ᠨᠡᠪᠲᠡᠷᠡᠨ ᠤᠷᠤᠬᠤ
ᠵᠠᠷᠤᠳ

ᠵᠠᠯᠢ ᠶᠢᠨ ᠬᠠᠶᠠᠭ᠎ᠠ ᠳᠠᠷᠠᠯᠠᠵᠤ

ᠵᠠᠷᠤᠳ ᠳᠠ ᠮᠡᠡᠳᠦᠯᠡᠭᠡ ᠥᠭᠡᠢ

ᠵᠠᠩ ᠨᠢ ᠭᠠᠯ᠂ ᠵᠤᠷᠢᠭ ᠨᠢ ᠭᠠᠩ ᠪᠠᠢ᠌ᠪᠠᠯ

ᠠᠭᠤᠯᠠᠰ ᠨᠢ ᠭᠤᠵᠤᠭᠤᠷ ᠣᠷᠤᠢ ᠲᠡᠶ ᠬᠠᠮᠢᠶ᠎ᠠ ᠥᠭᠡᠢ

ᠰᠠᠯᠭᠢᠨ ᠤ ᠴᠢᠨᠢ ᠠᠷᠠᠠᠰᠢᠨ ᠨᠢ ᠬᠣᠢ᠌ᠨ᠎ᠠ ᠡᠴᠠ ᠡᠮᠦᠨᠡᠰᠢ ᠪᠠᠨ

ᠰᠦᠷᠴᠤ ᠵᠤᠭᠰᠤᠭᠰᠠᠨ ᠬᠠᠨ ᠠᠭᠤᠯᠠ ᠨᠢ

ᠴᠠᠭᠠᠨ ᠳᠡᠮᠡᠭᠡ ᠰᠢᠭ ᠪᠣᠢ᠌ᠯᠠᠳᠠᠭ

ᠰᠥᠰᠦᠭ᠌ ᠲᠡᠶ ᠨᠢᠭᠡ ᠨᠢ ᠳᠡᠭᠦᠨ ᠢ

ᠵᠠᠷᠤᠳ ᠭᠡᠵᠤ ᠵᠠᠯᠪᠠᠷᠢᠳᠠᠭ

ᠠᠷᠤ ᠭᠦᠡᠳᠡᠯᠡᠨ᠂ ᠭᠡᠷᠴᠢᠯᠡᠭᠤ ᠡᠴᠠ

ᠠᠮᠠᠷᠠᠭ ᠶᠢᠡᠨ ᠪᠢ ᠣᠯᠤᠭᠰᠠᠨ ᠰᠢᠭ

ᠠᠰ ᠪᠠᠷᠠᠭᠤᠨ ᠡᠮᠦᠨᠡᠰᠢ ᠪᠠᠨ ᠶᠠᠪᠣᠪᠠᠯ

ᠠᠷᠤ ᠬᠤᠷᠴᠢᠨ ᠳᠤ ᠭᠦᠷᠤᠨ᠎ᠡ ᠭᠡᠭᠦ ᠰᠢᠭ᠌

ᠳᠠᠷᠠᠰᠤᠨ ᠤ ᠭᠢᠨᠢ ᠨᠠᠮᠠᠭ᠎ᠠ ᠳᠡᠷᠪᠠᠭᠦ ᠠᠯᠳᠠ ᠪᠠᠷ

ᠳᠡᠭᠡᠳᠦᠰ ᠮᠢᠨᠢ ᠵᠠᠷᠤᠳ ᠢ ᠳᠡᠭᠡᠷᠡᠮ ᠭᠡᠵᠤ ᠨᠡᠷᠡᠯᠡᠳᠡᠭ᠌

ᠬᠤᠯᠤᠰᠤᠨ ᠤ ᠭᠢᠨᠢ ᠰᠠᠯᠠᠭ᠎ᠠ ᠬᠠᠤᠭᠢᠬᠤ ᠠᠶᠠᠰ ᠵᠢᠠᠷ

ᠬᠤᠯᠤᠠᠴᠠ ᠮᠢᠨᠢ ᠵᠠᠷᠤᠳ ᠢ ᠬᠤᠯᠠᠭᠠᠢ᠌ᠴᠢ ᠭᠡᠵᠤ ᠳᠠᠭᠤᠳᠠᠳᠠᠭ

ᠣᠳᠤᠮ ᠶᠢᠡᠷ ᠶᠢᠡᠨ ᠪᠢᠳᠠ ᠴᠢᠨᠢ ᠮᠤᠩᠭ᠋ᠤᠯ ᠣᠳᠤᠭ ᠭᠡᠭᠦ ᠳ᠋ᠤ

ᠣᠤᠭᠤᠭᠰᠠᠨ ᠳ᠋ᠠᠯᠠᠷ ᠤᠨ ᠣᠰᠤ ᠨᠢᠭᠡ ᠯᠠ ᠡᠭᠢ ᠳᠠᠢ


ᠮᠡᠭᠡ ᠶᠢᠨ ᠠᠮᠠᠰᠠᠷ ᠵᠠᠭᠤᠵᠤ

ᠵᠠᠷᠤᠳ ᠳᠠ ᠳᠦᠷᠦᠭᠡ ᠥᠭᠡᠢ

ᠵᠦᠪ ᠶᠢᠡᠨ ᠪᠢᠳᠠ ᠪᠣᠷᠤᠭᠤ ᠭᠡᠵᠤ

ᠵᠢᠰᠤ ᠨᠢᠭᠡᠳᠡᠨ ᠶᠢᠡᠨ ᠪᠢᠳᠠ ᠡᠯᠢᠭᠡ ᠪᠢᠰᠢ ᠭᠡᠵᠤ

ᠵᠥᠩᠳᠡᠭᠡᠨ ᠮᠠᠭᠤᠳᠠᠵᠤ ᠪᠠᠢ᠌ᠳᠠᠭ

ᠵᠥᠭᠡᠷ ᠯᠠ ᠮᠠᠭᠤᠯᠠᠵᠤ ᠰᠠᠭᠤᠳᠠᠭ


ᠦᠨᠡᠠᠴᠢ ᠶᠢᠨ ᠣᠷᠭ᠎ᠠ ᠪᠠᠷ ᠶᠢᠡᠨ ᠳᠠ

ᠦᠶ ᠲᠦᠮᠡᠨ ᠠᠳᠤᠭᠤ ᠪᠠᠨ ᠬᠤᠮᠢᠵᠤ

ᠦᠷ ᠤᠨ ᠭᠡᠭᠡ ᠶᠢ ᠳᠦᠷᠦᠭᠡᠨ ᠳᠡᠭᠡᠷ᠎ᠡ ᠳᠤᠰᠬᠤ ᠳ᠋ᠠᠭᠠᠨ

ᠪᠠᠶᠠᠷᠳᠤᠬᠤᠰᠢᠭᠤ᠂ ᠪᠠᠠᠽᠠᠨ ᠰᠦᠮ᠎ᠡ ᠡᠴᠠ ᠭᠠᠵᠠᠷ ᠴᠠᠭᠠᠰᠢ ᠪᠠᠨ

ᠮᠡᠳᠡᠳᠡᠭ᠌ ᠦᠭᠡᠶ ᠭᠡᠵᠤ

ᠪᠠᠰᠤᠭ᠎ᠠ ᠦᠭᠡᠶ ᠪᠢᠵᠠ︖ ᠨᠠᠮᠢ᠋ᠢ

ᠭᠠᠬᠠᠢ᠌ᠳᠤ ᠰᠤᠮᠤᠨ ᠡᠴᠠ

ᠴᠢᠨᠠᠭᠰᠢ ᠣᠷᠤᠪᠠᠯ

ᠴᠢᠮᠢ᠋ᠢ ᠨᠢᠭᠡ ᠮᠠᠳᠠᠨ᠎ᠡ ᠳ᠋ᠠ ᠭᠡᠵᠤ

ᠴᠢ ᠪᠠᠰᠠ ᠨᠠᠳᠠᠳᠤ ᠭᠡᠯᠡᠭᠡ ᠦᠭᠡᠶ ᠨᠢ ᠡ

* * *

ᠡᠴᠢᠭᠡ ᠶᠢᠨ ᠮᠢᠨᠢ ᠭᠠᠭᠴᠠ ᠨᠠᠭᠠᠴᠤ ᠱᠠᠭᠳᠠᠷ ᠨᠢ

ᠡ᠊ᠨᠳᠡ ᠪᠠᠢ᠌ᠭᠰᠠᠨ ᠰᠠᠨ

ᠡᠢ᠌ᠮᠤ ᠳᠡᠭᠡᠨ ᠯᠠ ᠵᠠᠷᠤᠳ ᠨᠠᠳᠠ

ᠡᠡᠭ᠌ ᠦᠭᠡᠶ ᠳᠤᠳᠤᠨᠤ ᠪᠣᠳᠤᠭᠳᠠᠳᠠᠭ ᠰᠠᠨ

ᠠᠭᠤᠯᠠ ᠨᠢ

ᠭᠠᠵᠠᠷ ᠤᠨ ᠥᠩᠭᠡ ᠪᠠᠷ ᠭᠦᠭᠡᠷᠡᠳᠡᠭ᠌ ᠰᠠᠨ

ᠣᠰᠤ ᠨᠢ

ᠳᠡᠭ᠍ᠷᠢ ᠶᠢᠨ ᠵᠢᠰᠤ ᠪᠠᠷ ᠴᠡᠩᠭᠡᠷᠯᠡᠳᠡᠭ᠌ ᠰᠠᠨ

ᠳᠠᠯ᠎ᠠ ᠨᠢ

ᠳᠠᠷᠠᠰᠤ ᠶᠢᠨ ᠦᠨᠦᠷ ᠲᠡᠶ ᠰᠠᠨ

ᠳᠠᠪᠤᠨ ᠬᠤᠰᠢᠭᠤ ᠮᠠᠯ ᠨᠢ

ᠳᠠᠨᠠᠨ ᠡᠷᠳᠡᠨᠢ ᠰᠠᠨ

ᠳᠠᠨᠢᠯ ᠳ᠋ᠠᠭᠠᠨ

ᠳᠠᠩᠨᠠᠢ ᠶᠢᠨ ᠰᠤᠳᠠᠰᠤ ᠰᠢᠭ ᠵᠠᠷᠤᠳ

ᠳᠠᠨᠢᠯ ᠪᠢᠰᠢ ᠳ᠋ᠡᠭᠡᠨ

ᠳᠠᠯ᠎ᠠ ᠶᠢᠨ ᠭᠦᠷᠦᠭᠡᠰᠤ ᠰᠢᠭ᠌ ᠵᠠᠷᠤᠳ


ᠨᠠᠭᠠᠴᠤ ᠶᠢᠨ ᠳᠠᠭᠠᠨ ᠡᠴᠢᠭᠡ

ᠨᠠᠢ᠌ᠭᠤᠳᠠᠯ᠎ᠠ ᠣᠤᠭᠤᠭᠠᠤᠨ ᠢᠷᠡᠭᠦ ᠳ᠋ᠤ

ᠨᠠᠭᠠᠨ᠎ᠠ ᠨᠢ ᠡᠮᠧ ᠪᠢᠳᠠ ᠬᠤᠶᠠᠷ ᠪᠦᠷᠦᠢ ᠪᠣᠯᠳᠠᠯ᠎ᠠ ᠭᠦᠯᠢᠶᠡᠳᠡᠭ᠌

ᠨᠠᠷᠢᠨ ᠨᠢᠷᠤᠭᠤᠨ ᠡᠴᠠ ᠪᠠᠨ ᠡᠴᠢᠭᠡ ᠶᠢ ᠣᠨᠠᠭᠠᠯ ᠥᠭᠡᠢ

ᠨᠠᠴᠢᠨ ᠱᠤᠩᠬᠤᠷ ᠰᠢᠭ᠌ ᠱᠤᠩᠭ᠋ᠤᠵᠤ ᠪᠠᠭᠤᠳᠠᠭ

ᠬᠤᠧᠨ ᠮᠤᠷᠢ ᠮᠢᠨᠢ

ᠵᠠᠷᠤᠳ ᠤᠨ ᠴᠠᠭᠠᠨ ᠣᠪᠣᠭ᠎ᠠ

ᠵᠠᠮ ᠪᠢᠰᠢ ᠳ᠋ᠡ᠂ ᠴᠢᠮ᠎ᠠ ᠳ᠋ᠤ

ᠪᠦᠭᠡ ᠭᠦᠷᠭᠡᠨ ᠠᠪᠣ ᠶᠢᠨ ᠭᠢ ᠡᠴᠠ

ᠪᠦᠭᠦᠷᠭᠡ ᠰᠢᠭᠦᠷᠤᠨ ᠮᠤᠷᠳᠠᠭᠠᠤᠨ

ᠪᠣᠳᠢ ᠶᠢᠨ ᠳᠠᠯ᠎ᠠ ᠶᠢᠨ ᠡᠮᠦᠨᠡᠭᠦᠷ

ᠪᠣᠷᠤ ᠳᠤᠭᠤᠰᠤ ᠳᠠᠳᠠᠭᠤᠯᠬᠤ ᠳ᠋ᠤ

ᠪᠣᠷᠪᠢᠨ ᠳᠤ ᠨᠢ ᠬᠤᠴᠤᠷᠳᠠᠭ ᠵᠠᠷᠤᠳ

ᠪᠦᠳᠦᠭᠦᠨ ᠬᠤᠧᠨ ᠳᠠᠪᠠᠬᠤ ᠪᠠᠷ

ᠭᠡᠷ ᠤᠨ ᠪᠠᠷ᠎ᠠ ᠬᠠᠷᠠᠭᠳᠠᠳᠠᠭ ᠰᠠᠨ

* * *

ᠬᠤᠤᠷ ᠤᠨ ᠰᠠᠷᠬᠤᠤᠨ ᠡᠷᠭᠦᠵᠤ

ᠵᠠᠷᠤᠳ ᠳᠠ ᠵᠠᠶᠠᠭᠠᠭᠰᠠᠨ ᠥᠭᠡᠢ

ᠬᠡᠦᠬᠡᠳ ᠨᠢ ᠭᠦᠷᠳᠡᠯ᠎ᠡ ᠡᠷ᠎ᠡ ᠰᠢᠭ᠌ ᠡᠷ᠎ᠡ ᠪᠠᠢ᠌ᠪᠠᠯ

ᠭᠦᠭᠡ ᠳᠤᠯᠪᠣ ᠠᠷᠢᠯᠬᠤ ᠥᠭᠡᠢ

ᠵᠢᠭᠡ ᠶᠢᠨ ᠵᠢᠭᠡ ᠶᠢᠨ ᠦᠷᠭᠦᠯᠵᠢᠯᠡᠯ

ᠵᠠᠷᠤᠳ ᠮᠢᠨᠤ ᠨᠠᠭᠠᠴᠤ

ᠵᠢᠯ ᠣᠨ ᠤ ᠣᠷᠴᠢᠨ ᠳ᠋ᠤ

ᠵᠢᠪᠠᠷᠡᠳᠡᠭ᠌ ᠦᠭᠡᠶ ᠭᠡᠯᠭᠢᠶ᠎ᠡ

ᠵᠠᠪᠠᠯ ᠭᠦᠷᠦᠶ᠎ᠡ ᠭᠡᠳᠡᠭ᠌ ᠭᠠᠵᠠᠷ

ᠵᠠᠷᠤᠳ

ᠵᠠᠬ᠎ᠠ ᠳ᠋ᠤᠨᠢ ᠭᠦᠷᠴᠢᠭᠡᠪᠠᠯ

ᠵᠢᠷᠭᠠᠨ ᠰᠠᠭᠤᠶ᠎ᠠ ᠭᠡᠭᠦ

ᠵᠠᠷᠤᠳ

ᠴᠢᠨᠤ ᠮᠢᠨᠤ ᠥᠭᠡᠢ

ᠴᠡᠪᠠᠷᠭᠡᠨ ᠵᠠᠷᠤᠳ

《ᠴᠢ》 ᠵᠢ 《ᠰᠢ》 ᠭᠡᠳᠡᠭ᠌

ᠴᠡᠩᠭᠡᠯᠳᠡᠢ ᠵᠠᠷᠤᠳ ᠡ︕


2010.4.23 ᠪᠠᠶᠠᠨᠬᠦ᠋ᠷᠢᠶ᠎ᠡ ᠳᠤ ᠵᠠᠰᠠᠨ ᠬᠠᠭᠤᠯᠪᠠ᠃


ᠵᠤᠬᠢᠶᠠᠭᠴᠢ ᠶᠢᠨ ᠬᠠᠶ‍ᠢᠭ ᠄ ᠭᠦᠯᠤᠨ ᠪᠣᠢ᠌ᠷ ᠬᠠᠭᠤᠴᠢᠨ ᠪᠠᠷᠭᠤ ᠬᠤᠰᠢᠭᠤ

ᠵᠤᠬᠢᠶᠠᠭᠴᠢ᠄ ᠰ·ᠡᠩᠬᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ