ᠨᠡᠪᠲᠡᠷᠡᠨ ᠤᠷᠤᠬᠤ
ᠣᠭᠢᠯᠠᠬᠤ ᠰᠠᠨ᠂ ᠳᠠᠭᠤᠯᠠᠬᠤ ᠰᠠᠨ ᠁

ᠣᠭᠢᠯᠠᠬᠤ ᠰᠠᠨ᠂ ᠳᠠᠭᠤᠯᠠᠬᠤ ᠰᠠᠨ ︕

ᠭᠠᠰᠢᠭᠤᠨ ᠣᠳᠤᠭᠠᠳᠤ ᠥᠷᠦᠭᠡᠨ ᠳᠡᠭᠡᠨ

ᠭᠠᠴᠢᠭᠳᠠᠵᠤ ᠮᠤᠬᠤᠭᠰᠠᠨ ᠨᠢᠭᠡᠨ ᠲᠡᠶ ᠪᠠᠨ

ᠭᠠᠯᠵᠠᠭᠤ ᠬᠠᠷ᠎ᠠ ᠡᠴᠡ ᠪᠠᠨ ᠬᠤᠪᠢᠶᠠᠯᠴᠠᠨ

ᠭᠠᠳᠠ ᠮᠠᠢ᠌ᠷᠠᠨ ᠶᠢᠡᠷ ᠰᠢᠷᠠᠳᠠᠬᠤ ᠳᠠᠭᠠᠨ

ᠥᠭᠡ ᠭᠡᠯᠡ ᠪᠠᠷ ᠴᠠᠢ᠌ᠯᠠᠵᠤ

ᠣᠯᠤᠰ ᠲᠦᠷᠦ ᠪᠠᠷ ᠮᠠᠢ᠌ᠯᠠᠵᠤ

ᠦᠨᠡᠨ ᠶᠤᠰᠤ ᠪᠠᠷ ᠶᠤᠤᠯᠠᠵᠤ

ᠦᠵᠡᠯ ᠰᠠᠨᠠᠭ᠎ᠠ ᠪᠠᠷ ᠬᠠᠢ᠌ᠯᠠᠵᠤ

ᠦᠪᠣᠷ ᠮᠤᠩᠭ᠋ᠤᠯ ᠳᠠᠭᠤᠤ ᠪᠠᠷ ᠣᠭᠢᠯᠠᠬᠤ ᠰᠠᠨ

ᠥᠪᠠᠷᠳᠡᠭᠡᠨ ᠵᠠᠰᠠᠬᠤ ᠬᠠᠤᠯᠢ ᠪᠠᠷ ᠳᠠᠭᠤᠯᠠᠬᠤ ᠰᠠᠨ ᠁

ᠭᠡᠳᠡᠭᠡᠷ ᠪᠢᠷ ᠤᠨ ᠥᠵᠦᠭᠦᠷ ᠲᠤ ᠨᠢᠯᠪᠣᠰᠤ ᠰᠢᠳᠠᠵᠤ ᠪᠠᠢ᠌ᠨᠠᠮ

ᠭᠡᠩᠰᠢᠯ ᠰᠢᠯᠦᠭ᠌ ᠤᠨ ᠮᠦᠷᠠᠨ ᠳᠤ ᠭᠢᠯᠢᠩ ᠦᠶᠡᠷᠯᠠᠵᠤ ᠪᠠᠢ᠌ᠨᠠᠮ

ᠭᠡᠭᠡᠯᠢ ᠴᠢᠭᠢᠭ᠍ᠰᠡᠨ ᠨᠤᠶᠠᠤᠨ ᠤᠨ ᠭᠡᠩᠭᠡᠷᠭᠡ ᠲᠦᠩᠭᠢᠨᠠᠵᠤ ᠪᠠᠢ᠌ᠨᠠᠮ

ᠭᠡᠷᠡᠭ᠌ ᠭᠢᠭ᠍ᠰᠡᠨ ᠭᠡᠮᠳᠡᠳ ᠤᠨ ᠭᠡᠢ ᠨᠢ ᠴᠤᠷᠭᠢᠷᠠᠵᠤ ᠪᠠᠢ᠌ᠨᠠᠮ

ᠭᠡᠷᠡᠯᠳᠤ ᠰᠤᠪᠣᠤᠨ ᠤᠨ ᠥᠷᠦᠭᠡᠨ ᠲᠤ ᠭᠡᠦᠭᠡᠨ ᠴᠢᠷᠠᠯᠠᠵᠤ ᠪᠠᠢ᠌ᠨᠠᠮ

ᠭᠡᠢ᠌ᠪᠦᠩ ᠰᠠᠷᠠᠨ ᠤ ᠭᠡᠷᠡᠯ ᠳᠤ ᠴᠢᠦᠡᠭᠦᠷ ᠢᠨᠢᠶᠠᠵᠤ ᠪᠠᠢ᠌ᠨᠠᠮ

ᠭᠡᠭᠡᠨ ᠴᠠᠭᠠᠨ ᠡᠳᠦᠷ ᠴᠢᠨ᠋ᠸ᠎ᠠ ᠣᠯᠢᠵᠤ ᠪᠠᠢ᠌ᠨᠠᠮ

ᠭᠡᠮᠰᠢᠯ ᠴᠠᠭᠠᠨ ᠨᠢᠯᠪᠣᠰᠤ ᠭᠢᠯᠢᠰ ᠳᠦᠭᠡᠷᠢᠵᠤ ᠪᠠᠢ᠌ᠨᠠᠮ

ᠪᠢ ᠣᠭᠢᠯᠠᠵᠤ ᠳᠦᠪᠳᠡᠭᠦ ᠦᠭᠡᠶ ᠪᠠᠢ᠌ᠨᠠᠮ ︕

ᠴᠢᠭᠢᠵᠤ ᠴᠠᠳᠬᠤ ᠦᠭᠡᠶ ᠣᠯᠪᠣᠭ ᠤᠨ ᠴᠢᠨᠠᠷ ᠥᠮᠦᠭᠡᠢ ᠪᠠᠢ᠌ᠨᠠᠮ

ᠴᠠᠯᠢᠩ ᠢᠳᠡᠳᠡᠭ᠌ ᠪᠠᠯᠢᠩ ᠲᠡᠶ ᠪᠠᠨ ᠨᠢᠳᠤ ᠣᠯᠠᠭᠠᠨ ᠪᠠᠢ᠌ᠨᠠᠮ

ᠠᠷᠠᠤᠨ ᠣᠯᠤᠰ ᠤᠨ ᠭᠦᠷᠦᠩᠭᠡ ᠳᠠᠰᠢ ᠠᠮᠢ ᠳᠤᠪᠳᠤᠯᠵᠤ ᠪᠠᠢ᠌ᠨᠠᠮ

ᠠᠯᠳᠠᠷ ᠮᠥᠩᠭᠦᠨ ᠠᠭᠤᠯᠠᠨ ᠳᠠᠰᠢ ᠠᠪᠢᠶᠠᠰ ᠳᠠᠮᠠᠴᠠᠵᠤ ᠪᠠᠢ᠌ᠨᠠᠮ

ᠲᠦᠷᠦ ᠬᠠᠤᠯᠢ ᠶᠢᠨ ᠬᠠᠭᠤᠳᠠᠰᠤᠨ ᠳᠤ ᠲᠦᠯᠡᠰᠢ ᠳᠤᠳᠠᠵᠤ ᠪᠠᠢ᠌ᠨᠠᠮ

ᠲᠦᠮᠡᠨ ᠠᠷᠠᠤᠨ ᠤᠨ ᠵᠢᠷᠦᠭᠡᠨ ᠳᠡᠭᠡᠷ᠎ᠡ ᠳᠣᠢ᠌ᠮᠠᠷ ᠳᠣᠢ᠌ᠯᠠᠵᠤ ᠪᠠᠢ᠌ᠨᠠᠮ

ᠳᠦᠭᠦᠭᠡᠢ ᠣᠬᠠᠭᠠᠨ ᠤ ᠰᠢᠮᠨᠤᠰ ᠤᠨ ᠳᠤᠯᠤᠭᠠᠢ ᠶᠡᠭᠡᠳᠴᠤ ᠪᠠᠢ᠌ᠨᠠᠮ

ᠳᠤᠭᠤᠭᠠᠨ ᠣᠨᠠᠭᠰᠠᠨ ᠢᠮᠠᠭ᠎ᠠ ᠲᠡᠶ ᠪᠠᠨ ᠳᠤᠰᠤᠨ ᠳᠤ ᠬᠠᠷᠠᠢ᠌ᠵᠤ ᠪᠠᠢ᠌ᠨᠠᠮ

ᠵᠢᠷᠭᠠᠯ ᠳᠡᠭᠦᠳᠡᠭ᠌ ᠳᠠᠯ᠎ᠠ ᠳᠤ ᠵᠤᠪᠠᠯᠠᠩ ᠢᠨᠢᠶᠠᠵᠤ ᠪᠠᠢ᠌ᠨᠠᠮ

ᠠᠷᠤᠭ ᠡᠭᠦᠷᠦᠭ᠍ᠰᠡᠨ ᠬᠡᠦᠬᠡᠳ ᠤᠨ ᠠᠯᠬᠤᠭ᠎ᠠ ᠳᠦᠭᠡᠷᠢᠭᠡ ᠪᠠᠢ᠌ᠨᠠᠮ

ᠠᠷᠠᠤᠨ ᠤᠨ ᠰᠤᠷᠭᠠᠭᠤᠯᠢ ᠶᠢᠨ ᠵᠠᠮ ᠠᠽᠢᠶ᠎ᠠ ᠬᠤᠯᠠ ᠪᠠᠢ᠌ᠨᠠᠮ

ᠠᠪᠢᠶᠠᠰ ᠪᠢᠯᠢᠭ᠌ ᠤᠨ ᠳᠠᠯ᠎ᠠ ᠡᠯᠡᠰᠤᠨ ᠳᠠᠯᠠᠢ ᠳᠤ ᠪᠠᠢ᠌ᠨᠠᠮ

ᠦᠯᠵᠢ᠌ᠮᠤᠷᠠᠨ ᠤ ᠦᠨᠡᠨ ᠶᠤᠰᠤ ᠴᠢᠰᠤ ᠪᠠᠷ ᠣᠭᠢᠯᠠᠵᠤ ᠪᠠᠢ᠌ᠨᠠᠮ

ᠥᠯᠢᠭᠡᠷ ᠳᠡᠦᠭᠡ ᠶᠢᠨ ᠭᠠᠳᠠ ᠮᠠᠢ᠌ᠷᠠᠨ ᠣᠰᠤ ᠪᠠᠷ ᠬᠠᠢ᠌ᠯᠠᠵᠤ ᠪᠠᠢ᠌ᠨᠠᠮ

ᠥᠩᠭᠡ ᠳᠤ ᠰᠢᠨᠤᠬᠠᠢ ᠱᠤᠤᠳᠠᠢ ᠮᠠᠳᠠᠢ ᠮᠥᠩᠭᠦ ᠭᠤᠳᠠᠷᠠᠵᠤ ᠪᠠᠢ᠌ᠨᠠᠮ

ᠦᠨᠡᠨ ᠡᠴᠡ ᠰᠥᠷᠳᠡᠭ᠍ᠰᠡᠨ ᠬᠤᠯᠠᠭᠠᠢ ᠨᠢᠳᠤ ᠥᠩᠭᠡ ᠪᠠᠷ ᠭᠤᠯᠭᠤᠵᠤ ᠪᠠᠢ᠌ᠨᠠᠮ

ᠪᠠᠷᠰ ᠠᠷᠭᠢᠷᠠᠭᠰᠠᠨ ᠭᠢᠯᠢᠩ ᠤᠨ ᠠᠭᠤᠯᠠᠨ ᠡᠴᠡ ᠰᠢᠯᠦᠭ᠌ ᠳᠤᠪᠳᠤᠯᠵᠤ ᠪᠠᠢ᠌ᠨᠠᠮ

ᠪᠢᠯᠳᠠ ᠡᠮᠭᠦᠭ᠍ᠰᠡᠨ ᠳᠠᠷᠢ ᠶᠢᠨ ᠠᠮᠠᠨ ᠡᠴᠡ ᠥᠵᠦᠭ᠌ ᠰᠢᠪᠳᠤᠯᠵᠤ ᠪᠠᠢ᠌ᠨᠠᠮ

ᠪᠢ ᠣᠭᠢᠯᠠᠵᠤ ᠳᠦᠪᠳᠡᠭᠦ ᠦᠭᠡᠶ ᠪᠠᠢ᠌ᠨᠠᠮ ︕

ᠡᠪᠦᠭᠡ ᠶᠢᠨ ᠭᠡᠷᠢᠶᠡᠰ ᠨᠢᠭᠤᠴᠠ ᠳᠤᠪᠴᠢᠶᠠᠨ ᠰᠤᠷᠭᠠᠯ ᠬᠠᠢ᠌ᠷᠯᠠᠵᠤ ᠪᠠᠢ᠌ᠨᠠᠮ

ᠡᠪᠦᠷᠯᠡᠵᠤ ᠣᠠᠳᠠᠭᠰᠠᠨ ᠭᠦᠭᠡ ᠰᠤᠳᠤᠷ ᠥᠯᠢᠭᠡᠷ ᠡᠭᠢᠯᠡᠵᠤ ᠪᠠᠢ᠌ᠨᠠᠮ

ᠡᠭᠦᠯᠡᠨ ᠰᠠᠴᠤᠷᠠᠯ ᠳᠠᠪᠤᠨ ᠮᠠᠰᠠ ᠡᠭᠦᠳᠡᠨ ᠳᠤ ᠳᠤᠭᠯᠠᠵᠤ ᠪᠠᠢ᠌ᠨᠠᠮ

ᠡᠭᠦᠷᠴᠤ ᠳᠠᠭᠠᠭᠠᠬᠤ ᠦᠭᠡᠶ ᠪᠢᠴᠢᠭ᠌ ᠤᠨ ᠪᠣᠭᠴᠤ ᠦᠷᠢ ᠳᠠᠷᠢᠵᠤ ᠪᠠᠢ᠌ᠨᠠᠮ

ᠥᠭᠡ ᠪᠠᠨ ᠮᠠᠷᠳᠠᠭᠰᠠᠨ ᠦᠨᠦ ᠮᠠᠷᠭᠠᠰᠢ ᠡᠷᠡᠤ ᠪᠠᠯᠪᠠᠵᠤ ᠪᠠᠢ᠌ᠨᠠᠮ

ᠥᠰᠦᠭ᠌ ᠶᠢᠡᠨ ᠭᠤᠯᠤᠭᠰᠠᠨ ᠡᠷᠭᠢᠭᠦᠤ ᠰᠢᠳᠠᠮ ᠦᠰᠢᠶ᠎ᠡ ᠵᠠᠩᠭᠢᠤᠠᠴᠤ ᠪᠠᠢ᠌ᠨᠠᠮ

ᠣᠷᠤᠭᠤᠯ ᠨᠢ ᠰᠡᠳᠡᠷᠭᠡᠢ ᠴᠠᠭᠠᠨ ᠭᠡᠷᠡᠮ ᠣᠳᠤᠭ᠎ᠠ ᠮᠠᠨᠠᠷᠠᠭᠤᠯᠵᠤ ᠪᠠᠢ᠌ᠨᠠᠮ

ᠣᠠᠳᠠᠭ᠎ᠠ ᠰᠡᠷᠢᠭᠦᠨ ᠭᠡᠢ᠌ᠪᠦᠩ ᠭᠦᠷᠳᠤ ᠭᠡᠢ᠌ᠮᠦᠷᠢ ᠳᠠᠭᠠᠳᠬᠠᠵᠤ ᠪᠠᠢ᠌ᠨᠠᠮ

ᠪᠢ ᠣᠭᠢᠯᠠᠵᠤ ᠳᠦᠪᠳᠡᠭᠦ ᠦᠭᠡᠶ ᠪᠠᠢ᠌ᠨᠠᠮ

ᠪᠢ ᠣᠭᠢᠯᠠᠵᠤ ᠳᠦᠪᠳᠡᠭᠦ ᠦᠭᠡᠶ ᠪᠠᠢ᠌ᠨᠠᠮ

ᠣᠴᠠᠷᠠᠭᠰᠠᠨ ᠪᠦᠭᠦᠨ ᠤ ᠭᠠᠷ ᠢ ᠠᠳᠬᠤᠬᠤ ᠣᠬᠠᠭᠠᠨ ᠢᠨᠢᠶᠠᠵᠤ ᠪᠠᠢ᠌ᠨᠠᠮ

ᠣᠠᠳᠠᠭᠰᠠᠨ ᠪᠦᠭᠦᠨ ᠤ ᠨᠠᠷᠠ ᠶᠢ ᠰᠡᠷᠭᠦᠭᠡᠭᠦ ᠦᠵᠡᠯ ᠴᠠᠭᠢᠯᠠᠵᠤ ᠪᠠᠢ᠌ᠨᠠᠮ

ᠡᠷᠭᠦᠭ᠍ᠰᠡᠨ ᠰᠠᠯᠠᠮ᠎ᠠ ᠶᠢᠨ ᠳᠤᠷᠭᠠᠨ ᠢᠷ ᠲᠤ ᠰᠦᠰᠦ ᠬᠠᠩᠭᠢᠨᠠᠵᠤ ᠪᠠᠢ᠌ᠨᠠᠮ

ᠣᠨᠤᠭᠰᠠᠨ ᠭᠦᠯᠦᠭ᠌ ᠤᠨ ᠭᠠᠩ ᠳᠤᠭᠤᠷᠠᠢ ᠳᠤ ᠣᠮᠤᠭ ᠮᠥᠩᠭᠡᠯᠡᠵᠤ ᠪᠠᠢ᠌ᠨᠠᠮ

ᠣᠯᠪᠣᠭ ᠰᠠᠭᠤᠳᠠᠯ ᠤᠨ ᠣᠯᠵᠠ ᠠᠰᠢᠭ ᠲᠤ ᠨᠤᠶᠠᠤᠨ ᠣᠯᠠᠢ᠌ᠷᠠᠵᠤ ᠪᠠᠢ᠌ᠨᠠᠮ

ᠣᠯᠤᠰ ᠦᠨᠳᠦᠰᠦᠳᠠᠨ ᠤ ᠳᠡᠭ᠍ᠷᠢ ᠮᠠᠠᠳᠤᠯ ᠳᠤ ᠰᠡᠭᠦᠳᠡᠷ ᠬᠤᠴᠢᠵᠤ ᠪᠠᠢ᠌ᠨᠠᠮ

ᠪᠢ ᠣᠭᠢᠯᠠᠵᠤ ᠳᠦᠪᠳᠡᠭᠦ ᠦᠭᠡᠶ ᠪᠠᠢ᠌ᠨᠠᠮ

ᠦᠪᠡᠷ ᠤᠨ ᠶᠢᠡᠨ ᠭᠡᠰᠡᠨ ᠣᠭᠰᠠᠭᠠᠳᠠᠨ ᠤ ᠪᠠᠨ ᠳᠦᠯᠦᠭᠡ

ᠦᠷ᠎ᠡ ᠶᠢᠨ ᠶᠢᠡᠨ ᠭᠡᠰᠡᠨ ᠣᠷᠴᠢᠯᠠᠩ ᠶᠢᠨ ᠶᠢᠡᠨ ᠳᠤᠰᠠᠳᠠ

ᠥᠭᠡᠡᠴᠡ ᠳᠤᠷᠤᠢ ᠠᠮᠢᠳᠠᠤᠨ ᠢ ᠦᠯᠮᠡᠢ ᠳᠤᠤᠷ᠎ᠠ ᠪᠠᠨ ᠭᠢᠰᠭᠢᠵᠤ

ᠥᠩᠭᠡ ᠮᠥᠩᠭᠦᠨ ᠤ ᠨᠡᠢ᠌ᠭᠡᠮ ᠳᠤ ᠦᠵᠡᠯ ᠠᠰᠳᠠᠭᠠᠨ ᠶᠠᠪᠣᠨᠠᠮ ᠪᠢ ︕

ᠪᠢ ᠣᠭᠢᠯᠠᠵᠤ ᠳᠦᠪᠳᠡᠭᠦ ᠦᠭᠡᠶ ᠪᠠᠢ᠌ᠨᠠᠮ ︕

ᠪᠢ ᠳᠠᠭᠤᠯᠠᠵᠤ ᠴᠠᠳᠬᠤ ᠦᠭᠡᠶ ᠪᠠᠢ᠌ᠨᠠᠮ ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2604
ᠴᠠᠭ᠄ 2010 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ