ᠨᠡᠪᠲᠡᠷᠡᠨ ᠤᠷᠤᠬᠤ
ᠴᠢᠩᠭᠢᠰ ᠤᠨ ᠰᠦᠯᠳᠡ

ᠳᠡᠭ᠍ᠷᠢ ᠶᠢᠨ ᠭᠦᠭᠡ ᠴᠢᠯᠠᠭᠤ ᠪᠠᠷ

ᠳᠠᠩᠭᠢᠨᠠᠳᠠᠯ᠎ᠠ ᠢᠷᠯᠡᠭᠡᠳ ᠪᠠᠭᠤᠯᠭᠠᠭᠰᠠᠨ

ᠳᠤᠭᠰᠢᠨ ᠣᠳᠤᠨ ᠤ ᠪᠦᠷᠢᠯᠸᠡᠰ ᠤᠨ

ᠳᠡᠩᠭᠡᠭᠡ ᠶᠢ ᠬᠤᠷᠠᠢ᠌ᠯᠠᠨ ᠰᠢᠭᠤᠷᠠᠭᠤᠯᠤᠭᠰᠠᠨ

ᠨᠠᠶᠠᠨ ᠨᠢᠭᠡᠨ ᠭᠡᠭᠡᠷ ᠠᠵᠢᠷᠭ᠎ᠠ ᠶᠢᠨ

ᠣᠩᠭ᠋ᠤᠨ ᠰᠠᠭᠢᠭᠤᠰᠤ ᠣᠷᠤᠰᠢᠭᠰᠠᠨ

ᠨᠠᠷᠠᠨ ᠤ ᠪᠣᠮᠠᠨ ᠰᠠᠴᠤᠷᠠᠭ ᠲᠤ

ᠣᠮᠤᠭ ᠶᠢᠡᠨ ᠱᠤᠭᠤᠨ ᠮᠥᠩᠭᠡᠷᠡᠭ᠍ᠰᠡᠨ

ᠬᠤᠷᠮᠤᠰᠳᠠ ᠶᠢᠨ ᠮᠠᠠᠳᠠᠯ ᠡᠴᠠ ᠡᠭ᠍ᠴᠡᠯᠡᠵᠤ ᠢᠷᠡᠭ᠍ᠰᠡᠨ

ᠴᠠᠭᠢᠯᠭᠠᠨ ᠮᠡᠳᠡᠭᠡᠨ ᠤ ᠱᠤᠰᠢᠭ᠎ᠠ

ᠪᠣᠭᠳᠠ ᠶᠢᠨ ᠠᠯᠠᠭᠠᠨ ᠡᠴᠠ ᠢᠰᠭᠡᠷᠴᠤ ᠭᠠᠷᠤᠭᠰᠠᠨ

ᠴᠠᠭᠢᠯᠬᠤ ᠵᠠᠶᠠᠭᠠᠨ ᠤ ᠰᠤᠮᠤᠳᠠᠭ᠎ᠠ

      ᠴᠢᠩᠭᠢᠰ ᠤᠨ ᠰᠦᠯᠳᠡ ᠬᠠᠷ᠎ᠠ ᠰᠦᠯᠳᠡ

      ᠴᠡᠷᠢᠭ᠌ ᠳᠠᠢ᠌ᠨ ᠤ ᠢᠯᠠᠯᠳᠠ ᠶᠢᠨ ᠪᠠᠳᠤᠯᠠᠭ᠎ᠠ

ᠴᠡᠯᠡᠢ᠌ᠭ᠍ᠰᠡᠨ ᠠᠭᠤᠵᠢᠮ ᠬᠤᠷᠸ᠎ᠠ ᠶᠢᠨ

ᠴᠠᠭᠠᠨ ᠰᠠᠯᠭᠢ ᠪᠠᠷ ᠠᠷᠢᠭᠤᠯᠠᠨ

ᠮᠠᠨᠠᠨ ᠲᠡᠶ ᠳᠡᠷᠭᠡᠯ ᠪᠦᠮᠪᠦᠷᠴᠡᠭ᠌ ᠤᠨ

ᠮᠠᠩᠨᠠᠢ ᠶᠢᠨ ᠭᠤᠤᠯ ᠶᠢᠡᠷ ᠨᠢ ᠵᠦᠰᠤᠨ

ᠮᠤᠬᠤᠯᠠᠢ ᠪᠣᠭᠤᠷᠴᠤ ᠦᠷᠯᠦᠭ᠌ ᠤᠳ ᠢ

ᠮᠠᠠᠴᠤᠢ ᠡᠴᠠ ᠨᠢ ᠳᠠᠭᠤᠳᠠᠨ ᠰᠡᠷᠢᠭᠡᠨ

ᠮᠠᠭᠤᠳᠠᠯᠴᠠᠨ ᠭᠢᠮᠤᠷᠠᠯᠳᠤᠬᠤ ᠡᠷᠡᠨ ᠤ

ᠮᠤᠵᠢᠭᠤᠳᠠ ᠰᠤᠯᠢᠷ ᠢ ᠨᠢᠴᠠᠯᠤᠨ

ᠭᠡᠨᠳᠡᠢ ᠬᠠᠩᠭ᠋ᠠᠢ ᠶᠢᠨ ᠭᠡᠳᠡᠭᠡᠷ ᠣᠷᠭᠢᠯ ᠳᠤ

ᠳᠦᠷᠭᠦ ᠨᠢ ᠱᠤᠷᠤᠩᠬᠤᠯᠠᠵᠤ ᠬᠠᠷᠠᠭᠳᠠᠭᠰᠠᠨ

ᠭᠡᠷᠡᠯᠤᠨ ᠣᠨᠤᠨ ᠤ ᠠᠷᠢᠭᠤᠨ ᠣᠰᠤᠨ ᠡᠴᠠ

ᠭᠡᠢ ᠮᠤᠷᠢ ᠨᠢ ᠪᠣᠰᠴᠤ ᠢᠠᠴᠠᠭᠠᠨᠠᠭᠰᠠᠨ

      ᠴᠢᠩᠭᠢᠰ ᠤᠨ ᠰᠦᠯᠳᠡ ᠴᠠᠭᠠᠨ ᠰᠦᠯᠳᠡ

      ᠴᠢᠭᠡᠴᠢ ᠵᠠᠰᠠᠭ ᠤᠨ ᠳᠠᠷᠬᠠᠨ ᠴᠠᠮᠬᠠᠭ

ᠴᠢᠩᠭᠢᠰ ᠦᠰᠦᠭ᠌ ᠤᠨ ᠦᠨᠦᠷ ᠵᠢᠠᠷ 

ᠽᠠᠮᠪᠣᠳᠢᠪ ᠢ ᠡᠷᠭᠡᠰᠢᠶᠡᠨ ᠳᠤᠷᠭᠢᠭᠤᠯᠤᠭᠰᠠᠨ

ᠶ‍ᠢᠰᠤᠨ ᠭᠦᠭᠦᠯ ᠤᠨ ᠮᠤᠠᠴᠤᠭ ᠶᠢᠡᠷ

ᠶ‍ᠢᠷᠳᠢᠠᠴᠤ ᠶᠢ ᠪᠠᠭᠳᠠᠭᠠᠨ ᠠᠭᠰᠢᠭᠠᠭᠰᠠᠨ

ᠲᠦᠮᠡᠨ ᠠᠭᠳᠠ ᠶᠢᠨ ᠳᠦᠪᠠᠷᠭᠡᠨ ᠢ

ᠳᠤᠭᠢᠬᠤ ᠬᠤᠷᠤᠮ ᠶᠢᠡᠷ ᠶᠢᠡᠨ ᠨᠡᠭᠦᠯᠭᠡᠭ᠍ᠰᠡᠨ

ᠳᠠᠮᠤᠵᠢᠨ ᠮᠤᠩᠭ᠋ᠤᠯ ᠤᠨ ᠰᠦᠨᠠᠰᠤ ᠶᠢ

ᠳᠡᠭ᠍ᠷᠢ ᠶᠢᠨ ᠵᠠᠷᠯᠢᠭ ᠶᠢᠡᠷ ᠠᠮᠢᠯᠠᠭᠤᠯᠤᠭᠰᠠᠨ

ᠨᠠᠮᠤᠷ ᠤᠨ ᠥᠩᠭᠡ ᠲᠡᠶ ᠨᠠᠮᠢᠷᠠᠭᠠᠨ ᠳᠤ ᠨᠢ

ᠨᠤᠭᠤᠭᠠᠨ ᠰᠦᠶ᠎ᠠ ᠭᠦᠶ‍ᠦᠯᠴᠡᠭ᠍ᠰᠡᠨ

ᠨᠢᠷᠭᠡᠭᠦ ᠰᠦᠷ ᠲᠡᠶ ᠬᠣᠢ᠌ᠯᠠᠷᠠᠭᠠᠨ ᠳᠤ ᠨᠢ

ᠨᠢ᠋ᠮᠠᠨ ᠰᠢᠷᠭ᠎ᠠ ᠳᠤᠪᠳᠤᠯᠤᠭᠰᠠᠨ

       ᠴᠢᠩᠭᠢᠰ ᠤᠨ ᠰᠦᠯᠳᠡ ᠠᠯᠠᠭ ᠰᠦᠯᠳᠡ

       ᠣᠭᠰᠠᠭ᠎ᠠ ᠢᠵᠠᠭᠤᠷ ᠤᠨ ᠣᠤᠭᠠᠨ ᠰᠢᠳᠦᠭᠡᠨ                                 



ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠳᠦᠩᠯᠢᠶᠤᠤ ᠬᠤᠳᠠ ᠭᠦᠷᠢᠶ᠎ᠡ ᠬᠤᠰᠢᠭᠤᠨ ᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠡᠭᠡᠡᠳᠢᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10607
ᠴᠠᠭ᠄ 2013 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ