☆ ᠳᠤᠷᠵᠢ
ᠯᠠᠱ ᠯᠠᠱ ᠢᠨᠢᠶᠡᠭᠡᠳ
ᠵᠤᠯᠠᠭ ᠦᠭᠡᠶ ᠴᠠᠢ ᠪᠠᠨ
ᠵᠤᠬᠠ ᠳᠡᠭᠡᠷᠡ ᠡᠴᠠ ᠣᠤᠭᠤᠭᠠᠤᠨ
ᠯᠠᠱ ᠯᠠᠱ ᠢᠨᠢᠶᠡᠭᠡᠳ
ᠵᠦᠢ ᠶᠤᠰᠤ ᠲᠡᠶ ᠭᠡᠯᠡ ᠪᠠᠨ
ᠵᠣᠢ᠌ᠯ ᠵᠣᠢ᠌ᠯ ᠶᠢᠡᠷ ᠭᠡᠯᠡᠭᠡᠳ
ᠯᠠᠱ ᠯᠠᠱ ᠢᠨᠢᠶᠡᠭᠡᠳ
ᠳᠡᠮᠡᠭᠡ ᠦᠭᠡᠶ ᠨᠡᠭᠦᠳᠡᠯ ᠳᠠᠢ
ᠳᠡᠩᠭᠡᠭᠡ ᠦᠭᠡᠶ ᠮᠠᠯ ᠳᠠᠢ
ᠯᠠᠱ ᠯᠠᠱ ᠢᠨᠢᠶᠡᠭᠡᠳ
ᠬᠠᠳᠠᠮ ᠦᠭᠡᠶ ᠭᠦᠮᠤᠨ ᠰᠢᠭ᠌
ᠬᠠᠮᠢᠶᠠ ᠦᠭᠡᠶ ᠠᠮᠢᠳᠤᠷᠠᠭᠠᠤᠨ
ᠯᠠᠱ ᠯᠠᠱ ᠢᠨᠢᠶᠡᠭᠡᠳ
ᠡᠭᠢᠨ ᠠᠳᠠᠭ ᠦᠭᠡᠶ ᠣᠷᠢᠯᠭᠠ ᠳᠠᠢ
ᠡᠵᠡᠨ ᠡᠷᠯᠢᠭ᠌ ᠦᠭᠡᠶ ᠰᠤᠷᠤᠯᠭᠠ ᠳᠠᠢ
ᠯᠠᠱ ᠯᠠᠱ ᠢᠨᠢᠶᠡᠭᠡᠳ
ᠬᠤᠳᠠᠨ ᠳ᠋ᠠᠭᠢ ᠮᠠᠯ ᠮᠠᠨᠢ ᠴᠥᠭᠡᠷᠡᠭᠡᠳ
ᠬᠤᠶᠠᠷ ᠤᠨ ᠨᠢᠭᠡ ᠮᠠᠨᠢ ᠲᠡᠳᠬᠦᠮᠵᠢ ᠳᠠᠢ
ᠯᠠᠱ ᠯᠠᠱ ᠢᠨᠢᠶᠡᠭᠡᠳ
ᠬᠠᠳᠠᠮᠠᠤᠨ ᠶᠢᠡᠨ ᠳᠠᠨᠢᠳᠠᠭ ᠦᠭᠡᠶ ᠭᠦᠷᠭᠡᠨ ᠲᠡᠢ
ᠬᠠᠷᠠ ᠰᠠᠷᠠ ᠳᠤ ᠬᠤᠷᠢᠮᠯᠠᠳᠠᠭ ᠭᠡᠦᠭᠡ ᠳᠠᠢ
ᠯᠠᠱ ᠯᠠᠱ ᠢᠨᠢᠶᠡᠭᠡᠳ
ᠰᠥᠰᠦᠭ᠌ ᠶᠢᠡᠨ ᠪᠠᠷᠢᠳᠠᠭ ᠯᠠᠮᠠ ᠴᠥᠭᠡᠷᠡᠭᠡᠳ
ᠥᠰᠦᠭ᠌ ᠵᠢᠠᠨ ᠰᠤᠷᠠᠳᠠᠭ ᠭᠦᠮᠤᠨ ᠴᠥᠭᠡᠷᠡᠭᠡᠳ
ᠯᠠᠱ ᠯᠠᠱ ᠢᠨᠢᠶᠡᠭᠡᠳ ᠁
ᠰᠠᠨᠠᠭᠠ ᠰᠡᠳᠭᠢᠯ ᠥᠭᠡᠢ
ᠯᠠᠱ ᠯᠠᠱ ᠯᠠᠱ
ᠰᠠᠭᠠᠤᠨ ᠬᠠᠷᠰᠢ ᠲᠡᠶ
ᠯᠠᠱ ᠯᠠᠱ ᠯᠠᠱ
ᠵᠤᠬᠢᠶᠠᠭᠴᠢ ᠶᠢᠨ ᠬᠠᠶᠢᠭ ᠄ ᠰᠢᠠᠵᠢᠶᠠᠩ ᠬᠤᠪᠣᠭᠰᠠᠢ᠌ᠷᠢ
ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 11562
ᠴᠠᠭ᠄ 2010 ᠤᠨ ᠤ 12 ᠰᠠᠷᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ