡᠵᠤ ᠭᠡᠯᠡᠳᠡᠭ᠌ ᠪᠣᠯᠵᠤ ᠭᠡᠨ᠎ᠡ᠃
ᠵᠤᠬᠢᠶᠠᠭᠴᠢ ᠶᠢᠨ ᠬᠠᠶᠢᠭ ᠄ ᠧᠡᠩᠭᠢ ᠶᠢᠨ ᠳᠸᠯᠸᠢᠰ ᠬᠤᠷᠢᠶ᠎ᠠ
ᠵᠤᠬᠢᠶᠠᠭᠴᠢ᠄ ᠥᠭᠡᠯᠡᠳ · ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 7478
ᠴᠠᠭ᠄ 2011 ᠤᠨ ᠤ 02 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ