ᠨᠡᠪᠲᠡᠷᠡᠨ ᠤᠷᠤᠬᠤ
ᠨᠠᠮᠤᠷ ᠤᠨ ᠮᠦᠷᠦᠭᠡᠳᠦᠯ
(ᠭᠠᠳᠠᠨ᠎ᠠ ᠨᠢᠭᠡ)

ᠨᠠᠪᠴᠢ ᠨᠠᠮᠠᠭ᠎ᠠ ᠬᠠᠳᠠᠨ ᠰᠢᠷᠠᠯᠠᠵᠤ

ᠨᠠᠯᠠᠭᠠᠷ ᠳᠠᠯ᠎ᠠ ᠪᠣᠭᠤᠷᠤᠯᠳᠤᠯ᠎ᠠ

ᠨᠠᠷᠠ ᠬᠤᠯᠠᠳᠴᠤ ᠣᠳᠤᠳ ᠤᠢ᠌ᠷᠠᠳᠤᠵᠤ

ᠨᠠᠮ᠎ᠠ ᠶᠢ ᠵᠡᠭᠦᠳᠤᠨ ᠨᠤᠳᠤᠭ ᠥᠭᠡᠢ᠌ᠯᠡᠨ᠎ᠡ


ᠭᠤᠯᠢᠶ᠎ᠠ ᠴᠠᠷᠴᠠᠬᠠᠢ ᠶᠢᠨ ᠳᠠᠭᠤᠨ ᠪᠠᠢ᠌ᠭᠠᠯᠢ ᠳᠤ ᠠᠭᠤᠰᠤᠨ

ᠭᠤᠨᠢᠭ ᠣᠢ᠌ᠤᠠᠬᠠᠷ ᠰᠡᠳᠭᠢᠯ ᠤᠨ ᠳᠠᠯᠠᠢ ᠪᠦᠷᠭᠦᠨ᠎ᠡ

ᠭᠤᠤᠯ ᠤᠨ ᠣᠰᠤ ᠳᠡᠭ᠍ᠷᠢ ᠰᠢᠭ᠌ ᠳᠤᠩᠭ᠋ᠠᠯᠠᠭᠰᠢᠨ

ᠭᠤᠷᠢ ᠭᠦᠰᠡᠯ ᠨᠤᠳᠤᠭ ᠤᠨ ᠡᠭᠦᠯᠡ ᠨᠡᠭᠦᠨ᠎ᠡ


ᠰᠦᠨᠢ ᠶᠢᠨ ᠭᠦᠨ ᠳ᠋ᠤ

ᠰᠠᠷᠠ ᠴᠤᠩᠬᠤ ᠶᠢ ᠲᠦᠰᠢᠨ ᠮᠦᠰᠢᠶᠠᠵᠤ

ᠰᠦᠨ ᠦᠨᠦᠷ ᠲᠡᠶ ᠡᠵᠢ ᠶᠢᠨ ᠪᠠᠷ᠎ᠠ

ᠰᠠᠨᠠᠭ᠎ᠠ ᠪᠣᠳᠤᠯ ᠢ ᠣᠢ᠌ᠮᠤᠷᠠᠭᠤᠯᠤᠨ᠎ᠠ


ᠦᠷ ᠤᠨ ᠭᠢᠷᠠᠭ᠎ᠠ

ᠦᠷᠤᠴᠠᠨ ᠤ ᠭᠠᠰᠢᠭᠤ ᠶᠢ ᠦᠯᠳᠠᠵᠤ ᠴᠢᠳᠠᠭᠰᠠᠨ ᠥᠭᠡᠢ

ᠦᠣᠡᠭᠡᠨ ᠮᠠᠨᠠᠨ

ᠦᠯᠢᠭᠡᠷ ᠤᠨ ᠨᠢᠭᠤᠴᠠ ᠪᠠᠷ ᠭᠦᠰᠢᠭᠡᠯᠡᠨ᠎ᠡ


ᠪᠣᠯᠪᠠᠰᠤᠷᠠᠭᠰᠠᠨ ᠡᠪᠠᠰᠤᠨ ᠤ ᠦᠨᠦᠷ

ᠪᠣᠷᠤ ᠵᠢᠷᠦᠭᠡ ᠶᠢ ᠦᠨᠦᠰᠴᠤ

ᠪᠣᠳᠤᠯ ᠤᠨ ᠭᠦᠨ ᠴᠡᠭᠡᠯ ᠡᠴᠠ

ᠪᠣᠷᠵᠢᠭᠢᠨ ᠳᠠᠯ᠎ᠠ ᠭᠡᠵᠢᠶᠡᠳᠡ ᠰᠠᠯᠬᠤ ᠥᠭᠡᠢ


ᠪᠣᠯᠵᠤᠭ᠎ᠠ


ᠣᠳᠤᠳ

ᠣᠷᠴᠢᠯᠠᠩ ᠲᠡᠶ ᠪᠠᠨ ᠪᠣᠯᠵᠤᠵᠤ

ᠣᠯᠠᠨ ᠰᠠᠢ᠌ᠬᠠᠨ ᠵᠡᠭᠦᠳᠤ ᠮᠠᠨᠠᠨ᠎ᠠ


ᠰᠠᠷᠠᠨ ᠳᠠᠭᠢᠨᠢ

ᠪᠠᠢ᠌ᠭᠠᠠᠯᠢ ᠲᠡᠶ ᠪᠠᠨ ᠪᠣᠯᠵᠤᠵᠤ

ᠰᠠᠷᠬᠤᠤᠨ ᠬᠤᠠᠳᠠᠭ᠎ᠠ ᠳᠤᠳᠤᠷ᠎ᠠ ᠰᠤᠭᠳᠤᠨ᠎ᠠ


ᠨᠠᠪᠴᠢᠰ

ᠨᠠᠮᠤᠷ ᠲᠡᠶ ᠪᠠᠨ ᠪᠣᠯᠵᠤᠵᠤ

ᠡᠭᠡ ᠭᠠᠵᠠᠷ ᠡᠯᠢᠭᠡ ᠭᠦᠡᠳᠦᠭᠡᠨ


ᠪᠣᠳᠤᠭᠤ ᠶᠢᠨ ᠣᠶᠠᠩᠭ᠋ᠠᠨ ᠨᠢᠯᠪᠣᠰᠤ

ᠡᠯᠡᠰᠤᠨ ᠳᠠᠯᠠᠢ ᠳᠤ ᠵᠢᠪᠪᠤᠨ

ᠮᠦᠷᠦᠭᠡᠳᠦᠯ ᠤᠨ ᠭᠦᠨ ᠳᠤ ᠪᠢ ᠴᠢᠯᠠᠭᠤᠵᠢᠨ᠎ᠠ


ᠨᠠᠮᠤᠷ ᠤᠨ ᠪᠣᠷᠤᠭ᠎ᠠ

ᠨᠠᠳᠠ ᠲᠡᠶ ᠪᠣᠯᠵᠤᠵᠤ

ᠨᠢᠳᠤᠨ ᠵᠤᠪᠭᠢ ᠣᠯᠠᠭᠠᠨ


ᠪᠣᠯᠵᠤᠮᠤᠷ

ᠡᠭᠦᠷ ᠲᠤ ᠪᠠᠨ ᠡᠷᠭᠢᠵᠤ

ᠨᠤᠳᠤᠭ ᠨᠢᠭᠡ ᠬᠠᠯᠠᠭᠤᠬᠠᠨ


ᠠᠳᠤᠭᠤᠳ

ᠳᠠᠯ᠎ᠠ ᠳᠤ ᠪᠠᠨ ᠪᠣᠴᠠᠵᠤ

ᠨᠠᠷᠠ ᠨᠢᠭᠡ ᠮᠥᠰᠢᠶᠡᠩᠭᠡᠨ


ᠮᠢᠨᠤ ᠬᠠᠢ᠌ᠷ᠎ᠠ

ᠴᠢᠮ᠎ᠠ ᠲᠡᠶ ᠪᠣᠯᠵᠤᠵᠤ

ᠰᠡᠳᠭᠢᠯ ᠨᠢᠭᠡ ᠪᠠᠶᠠᠰᠤᠩᠬᠠᠨ


ᠵᠤᠬᠢᠶᠠᠭᠴᠢ ᠶᠢᠨ ᠬᠠᠶ‍ᠢᠭ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤᠮᠳᠠᠳᠤ ᠰᠤᠷᠭᠠᠭᠤᠯᠢ

ᠵᠤᠬᠢᠶᠠᠭᠴᠢ᠄ ᠭᠡ᠊·ᠰᠦᠯᠳᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 08 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ