☆ ᠬᠠᠰᠪᠠᠷᠰ ᠳᠡᠮᠳᠡᠭᠯᠡᠪᠡ
ᠬᠠᠳᠠᠮ ᠠᠪᠣ ᠨᠢ ᠪᠠᠷᠢᠶᠠᠤᠨ ᠲᠡᠶ ᠪᠠᠨ ᠣᠬᠠᠭᠠᠨ ᠱᠥᠭᠦᠯᠴᠡᠭ᠍ᠰᠡᠨ
ᠠᠷᠠᠳ ᠤᠨ ᠠᠮᠠᠨ ᠦᠯᠢᠭᠡᠷ
ᠨᠢᠭᠡᠨ ᠭᠦᠮᠤᠨ ᠭᠤᠷᠪᠠᠨ ᠭᠦᠤ ᠲᠡᠶ ᠭᠡᠨ᠎ᠡ᠃ ᠶᠡᠭᠡ ᠬᠤᠶᠠᠷ ᠭᠦᠤ ᠳᠤ ᠪᠠᠨ ᠪᠠᠷᠢ ᠭᠤᠶᠤᠭᠠᠤᠨ ᠪᠠᠢ᠌ᠭᠰᠠᠨ ᠪᠦᠯᠦᠭᠡ᠃ ᠡᠪᠦᠭᠡᠨ ᠦᠷᠭᠦᠯᠵᠢ ᠪᠢᠳᠡᠭᠦᠤ ᠥᠭᠡ ᠶᠠᠷᠢᠵᠤ ᠬᠡᠦᠬᠡᠳ ᠪᠠᠷᠢᠶᠠᠤᠨ ᠲᠡᠶ ᠪᠠᠨ ᠣᠬᠠᠭᠠᠨ ᠱᠥᠭᠦᠯᠴᠡᠳᠡᠭ᠌ ᠪᠠᠢ᠌ᠪᠠ᠃
ᠡᠪᠦᠯ ᠪᠣᠯᠵᠤ ᠠᠵᠢᠯ ᠶᠠᠪᠣᠳᠠᠯ ᠵᠥᠭ᠍ᠰᠢᠷᠡᠭ᠍ᠰᠡᠨ ᠬᠣᠢ᠌ᠨ᠎ᠠ ᠨᠢᠭᠡᠨ ᠡᠳᠦᠷ ᠡᠪᠦᠭᠡᠨ ᠬᠤᠶᠠᠷ ᠪᠠᠷᠢ ᠪᠠᠨ ᠳᠦᠷᠭᠦᠮ ᠳᠤ ᠨᠢ ᠬᠠᠷᠢᠭᠤᠯᠬᠤ ᠪᠠᠷ ᠪᠣᠯᠪᠠ᠃ ᠳᠡᠭᠡᠭᠡᠳ ᠬᠤᠶᠠᠷ ᠪᠠᠷᠢ ᠪᠠᠨ ᠳᠠᠭᠤᠳᠠᠵᠤ᠄ 《ᠳᠠᠨ ᠤ ᠬᠤᠶᠠᠭᠤᠯᠠ ᠦᠨᠦᠳᠤᠷ ᠳᠦᠷᠭᠦᠮ ᠳᠤ ᠪᠠᠨ ᠬᠠᠷᠢ᠃ ᠴᠢ ᠡᠭᠡᠴᠢ ᠪᠣᠯᠤᠭᠰᠠᠨ ᠭᠦᠮᠤᠨ ᠶᠤᠮ ᠴᠢᠨᠢ ᠳᠤᠯᠤᠭ᠎ᠠ ᠬᠤᠨᠤ᠂ ᠴᠢ ᠪᠠᠭ᠎ᠠ ᠶᠤᠮ ᠴᠢᠨᠢ ᠨᠢ᠋ᠮᠠ ᠬᠤᠨᠤ᠂ ᠳᠡᠭᠡᠭᠡᠳ ᠬᠤᠶᠠᠭᠤᠯᠠ ᠪᠠᠨ ᠬᠠᠮᠳᠤ ᠬᠠᠷᠢᠵᠤ ᠢᠷ᠎ᠠ》 ᠭᠡᠵᠤ ᠵᠠᠭᠢᠯ᠎ᠠ᠃
ᠪᠠᠰᠠ ᠬᠤᠶᠠᠷ ᠬᠤᠪᠢ ᠳᠤᠯᠤᠭᠠᠨ ᠳᠤᠬᠤᠢ ᠪᠦᠰ ᠭᠠᠷᠭᠠᠵᠤ ᠵᠢᠭᠠᠬᠠᠨ ᠭᠦᠪᠦᠩ ᠦᠭᠭᠦᠭᠡᠳ᠄ 《ᠳᠠᠨ ᠤ ᠬᠤᠶᠠᠭᠤᠯᠠ ᠭᠦᠮᠤᠨ ᠪᠦᠷᠢ ᠡᠭᠦᠨ ᠶᠢᠡᠷ ᠨᠢᠭᠡ ᠭᠦᠡᠵᠢᠯᠡ᠂ ᠨᠢᠭᠡ ᠫᠠᠮ (ᠭᠦᠪᠦᠩ ᠴᠠᠮᠴᠠ)᠂ ᠨᠢᠭᠡ ᠳᠠᠷᠠ᠂ ᠪᠠᠰᠠ ᠨᠢᠭᠡ ᠠᠯᠴᠢᠭᠤᠷ ᠭᠢᠵᠤ ᠠᠪᠴᠢᠷᠠ》 ᠭᠡᠯᠡ᠃
ᠪᠠᠰᠠ ᠶᠡᠭᠡ ᠪᠠᠷᠢ ᠪᠠᠨ ᠵᠢᠭᠠᠵᠤ᠄ 《ᠳᠠᠨ ᠤ ᠳᠦᠷᠭᠦᠮ ᠤᠨ ᠭᠢᠨᠢ ᠴᠢᠨᠢ ᠦᠷ᠎ᠡ ᠦᠭᠡᠶ ᠠᠯᠢᠮ᠎ᠠ ᠳᠦᠷᠤᠯ᠎ᠠ ᠭᠡᠰᠡᠨ᠂ ᠢᠷᠡᠭᠦ ᠳᠤ ᠪᠠᠨ ᠵᠢᠭᠠᠬᠠᠨ ᠠᠪᠣᠭᠠᠤᠨ ᠢᠷ᠎ᠠ》 ᠭᠡᠯᠡ᠃ ᠪᠠᠭ᠎ᠠ ᠪᠠᠷᠢ ᠪᠠᠨ ᠵᠢᠭᠠᠵᠤ᠄ 《ᠳᠠᠨ ᠤ ᠳᠦᠷᠭᠦᠮ ᠤᠨ ᠭᠢᠨᠢ ᠶᠠᠰᠤ ᠦᠭᠡᠶ ᠴᠢᠪᠠᠭ᠎ᠠ ᠰᠠᠢ᠌ᠨ ᠭᠡᠯᠡ᠂ ᠪᠠᠰᠠ ᠵᠢᠭᠠᠬᠠᠨ ᠠᠪᠣᠭᠠᠤᠨ ᠢᠷ᠎ᠠ》 ᠭᠡᠯᠡ᠃
ᠬᠤᠶᠠᠷ ᠪᠠᠷᠢ ᠳᠦᠷᠭᠦᠮ ᠳᠤ ᠪᠠᠨ ᠬᠠᠷᠢᠨ᠎ᠠ ᠭᠡᠮᠡᠨ ᠪᠠᠶᠠᠷᠯᠠᠭᠰᠠᠨ ᠪᠣᠯᠪᠠᠴᠤ ᠠᠪᠣ ᠶᠢᠨ ᠵᠠᠭᠢᠭᠰᠠᠨ ᠣᠴᠢᠷ ᠤᠨ ᠣᠬᠠᠭᠠᠨ ᠢ ᠨᠢ ᠣᠯᠤᠭᠰᠠᠨ ᠦᠭᠡᠶ ᠲᠤᠢ᠌ᠯ ᠶᠢᠡᠷ ᠰᠡᠳᠭᠢᠯ ᠵᠤᠪᠠᠪᠠ᠃ ᠨᠢᠭᠡ ᠨᠢ ᠳᠤᠯᠤᠭ᠎ᠠ ᠬᠤᠨᠤᠭᠠᠤᠨ ᠨᠢᠭᠡ ᠨᠢ ᠨᠢ᠋ᠮᠠ ᠬᠤᠨᠤᠭᠠᠤᠨ ᠭᠡᠷᠭᠢᠨ ᠬᠠᠮᠳᠤ ᠬᠠᠷᠢᠵᠤ ᠢᠷᠡᠳᠡᠭ᠌ ᠪᠢᠯᠠ ︖ ᠡᠨᠡ ᠵᠢᠭᠠᠬᠠᠨ ᠪᠦᠰ ᠶᠢᠡᠷ ᠡᠢ᠌ᠮᠤ ᠣᠯᠠᠨ ᠵᠣᠢ᠌ᠯ ᠭᠢᠭᠦ ᠪᠠᠢ᠌ᠳᠤᠭᠠᠢ ᠨᠢᠭᠡ ᠭᠦᠡᠵᠢᠯᠡ ᠴᠤ ᠭᠢᠵᠤ ᠭᠦᠢᠴᠡᠭᠦ ᠦᠭᠡᠶ᠂ ᠪᠠᠰᠠ ᠶᠠᠭᠤᠨ ᠤ ᠦᠷ᠎ᠡ ᠦᠭᠡᠶ ᠠᠯᠢᠮ᠎ᠠ ᠭᠡᠳᠡᠯ᠎ᠡ ᠶᠠᠰᠤ ᠦᠭᠡᠶ ᠴᠢᠪᠠᠭ᠎ᠠ ᠭᠡᠳ᠁ ᠬᠤᠶᠠᠭᠤᠯᠠ ᠣᠬᠠᠭᠠᠨ ᠳᠦᠭᠦᠭᠡ ᠶᠢ ᠨᠢ ᠣᠯᠬᠤ ᠦᠭᠡᠶ ᠵᠤᠪᠠᠵᠤ ᠭᠤᠳᠤᠷᠠᠨ ᠣᠭᠢᠯᠠᠵᠤ ᠣᠠᠵᠢᠨ ᠶᠠᠪᠣᠭᠰᠠᠭᠠᠷ ᠠᠢ᠌ᠯ ᠤᠨ ᠶᠢᠡᠨ ᠠᠷᠤ ᠭᠦᠷᠦᠭᠡᠳ ᠨᠤᠭᠤᠭᠠᠨ ᠬᠠᠰᠢᠶᠠᠨ ᠤ ᠵᠢᠭᠠᠬᠠᠨ ᠦᠬᠢᠨ ᠲᠡᠶ ᠣᠴᠠᠷᠠᠪᠠ᠃ ᠦᠬᠢᠨ᠄ 《ᠬᠤᠶᠠᠷ ᠡᠭᠡᠴᠢ ᠶᠠᠭᠤᠨ ᠳᠤ ᠣᠭᠢᠯᠠᠵᠤ ᠶᠠᠪᠣᠮᠤᠢ ︖》 ᠭᠡᠰᠡᠨ ᠳᠤ ᠬᠤᠶᠠᠷ ᠪᠠᠷᠢ ᠠᠪᠣ ᠶᠢᠨ ᠵᠠᠭᠢᠭᠰᠠᠨ ᠶᠠᠷᠰᠢᠭ ᠳᠦᠪᠠᠭ᠌ ᠲᠡᠶ ᠵᠣᠢ᠌ᠯ ᠢ ᠨᠢᠭᠡᠳ ᠨᠢᠭᠡ ᠪᠠᠷ ᠭᠡᠯᠡᠵᠤ ᠥᠭ᠍ᠪᠡ᠃
ᠪᠢᠴᠢᠬᠠᠨ ᠭᠡᠦᠭᠡᠨ ᠰᠤᠨᠤᠰᠤᠭᠠᠤᠨ᠄ 《ᠬᠤᠶᠠᠷ ᠡᠭᠡᠴᠢ ᠪᠢᠳᠡᠭᠡᠢ ᠵᠤᠪᠠ᠂ ᠡᠨᠡ ᠴᠢᠨᠢ ᠠᠮᠠᠷ ᠣᠴᠢᠷ᠃ ᠳᠠᠨ ᠤ ᠬᠤᠶᠠᠭᠤᠯᠠ ᠬᠠᠭᠠᠰ ᠰᠠᠷ᠎ᠠ ᠳᠦᠷᠭᠦᠮ ᠳᠤ ᠪᠠᠨ ᠰᠠᠭᠤᠭᠠᠤᠨ ᠬᠠᠷᠢ᠂ ᠠᠰᠠᠭᠤᠪᠠᠯ ᠣᠷᠢᠳᠠᠪᠠᠷ ᠡᠭᠡᠴᠢ ᠶᠢᠨ ᠳᠤᠯᠤᠭᠠᠨ ᠡᠳᠦᠷ ᠢ ᠬᠤᠨᠤᠯ᠎ᠠ᠂ ᠳᠠᠷᠠᠭ᠎ᠠ ᠨᠢ ᠦᠬᠢᠨ ᠳᠡᠭᠦᠤ ᠶᠢᠨ ᠨᠢ᠋ᠮᠠᠨ ᠡᠳᠦᠷ ᠢ ᠬᠤᠨᠤᠯ᠎ᠠ᠂ ᠳᠡᠭᠡᠭᠡᠳ ᠬᠠᠭᠠᠰ ᠰᠠᠷ᠎ᠠ ᠪᠣᠯᠪᠠ ᠭᠡᠪᠠᠯ ᠪᠣᠯᠴᠢᠬᠠᠬᠤ ᠪᠢᠰᠢᠤ》 ᠭᠡᠯᠡ᠃
ᠬᠤᠶᠠᠭᠤᠯᠠ ᠭᠡᠰᠡᠭ᠌ ᠪᠠᠶᠠᠷᠯᠠᠵᠤ ᠳᠠᠭᠢᠨ ᠡᠨᠡ ᠵᠢᠭᠠᠬᠠᠨ ᠪᠦᠰ ᠶᠢᠡᠷ ᠶᠠᠭᠠᠭᠢᠪᠠᠯ ᠵᠤᠭᠢᠬᠤ ᠶᠢ ᠠᠰᠠᠭᠤᠭᠰᠠᠨ ᠳᠤ ᠪᠢᠴᠢᠬᠠᠨ ᠭᠡᠦᠭᠡᠨ᠄ 《ᠳᠠ ᠬᠤᠶᠠᠷ ᠳᠤᠰ ᠳᠤᠰ ᠨᠢᠭᠡ ᠫᠠᠮ ᠭᠢᠭᠡᠳ ᠠᠪᠣᠭᠠᠤᠨ ᠶᠠᠪᠣ᠃ ᠠᠰᠠᠭᠤᠪᠠᠯ ᠬᠤᠴᠢᠪᠠᠯ ᠭᠦᠡᠵᠢᠯᠡ᠂ ᠡᠮᠦᠰᠪᠠᠯ ᠫᠠᠮ᠂ ᠪᠠᠭᠯᠠᠭᠠᠤᠨ ᠳᠠᠷᠠᠯᠠᠪᠠᠯ ᠳᠠᠷᠠ᠂ ᠡᠩᠭᠡᠷ ᠢ ᠨᠢ ᠴᠢᠩᠭ᠋ᠠᠭᠠᠤᠨ ᠵᠥᠯᠭᠦᠪᠠᠯ ᠠᠯᠴᠢᠭᠤᠷ ᠭᠡᠵᠤ ᠭᠡᠯᠡ》 ᠭᠡᠯᠡ᠃ ᠪᠠᠰᠠ 《ᠳᠠᠨ ᠤ ᠳᠦᠷᠭᠦᠮ ᠤᠨ ᠯᠤᠤᠪᠠᠩ ᠰᠠᠢ᠌ᠨ᠂ ᠦᠷ᠎ᠡ ᠦᠭᠡᠶ ᠠᠯᠢᠮ᠎ᠠ ᠭᠡᠭ᠍ᠴᠢ ᠳᠡᠭᠦᠨ ᠢ ᠭᠡᠯᠡᠨ᠎ᠡ᠃ ᠳᠠᠨ ᠤ ᠳᠦᠷᠭᠦᠮ ᠤᠨ ᠯᠠᠵᠤᠤ ᠰᠠᠢ᠌ᠨ᠂ ᠶᠠᠰᠤ ᠦᠭᠡᠶ ᠴᠢᠪᠠᠭ᠎ᠠ ᠭᠡᠵᠤ ᠯᠠᠵᠤᠤ ᠶᠢ ᠭᠡᠯᠡᠨ᠎ᠡ᠃ ᠬᠠᠷᠢᠬᠤ ᠳᠤ ᠪᠠᠨ ᠠᠪᠣᠭᠠᠤᠨ ᠶᠠᠪᠣ》 ᠭᠡᠯᠡ᠃
ᠬᠤᠶᠠᠭᠤᠯᠠ ᠰᠤᠨᠤᠰᠤᠭᠠᠤᠨ ᠲᠤᠢ᠌ᠯ ᠶᠢᠡᠷ ᠪᠠᠶᠠᠷᠯᠠᠨ ᠳᠦᠷᠭᠦᠮ ᠳᠤ ᠪᠠᠨ ᠬᠠᠭᠠᠰ ᠰᠠᠷ᠎ᠠ ᠰᠡᠳᠭᠢᠯ ᠠᠮᠤᠷ ᠰᠠᠭᠤᠵᠤ ᠠᠪᠣ ᠶᠢᠨ ᠵᠠᠭᠢᠭᠰᠠᠨ ᠢ ᠰᠠᠢ᠌ᠳᠤᠷ ᠪᠠᠶᠡᠯᠡᠭᠦᠯᠵᠤ ᠬᠠᠷᠢᠪᠠ᠃
ᠡᠪᠦᠭᠡᠨ ᠬᠤᠶᠠᠷ ᠪᠠᠷᠢ ᠶᠢᠨ ᠵᠠᠭᠢᠭᠰᠠᠨ ᠪᠦᠭᠦᠨ ᠢ ᠰᠠᠢ᠌ᠳᠤᠷ ᠪᠠᠶᠡᠯᠡᠭᠦᠯᠦᠭ᠍ᠰᠡᠨ ᠢ ᠬᠠᠷᠠᠭᠠᠤᠨ᠄ 《ᠳᠠᠨ ᠤ ᠬᠤᠶᠠᠭᠤᠯᠠ ᠡᠭᠦᠨ ᠢ ᠦᠪᠡᠷ ᠶᠢᠡᠨ ᠮᠡᠳᠡᠭ᠍ᠰᠡᠨ ᠦᠦ᠂ ᠪᠣᠰᠤᠳ ᠡᠴᠠ ᠰᠤᠷᠤᠭᠰᠠᠨ ᠦᠦ ︖》 ᠭᠡᠵᠤ ᠠᠰᠠᠭᠤᠪᠠ᠃ ᠳᠠᠷᠠ ᠦᠶ᠎ᠡ ᠶᠢᠨ ᠭᠦᠮᠦᠰ ᠬᠤᠳᠠᠯ ᠭᠡᠯᠡᠳᠡᠭ᠌ ᠦᠭᠡᠶ ᠪᠣᠯᠬᠤᠷ ᠨᠤᠭᠤᠭᠠᠨ ᠬᠠᠰᠢᠶᠠᠨ ᠤ ᠪᠢᠴᠢᠬᠠᠨ ᠭᠡᠦᠭᠡᠨ ᠶᠢᠡᠷ ᠵᠢᠭᠠᠯᠭᠠᠭᠰᠠᠨ ᠶᠢᠡᠨ ᠭᠡᠯᠡᠪᠡ᠃
ᠡᠪᠦᠭᠡᠨ ᠨᠤᠭᠤᠭᠠᠨ ᠬᠠᠰᠢᠶᠠᠨ ᠤ ᠭᠡᠦᠭᠡᠨ ᠣᠬᠠᠭᠠᠨ ᠰᠠᠢ᠌ᠳᠠᠢ ᠮᠠᠭᠠᠤᠨ ᠣᠴᠢᠵᠤ ᠥᠵᠡᠭᠡᠳ ᠪᠣᠯᠤᠮᠠᠷ ᠪᠣᠯ ᠪᠠᠭ᠎ᠠ ᠭᠦᠤ ᠳᠤ ᠪᠠᠨ ᠭᠤᠶᠤᠶ᠎ᠠ ᠭᠡᠰᠡᠨ ᠰᠠᠨᠠᠭ᠎ᠠ ᠣᠷᠤᠪᠠ᠃ ᠨᠢᠭᠡ ᠡᠳᠦᠷ ᠡᠪᠦᠭᠡᠨ ᠣᠷᠢᠳᠤ ᠠᠢ᠌ᠯ ᠤᠨ ᠨᠤᠭᠤᠭᠠᠨ ᠬᠠᠰᠢᠶᠠᠨ ᠤ ᠦᠬᠢᠨ ᠤ ᠳᠤ ᠣᠴᠢᠭᠰᠠᠨ ᠳᠤ ᠦᠬᠢᠨ ᠭᠠᠭᠴᠠᠭᠠᠷ ᠭᠡᠷ ᠲᠤ ᠪᠠᠨ ᠪᠠᠢ᠌ᠪᠠ᠃
《ᠠᠪᠣ ᠴᠢᠨᠢ ᠦᠭᠡᠶ ᠦᠦ ︖》
《ᠠᠪᠣ ᠡᠳᠦᠷ ᠤᠨ ᠡᠪᠡᠳᠴᠢᠨ ᠡᠷᠢᠭᠦ ᠪᠠᠷ ᠭᠠᠷᠪᠠ》
《ᠡᠵᠢ ᠴᠢᠨᠢ ᠬᠠᠮᠢᠭ᠎ᠠ ᠣᠴᠢᠭᠰᠠᠨ ᠪᠣᠢ ︖》
《ᠡᠵᠢ ᠨᠢᠳᠤ ᠵᠢᠭᠡᠯᠡᠭᠦ ᠪᠠᠷ ᠭᠠᠷᠪᠠ》
ᠡᠪᠦᠭᠡᠨ ᠭᠡᠰᠡᠭ᠌ ᠣᠳᠠᠭᠠᠤᠨ ᠣᠬᠠᠭᠠᠨ ᠢ ᠨᠢ ᠣᠯᠤᠭᠰᠠᠨ ᠦᠭᠡᠶ ᠳᠠᠭᠢᠨ ᠠᠰᠠᠭᠤᠭᠰᠠᠨ ᠳᠤ ᠭᠡᠦᠭᠡᠨ ᠮᠦᠨ ᠥᠭᠡ ᠪᠠᠨ ᠳᠠᠪᠳᠠᠪᠠ᠃ ᠡᠪᠦᠭᠡᠨ᠄ 《ᠭᠡᠦᠭᠡ ᠡ᠂ ᠡᠳᠦᠷ ᠤᠨ ᠡᠪᠡᠳᠴᠢᠨ ᠢ ᠶᠠᠭᠠᠭᠢᠵᠤ ᠡᠷᠢᠳᠡᠭ᠌ ᠪᠢᠯᠠ ︖》 ᠭᠡᠰᠡᠨ ᠳᠤ ᠭᠡᠦᠭᠡᠨ ᠄
《ᠠᠪᠣ ᠠᠷᠢᠭᠢ ᠣᠤᠭᠤᠪᠠᠯ ᠡᠪᠡᠳᠴᠢᠨ ᠲᠡᠶ ᠭᠦᠮᠤᠨ ᠰᠢᠭ᠌ ᠡᠳᠦᠷᠵᠢᠨ ᠭᠡᠪᠳᠡᠳᠡᠭ᠌᠂ ᠦᠨᠦᠳᠤᠷ ᠠᠷᠢᠭᠢ ᠣᠤᠭᠤᠬᠤ ᠪᠠᠷ ᠶᠠᠪᠣᠯ᠎ᠠ》 ᠭᠡᠪᠡ᠃
《ᠨᠢᠳᠤ ᠶᠢ ᠶᠠᠭᠠᠭᠢᠵᠤ ᠵᠢᠭᠡᠯᠡᠳᠡᠭ᠌ ᠪᠢᠯᠠ ︖》 ᠭᠡᠰᠡᠨ ᠳᠤ ᠭᠡᠦᠭᠡᠨ᠄ 《ᠮᠠᠨ ᠤ ᠳ᠋ᠸᠩ ᠤᠨ ᠳᠤᠰᠤ ᠪᠠᠢ᠌ᠬᠤ ᠦᠭᠡᠶ ᠪᠣᠯᠪᠠ᠂ ᠳ᠋ᠸᠩ ᠦᠭᠡᠶ ᠪᠣᠯ ᠨᠢᠳᠤ ᠦᠭᠡᠶ ᠲᠡᠶ ᠠᠳᠠᠯᠢ ᠪᠢᠰᠢᠤ》 ᠭᠡᠯᠡ᠃
ᠡᠪᠦᠭᠡᠨ ᠪᠢᠴᠢᠬᠠᠨ ᠭᠡᠦᠭᠡᠨ ᠢ ᠣᠬᠠᠭᠠᠨ ᠲᠡᠶ ᠪᠢᠯᠢᠭ᠌ ᠰᠠᠢ᠌ᠳᠠᠢ ᠭᠡᠮᠡᠨ ᠳᠤᠭᠤᠵᠤ ᠪᠠᠭ᠎ᠠ ᠭᠦᠤ ᠳᠤ ᠪᠠᠨ ᠭᠡᠯᠡᠯᠴᠡᠵᠤ ᠳᠤᠭᠢᠷᠠᠭᠠᠤᠨ ᠣᠳᠠᠯ ᠦᠭᠡᠶ ᠪᠠᠭᠤᠯᠭᠠᠨ ᠠᠪᠣᠪᠠ᠃
ᠨᠢᠭᠡ ᠡᠳᠦᠷ ᠡᠪᠦᠭᠡᠨ ᠶᠡᠭᠡ ᠬᠤᠶᠠᠷ ᠪᠠᠷᠢ ᠪᠠᠨ ᠳᠠᠭᠤᠳᠠᠵᠤ᠄ 《ᠦᠨᠦᠳᠤᠷ ᠪᠢ ᠳᠠᠷᠢᠶ᠎ᠠ ᠠᠷᠴᠢᠬᠤ ᠪᠠᠷ ᠶᠠᠪᠣᠨ᠎ᠠ᠃ ᠦᠳᠡ ᠳᠤ ᠳᠠᠨ ᠤ ᠬᠤᠶᠠᠭᠤᠯᠠ ᠨᠠᠮ᠎ᠠ ᠳᠤ ᠭᠦᠨᠡᠰᠤ ᠭᠦᠷᠭᠡ》 ᠭᠡᠯᠡ᠃ ᠠᠯᠢ ᠳᠠᠷᠢᠶ᠎ᠠ ᠶᠢ ᠠᠰᠠᠭᠤᠭᠰᠠᠨ ᠳᠤ ᠡᠪᠦᠭᠡᠨ᠄ 《ᠣᠷᠤᠰᠤᠮᠠᠯ ᠤᠨ ᠨᠠᠭᠠᠨ᠎ᠠ᠂ ᠣᠷᠭᠤᠮᠠᠯ ᠤᠨ ᠴᠠᠭᠠᠨ᠎ᠠ᠂ ᠪᠣᠭ ᠴᠢᠳᠭᠦᠷ ᠤᠳ ᠤᠨ ᠳᠡᠭᠡᠭᠦᠷ᠂ ᠪᠣᠷᠬᠠᠠᠳᠤ ᠶᠢᠨ ᠳᠤᠤᠭᠤᠷ》 ᠭᠡᠯᠡ᠃ ᠪᠠᠰᠠ᠄ 《ᠳᠡᠭ᠍ᠷᠢ ᠶᠢᠨ ᠣᠳᠤ ᠶᠢᠨ ᠪᠣᠳᠠᠭ᠎ᠠ ᠴᠢᠨᠠ᠂ ᠳᠡᠷᠭᠡᠨ ᠭᠦᠷᠳᠤ ᠶᠢᠨ ᠨᠤᠭᠤᠭ᠎ᠠ ᠭᠢ᠂ ᠳᠤᠳᠤᠷ᠎ᠠ ᠨᠢ ᠳᠠᠮᠤᠷ ᠣᠳᠠᠰᠤ ᠪᠠᠨ ᠬᠤᠯᠢᠬᠤ ᠪᠠᠨ ᠪᠣᠤ ᠮᠠᠷᠳᠠ》 ᠭᠡᠳ ᠶᠠᠪᠣᠭᠠᠤᠨ ᠦᠭᠭᠦᠯ᠎ᠡ᠃
ᠬᠤᠶᠠᠭᠤᠯᠠ ᠣᠬᠠᠭᠠᠨ ᠢ ᠨᠢ ᠣᠯᠬᠤ ᠦᠭᠡᠶ ᠠᠷᠭ᠎ᠠ ᠪᠠᠷᠠᠨ ᠪᠠᠢ᠌ᠳᠠᠯ᠎ᠠ ᠦᠳᠡ ᠤᠢ᠌ᠷᠠᠳᠴᠤ ᠭᠠᠯ ᠭᠢᠭᠦ ᠴᠠᠭ ᠪᠣᠯᠪᠠ᠃ ᠬᠤᠶᠠᠭᠤᠯᠠ ᠪᠠᠭ᠎ᠠ ᠦᠬᠢᠨ ᠳᠡᠭᠦᠤ ᠡᠨᠡ ᠥᠭᠡ ᠶᠢ ᠳᠦᠭᠦᠭᠡᠷᠡᠭᠦ ᠮᠠᠭᠠᠤᠨ ᠭᠡᠮᠡᠨ ᠠᠰᠠᠭᠤᠬᠤ ᠪᠠᠷ ᠣᠴᠢᠪᠠ᠃ ᠳᠠᠷᠠ ᠨᠢ ᠰᠠᠶᠢᠬᠠᠨ ᠢᠷᠡᠭᠡᠳ ᠪᠠᠢ᠌ᠭᠰᠠᠨ ᠳᠤᠯᠠ ᠠᠯᠢ ᠳᠠᠷᠢᠶ᠎ᠠ ᠬᠠᠮᠢᠭ᠎ᠠ ᠪᠠᠢ᠌ᠳᠠᠭ ᠢ ᠨᠢ ᠮᠡᠳᠡᠭᠦ ᠦᠭᠡᠶ ᠪᠣᠯᠪᠠᠴᠤ ᠠᠪᠣ ᠶᠢᠨ ᠭᠡᠯᠡᠭ᠍ᠰᠡᠨ ᠥᠭᠡᠨ ᠤ ᠰᠠᠨᠠᠭ᠎ᠠ ᠶᠢ ᠣᠬᠠᠵᠤ᠄ 《ᠳᠠᠨ ᠤ ᠨᠢᠭᠡ ᠭᠡᠰᠡᠭ᠌ ᠳᠠᠷᠢᠶ᠎ᠠ ᠴᠢᠨᠢ ᠭᠤᠤᠯ ᠤᠨ ᠨᠠᠭᠠᠨ᠎ᠠ᠂ ᠮᠤᠳᠤᠨ ᠤ ᠴᠠᠭᠠᠨ᠎ᠠ ᠪᠠᠢ᠌ᠨ᠎ᠠ᠃ ᠪᠠᠷᠤᠭ ᠥᠭᠦᠭᠡᠷ ᠭᠡᠭᠦᠷ ᠤᠨ ᠳᠡᠭᠡᠭᠦᠷ᠂ ᠰᠦᠮ᠎ᠡ ᠶᠢᠨ ᠳᠤᠤᠭᠤᠷ ᠶᠠᠪᠣᠨ᠎ᠠ》 ᠭᠡᠰᠡᠨ ᠳᠤ ᠬᠤᠶᠠᠭᠤᠯᠠ ᠳᠠᠷᠤᠢ ᠠᠪᠣ ᠠᠯᠢ ᠳᠠᠷᠢᠶᠠᠨ ᠳᠤ ᠪᠠᠢ᠌ᠬᠤ ᠶᠢ ᠮᠠᠳᠠᠯ᠎ᠠ᠃ ᠳᠠᠭᠢᠭᠠᠤᠨ ᠪᠣᠳᠠᠭ᠎ᠠ ᠨᠤᠭᠤᠭ᠎ᠠ ᠶᠢ ᠠᠰᠠᠭᠤᠭᠰᠠᠨ ᠳᠤ 《ᠳᠡᠭ᠍ᠷᠢ ᠶᠢᠨ ᠣᠳᠤ ᠶᠢᠨ ᠪᠣᠳᠠᠭ᠎ᠠ ᠭᠡᠳᠡᠭ᠌ ᠴᠢᠨᠢ ᠳᠠᠯᠠᠮᠠᠯ ᠪᠣᠳᠠᠭ᠎ᠠ ᠶᠢ ᠭᠡᠯᠡᠨ᠎ᠡ᠂ ᠳᠡᠷᠭᠡᠨ ᠭᠦᠷᠳᠤ ᠨᠤᠭᠤᠭ᠎ᠠ ᠭᠡᠳᠡᠭ᠌ ᠮᠠᠨ ᠤ ᠬᠠᠰᠢᠶᠠᠨ ᠤ ᠣᠷᠭᠤᠮᠠᠯ ᠤᠨ ᠨᠠᠷᠠ᠂ ᠪᠢᠳᠠ ᠶᠡᠷᠦᠳᠡᠭᠡᠨ 〈ᠴᠧ ᠭᠦ ᠯᠦ᠋ ᠽᠠᠢ〉 ᠭᠡᠳᠡᠭ᠌᠂ ᠳᠠᠮᠤᠷ ᠣᠳᠠᠰᠤ ᠭᠡᠳᠡᠭ᠌ ᠨᠢ ᠹᠸᠠᠲ᠋ᠢᠶᠤᠤᠷ ᠢ ᠭᠡᠯᠡᠨ᠎ᠡ》 ᠭᠡᠮᠡᠨ ᠨᠢᠭᠡᠳ ᠨᠢᠭᠡ ᠪᠠᠷ ᠵᠢᠭᠠᠵᠤ ᠥᠭ᠍ᠪᠡ᠃
ᠬᠤᠶᠠᠷ ᠪᠠᠷᠢ ᠪᠠᠶᠠᠷᠯᠠᠨ ᠠᠪᠢᠰᠤᠨ ᠦᠬᠢᠨ ᠳᠡᠭᠦᠤ ᠶᠢᠨ ᠵᠢᠭᠠᠭᠰᠠᠨ ᠶᠤᠰᠤᠭᠠᠷ ᠭᠢᠵᠤ ᠠᠪᠣ ᠳᠤ ᠪᠠᠨ ᠪᠣᠳᠠᠭ᠎ᠠ ᠭᠦᠷᠭᠡᠯ᠎ᠡ᠃ ᠠᠪᠣ ᠦᠪᠡᠷ ᠶᠢᠡᠨ ᠮᠡᠳᠡᠭ᠍ᠰᠡᠨ ᠡᠰᠡᠭᠦ ᠶᠢ ᠠᠰᠠᠭᠤᠭᠰᠠᠨ ᠳᠤ ᠪᠠᠭ᠎ᠠ ᠦᠬᠢᠨ ᠳᠡᠭᠦᠤ ᠵᠢᠭᠠᠵᠤ ᠦᠭᠪᠡ ᠭᠡᠵᠤ ᠦᠨᠡᠨ ᠶᠢᠡᠨ ᠭᠡᠯᠡᠪᠡ᠃
ᠪᠠᠰᠠ ᠨᠢᠭᠡ ᠡᠳᠦᠷ ᠠᠪᠣ ᠶᠡᠭᠡ ᠪᠠᠷᠢ ᠪᠠᠨ ᠳᠠᠭᠤᠳᠠᠵᠤ᠄ 《ᠪᠢ ᠭᠤᠯᠢᠷ ᠦᠭᠡᠶ ᠮᠢᠶᠠᠠᠲ᠋ᠢᠶᠤᠤᠷ ᠢᠳᠠᠨ᠎ᠡ᠂ ᠭᠢᠵᠤ ᠴᠢᠳᠠᠨ᠎ᠠ ᠦᠦ ︖》 ᠭᠡᠪᠡ᠃ ᠶᠡᠭᠡ ᠪᠠᠷᠢ 《ᠴᠢᠳᠠᠬᠤ ᠦᠭᠡᠶ》 ᠭᠡᠰᠡᠨ ᠳᠤ 《ᠭᠠᠷ》 ᠭᠡᠵᠤ ᠭᠦᠭᠡᠭᠡᠨ ᠭᠠᠷᠭᠠᠯ᠎ᠠ᠃ ᠬᠤᠶᠠᠳᠤᠭᠠᠷ ᠪᠠᠷᠢ ᠪᠠᠨ ᠳᠠᠭᠤᠳᠠᠭᠰᠠᠨ ᠳᠤ ᠮᠦᠨ ᠴᠢᠳᠠᠬᠤ ᠦᠭᠡᠶ ᠳᠤᠯᠠ ᠪᠠᠰᠠ ᠭᠦᠭᠡᠭᠡᠨ ᠭᠠᠷᠭᠠᠯ᠎ᠠ᠃ ᠪᠠᠭ᠎ᠠ ᠪᠠᠷᠢ ᠪᠠᠨ ᠳᠠᠭᠤᠳᠠᠭᠰᠠᠨ ᠳᠤ ᠳᠠᠷᠠ ᠨᠢ ᠄ 《ᠪᠢ ᠭᠤᠯᠢᠷ ᠦᠭᠡᠶ ᠮᠢᠶᠠᠠᠲ᠋ᠢᠶᠤᠤᠷ ᠭᠢᠵᠤ ᠴᠢᠳᠠᠨ᠎ᠠ》 ᠭᠡᠯᠡ᠃
ᠳᠡᠭᠡᠭᠡᠳ ᠪᠠᠭ᠎ᠠ ᠪᠠᠷᠢ ᠳᠤᠭᠤᠭᠠᠨ ᠭᠡᠷ ᠲᠤ ᠪᠠᠨ ᠣᠷᠤᠵᠤ ᠬᠤᠭᠤᠰᠤᠨ ᠠᠮᠪᠠᠨ ᠳᠤ ᠭᠤᠯᠢᠷ ᠳᠠᠯᠠᠭᠳᠠᠨ ᠪᠣᠤᠳᠤᠤ ᠪᠠᠷ ᠭᠡᠢ ᠭᠡᠷᠴᠢᠨ ᠳᠦᠷᠴᠢᠭᠢᠨᠡᠭᠦᠯᠵᠤ ᠪᠠᠢ᠌ᠪᠠ᠃ ᠨᠠᠯᠢᠶᠠᠤᠨ ᠣᠳᠠᠭᠠᠤᠨ ᠪᠣᠳᠠᠭ᠎ᠠ ᠭᠠᠷᠴᠤ ᠢᠷᠡᠭᠦ ᠦᠭᠡᠶ ᠪᠣᠯᠬᠤᠷ ᠠᠪᠣ ᠪᠠᠭ᠎ᠠ ᠪᠠᠷᠢ ᠶᠢᠨ ᠶᠢᠡᠨ ᠭᠤᠯᠢᠷ ᠦᠭᠡᠶ ᠮᠢᠶᠠᠠᠲ᠋ᠢᠶᠤᠤᠷ ᠭᠡᠷᠭᠢᠨ ᠭᠢᠭᠦ ᠶᠢ ᠥᠵᠡᠭᠦ ᠭᠡᠳ ᠡᠭᠦᠳᠡᠨ ᠣᠷᠭᠢᠭᠤᠯ ᠢ ᠡᠷᠭᠦᠨ ᠳᠤᠯᠤᠭᠠᠢ ᠪᠠᠨ ᠪᠣᠯᠳᠠᠢ᠌ᠳᠠᠯᠠ ᠪᠠᠭ᠎ᠠ ᠪᠠᠷᠢ ᠭᠤᠯᠢᠷ ᠤᠨ ᠳᠠᠯᠠᠭᠳᠠᠭᠤᠷ ᠶᠢᠡᠷ ᠬᠠᠳᠠᠮ ᠠᠪᠣ ᠶᠢᠨ ᠶᠢᠡᠨ ᠳᠤᠯᠤᠭᠠᠢ ᠶᠢ ᠨᠢᠭᠡ ᠴᠤᠭᠢᠵᠤ 《ᠴᠠᠳᠤᠭᠰᠠᠨ ᠦᠦ ︖》 ᠭᠡᠯᠡ᠃
ᠠᠪᠣ ᠪᠠᠷᠢ ᠳᠤ ᠪᠠᠨ ᠣᠬᠠᠭᠠᠨ ᠱᠥᠭᠦᠭ᠍ᠳᠡᠵᠤ ᠨᠢᠭᠤᠷ ᠶᠢᠡᠨ ᠪᠠᠷᠠᠭᠰᠠᠨ ᠳᠤᠯᠠ ᠢᠴᠢᠵᠤ ᠰᠢᠷᠪᠠᠭᠡᠳᠤᠨ ᠦᠬᠢᠨ ᠳᠡᠭᠦᠤ ᠶᠢᠨ ᠳᠤ ᠪᠠᠨ ᠵᠠᠢ᠌ᠯᠠᠵᠤ ᠶᠠᠪᠣᠪᠠ᠃ ᠳᠡᠭᠡᠭᠡᠳ ᠪᠠᠭ᠎ᠠ ᠪᠠᠷᠢ ᠶᠢᠨ ᠭᠡᠴᠡᠭᠦᠤ ᠶᠢ ᠳᠤᠭᠠᠴᠢᠨ ᠨᠢᠭᠤᠷ ᠶᠢᠡᠨ ᠪᠠᠷᠠᠭᠰᠠᠨ ᠶᠢᠡᠨ ᠭᠡᠯᠡᠭ᠍ᠰᠡᠨ ᠳᠤ ᠦᠬᠢᠨ ᠳᠡᠭᠦᠤ ᠨᠢ ᠮᠦᠨ ᠭᠡᠴᠡᠭᠦᠤ ᠭᠦᠮᠤᠨ ᠳᠤᠯᠠ ᠳᠤᠩ ᠠᠭᠤᠷᠯᠠᠵᠤ 《ᠡᠨᠡ ᠮᠠᠭᠤ ᠠᠮᠠᠨ ᠰᠢᠷ᠎ᠠ ᠨᠢ ᠠᠷᠢᠯᠤᠭ᠎ᠠ ᠦᠭᠡᠶ ᠠᠮᠢᠳᠠᠨ᠂ ᠪᠢ ᠣᠷᠤᠭᠤᠯ ᠤᠨ ᠶᠢᠡᠨ ᠬᠠᠭᠠᠰ ᠢ ᠣᠯᠠᠭᠠᠨ ᠴᠠᠭᠠᠰᠤ ᠪᠠᠷ ᠨᠠᠭᠠᠭᠠᠤᠨ ᠣᠴᠢᠭᠰᠠᠨ ᠴᠤ ᠳᠡᠭᠦᠨ ᠳᠤ ᠵᠦᠪ》 ᠭᠡᠵᠤ ᠭᠡᠯᠡᠭᠡᠳ ᠥᠨᠡᠭᠡᠷ ᠣᠷᠤᠭᠤᠯ ᠶᠢᠡᠨ ᠣᠯᠠᠭᠠᠨ ᠴᠠᠭᠠᠰᠤ ᠪᠠᠷ ᠨᠠᠭᠠᠭᠠᠤᠨ ᠢᠷᠠᠪᠠ᠃
《ᠨᠤᠬᠠᠢ ᠪᠠᠨ ᠬᠤᠷᠢ ︕》 ᠭᠡᠮᠡᠨ ᠪᠠᠷᠭᠢᠷᠠᠬᠤ ᠳᠤ ᠪᠠᠭ᠎ᠠ ᠪᠠᠷᠢ ᠭᠦᠶᠤᠨ ᠭᠠᠷᠴᠤ ᠢᠷᠠᠯ᠎ᠠ᠃ ᠳᠡᠭᠡᠭᠡᠳ ᠠᠪᠠᠭ᠎ᠠ ᠡᠭᠡᠴᠢ ᠶᠢᠨ ᠶᠢᠡᠨ ᠣᠷᠤᠭᠤᠯ ᠶᠢᠡᠨ ᠴᠠᠭᠠᠰᠤ ᠪᠠᠷ ᠨᠠᠭᠠᠵᠤ ᠪᠠᠢ᠌ᠬᠤ ᠶᠢ ᠥᠵᠡᠮᠡᠭ᠍ᠴᠡ ᠳᠡᠭᠦᠨ ᠤ ᠭᠡᠷᠡᠯᠳᠦᠭᠦ ᠪᠠᠷ ᠢᠷᠡᠭ᠍ᠰᠡᠨ ᠢ ᠪᠠᠷᠤᠭᠯᠠᠯ᠎ᠠ᠃
《ᠠᠪᠣ ᠴᠢᠨᠢ ᠬᠠᠮᠢᠭ᠎ᠠ ᠣᠴᠢᠭᠰᠠᠨ ᠪᠣᠢ ︖》 ᠭᠡᠵᠤ ᠠᠰᠠᠭᠤᠭᠰᠠᠨ ᠳ᠋ᠤ
《ᠵᠤᠤᠬ᠎ᠠ ᠶᠢᠨ ᠳᠠᠢ᠌ᠰᠠᠨ ᠳᠡᠭᠡᠷ᠎ᠡ ᠳᠠᠷᠢᠶ᠎ᠠ ᠳᠠᠷᠢᠵᠤ ᠪᠠᠢ᠌ᠨ᠎ᠠ》 ᠭᠡᠮᠡᠨ ᠬᠠᠷᠢᠭᠤᠯᠤᠯ᠎ᠠ᠃
《ᠥᠭᠡᠷ ᠴᠢᠨᠢ ᠳᠤᠭᠤᠭᠠᠨ ᠳᠤ ᠴᠢᠨᠢ ᠪᠠᠭᠠᠴᠢᠬᠠᠬᠤ ᠦᠭᠡᠶ ᠦᠦ ︖》 ᠭᠡᠰᠡᠨ ᠳᠤ
《ᠠᠪᠣ ᠥᠭᠡᠷ ᠶᠢᠡᠨ ᠪᠠᠭᠠᠬᠤ ᠡᠴᠠ ᠠᠶᠤᠭᠠᠤᠨ ᠣᠯᠠᠭᠠᠨ ᠴᠠᠭᠠᠰᠤ ᠪᠠᠷ ᠨᠠᠭᠠᠵᠤ ᠪᠠᠢ᠌ᠨ᠎ᠠ》 ᠭᠡᠰᠡᠨ ᠳᠤ ᠠᠪᠠᠭ᠎ᠠ ᠡᠭᠡᠴᠢ ᠨᠢ ᠴᠤ ᠢᠴᠢᠵᠤ ᠵᠤᠪᠠᠭᠠᠤᠨ ᠡᠷᠭᠢᠭᠡᠳ ᠶᠠᠪᠣᠭᠰᠠᠨ ᠭᠡᠨ᠎ᠡ᠃
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠠᠨ ᠤ ᠪᠠᠳᠠᠷᠠᠬᠤ ᠳᠤᠮᠳᠠᠳᠤ ᠰᠤᠷᠭᠠᠭᠤᠯᠢ
ᠵᠤᠬᠢᠶᠠᠭᠴᠢ᠄ ᠬᠠᠰᠪᠠᠷᠰ ᠳᠡᠮᠳᠡᠭᠯᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 60812
ᠴᠠᠭ᠄ 2012 ᠤᠨ ᠤ 02 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ