ᠨᠡᠪᠲᠡᠷᠡᠨ ᠤᠷᠤᠬᠤ
ᠥᠴᠦᠭᠡᠨ ᠰᠠᠨᠠᠭᠤᠯᠤᠮᠵᠢ

ᠦᠨᠳᠦᠷ ᠭᠠᠩᠭ᠋ᠠᠩ ᠵᠠᠯᠠᠭᠤ ᠭᠡᠳ

ᠥᠩᠭᠡᠷᠡᠤ ᠪᠣᠤ ᠳᠤᠷᠠᠯᠠ ᠭᠡᠦᠭᠡᠡᠴᠦᠳ ᠡ

ᠡᠳᠦᠷ ᠲᠤ ᠭᠤᠷᠪᠠ ᠬᠤᠪᠢᠷᠠᠳᠠᠭ ᠪᠣᠯ

ᠦᠨᠡᠠᠴᠢ ᠬᠠᠢ᠌ᠷ᠎ᠠ ᠶᠢᠨ ᠴᠢᠨᠢ ᠭᠠᠷᠤᠵᠠ︕

ᠥᠩᠭᠡᠯᠢᠭ᠌ ᠭᠡᠭᠡᠡᠴᠡᠷ ᠦᠬᠢᠨ ᠭᠡᠳ

ᠥᠩᠭᠡᠷᠡᠤ ᠪᠣᠤ ᠰᠠᠨᠠᠭᠠᠷᠠ ᠭᠦᠦᠴᠦᠳ ᠡ

ᠥᠭᠡᠳᠡᠯᠡᠭᠦ ᠠᠮᠢᠳᠤᠷᠠᠯ ᠢ ᠴᠢᠨᠢ ᠳᠠᠳᠠᠬᠤ ᠦᠭᠡᠶ ᠪᠣᠯ

ᠡᠨᠡ ᠨᠠᠰᠤᠨ ᠤ ᠴᠢᠨᠢ ᠭᠠᠷᠤᠵᠠ︕

ᠡᠳ᠋ ᠲᠡᠶ ᠭᠡᠷ ᠤᠨ ᠭᠦᠤ ᠭᠡᠳ

ᠥᠩᠭᠡᠷᠡᠤ ᠪᠣᠤ ᠰᠢᠨᠤᠬᠠᠢ᠌ᠷᠠ ᠭᠡᠦᠭᠡᠡᠴᠦᠳ ᠡ

ᠡᠳᠦᠷ ᠤᠨ ᠠᠵᠢᠯ ᠳᠤ ᠪᠠᠨ ᠵᠠᠯᠬᠠᠭᠤ ᠪᠣᠯ

ᠥᠭᠡᠢ᠌ᠷᠡᠵᠤ ᠬᠤᠭᠤᠰᠤᠷᠠᠬᠤ ᠶᠢᠨ ᠳᠡᠮᠳᠡᠭ᠌︕

ᠡᠷᠭᠡ ᠲᠡᠶ ᠭᠦᠮᠤᠨ ᠤ ᠦᠬᠢᠨ ᠭᠡᠳ

ᠥᠩᠭᠡᠷᠡᠤ ᠪᠣᠤ ᠳᠠᠳᠠᠭᠳᠠ ᠭᠦᠦᠴᠦᠳ ᠡ

ᠢᠷᠭᠡᠳ ᠢ ᠮᠦᠯᠵᠢᠵᠤ ᠣᠯᠤᠭᠰᠠᠨ ᠪᠣᠯ

ᠥᠮᠡᠭᠡᠢ᠌ᠷᠡᠵᠤ ᠪᠠᠷᠠᠬᠤ ᠶᠢᠨ ᠳᠡᠮᠳᠡᠭ᠌︕

ᠬᠠᠷᠠᠬᠤ ᠳᠤ ᠬᠠᠪᠣ ᠦᠭᠡᠶ ᠭᠡᠳ

ᠬᠠᠷᠠᠳᠠᠢ ᠪᠣᠤ ᠭᠤᠯᠤ ᠭᠡᠦᠭᠡᠡᠴᠦᠳ ᠡ

ᠬᠠᠯᠠᠭᠤᠨ ᠳᠤᠯᠠᠭᠠᠨ ᠵᠢᠷᠦᠭᠡ ᠲᠡᠶ ᠪᠣᠯ

ᠬᠠᠨᠢ ᠶᠢᠨ ᠵᠠᠶᠠᠭ᠎ᠠ ᠪᠠᠨ ᠬᠤᠯᠪᠣ︕

ᠭᠦᠮᠤᠨ ᠳᠤ ᠬᠤᠪᠢ ᠪᠠᠷ ᠠᠨᠠᠢ ᠭᠡᠳ

ᠭᠡᠳᠦᠷᠭᠡᠢ ᠪᠣᠤ ᠭᠤᠯᠤ ᠭᠦᠦᠴᠦᠳ ᠡ

ᠭᠡᠳᠥᠢ᠌ᠳᠡᠭ᠍ᠰᠡᠨ ᠮᠡᠷᠭᠡᠨ ᠣᠬᠠᠭᠠᠨ ᠲᠡᠶ ᠪᠣᠯ

ᠬᠠᠷ᠎ᠠ ᠦᠰᠦ ᠪᠠᠨ ᠬᠤᠯᠪᠣ︕

ᠳᠦᠷᠢᠮᠡᠭᠡᠢ ᠵᠠᠩ ᠲᠡᠶ ᠵᠠᠯᠠᠭᠤ ᠵᠢ

ᠳᠡᠩᠳᠡᠭᠦᠤ ᠪᠣᠤ ᠳᠤᠭᠤ ᠭᠡᠦᠭᠡᠡᠴᠦᠳ ᠡ

ᠲᠦᠪᠰᠢᠨ ᠠᠮᠤᠭᠤᠯᠠᠩ ᠠᠮᠢᠳᠤᠷᠠᠯ ᠤᠨ ᠴᠢᠨᠢ

ᠳᠦᠷᠪᠡᠨ ᠤ ᠭᠤᠷᠪᠠ ᠨᠢ ᠭᠡᠷᠡᠭᠦᠯ︕

ᠰᠠᠯᠠᠩ ᠵᠠᠳᠠᠭᠠᠢ ᠭᠡᠦᠭᠡᠨ ᠢ

ᠰᠠᠢ᠌ᠮᠰᠤᠷᠠᠵᠤ ᠪᠣᠤ ᠳᠤᠭᠤ ᠭᠦᠦᠴᠦᠳ ᠡ

ᠰᠠᠢ᠌ᠬᠠᠨ ᠢᠷᠡᠭᠡᠳᠥᠢ᠌ᠳᠤ ᠠᠮᠢᠳᠤᠷᠠᠯ ᠤᠨ ᠴᠢᠨᠢ

ᠰᠠᠢ᠌ᠨ ᠬᠠᠭᠠᠰ ᠨᠢ ᠭᠡᠷᠡᠭᠦᠯ︕

ᠠᠷᠢᠭᠤᠨ ᠰᠡᠳᠭᠢᠯᠳᠤ ᠵᠠᠯᠠᠭᠤ ᠳᠠᠢ

ᠠᠭᠰᠢᠷᠠᠳᠠᠯ᠎ᠠ ᠠᠮᠢᠳᠤᠷᠠᠬᠤ ᠶᠢ ᠪᠣᠳᠤ ᠭᠡᠦᠭᠡᠡᠴᠦᠳ ᠡ

ᠠᠭᠠᠭ ᠲᠡᠶ ᠪᠣᠳᠠᠭ᠎ᠠ ᠢᠳᠠᠪᠠᠴᠤ

ᠠᠯᠳᠠ ᠪᠠᠷ ᠰᠤᠯᠢᠬᠤ ᠦᠭᠡᠶ ᠵᠢᠷᠭᠠᠯ︕

ᠦᠨᠡᠠᠴᠢ ᠴᠠᠢ᠌ᠯᠭᠠᠨ ᠦᠬᠢᠨ ᠳᠠᠢ

ᠦᠳᠡᠯᠤᠳᠠᠯ᠎ᠠ ᠰᠠᠭᠤᠬᠤ ᠶᠢ ᠪᠣᠳᠤ ᠭᠦᠦᠴᠦᠳ ᠡ

ᠡᠮᠦᠰᠦᠭ᠍ᠰᠡᠨ ᠬᠤᠪᠴᠠᠰᠤ ᠴᠢᠨᠢ ᠨᠥᠭᠦᠭᠡᠰᠤ ᠲᠡᠶ ᠴᠤ

ᠡᠷᠳᠡᠨᠢ ᠪᠠᠷ ᠰᠤᠯᠢᠬᠤ ᠦᠭᠡᠶ ᠵᠢᠷᠭᠠᠯ︕

ᠴᠢᠩ ᠦᠨᠡᠨ ᠭᠡᠵᠤ ᠪᠣᠳᠤᠭᠰᠠᠨ ᠪᠣᠯ

ᠴᠡᠭᠡᠵᠢᠯᠡᠵᠤ ᠶᠠᠪᠣᠨ᠎ᠠ ᠦᠦ ᠵᠠᠯᠠᠭᠤᠴᠤᠳ ᠡ

ᠴᠡᠩᠭᠡᠭ᠌ ᠨᠠᠭᠤᠷ ᠤᠨ ᠣᠰᠤᠨ ᠳᠤ ᠰᠠᠷᠠ ᠣᠨᠠᠭᠰᠠᠨ ᠶᠢᠡᠷ ᠰᠠᠨᠠᠨ᠎ᠠ ᠦᠦ︕

ᠴᠠᠯᠴᠢᠶ᠎ᠠ ᠬᠤᠭᠤᠰᠤᠨ ᠭᠡᠵᠤ ᠪᠣᠳᠤᠭᠰᠠᠨ ᠪᠣᠯ

ᠴᠠᠭᠠᠰᠢ ᠣᠷᠭᠢᠨ᠎ᠠ ᠦᠦ ᠵᠠᠯᠠᠭᠤᠴᠤᠳ ᠡ

ᠴᠠᠰᠤᠳᠤ ᠠᠭᠤᠯᠠ ᠶᠢᠨ ᠣᠷᠤᠢ ᠳᠡᠭᠡᠷ᠎ᠡ ᠴᠢᠨ᠋ᠸ᠎ᠠ ᠣᠯᠢᠭᠰᠠᠨ ᠶᠢᠡᠷ ᠳᠤᠭᠠᠴᠠᠨ᠎ᠠ ᠦᠦ︕

ᠪᠢ ᠭᠡᠯᠡᠭᠡᠳ ᠭᠡᠷᠡᠭ᠌ ᠥᠭᠡᠢ

ᠴᠢ ᠭᠢᠪᠠᠯ ᠮᠠᠳᠠᠨ᠎ᠡ᠂

ᠪᠦᠳᠦᠷᠢᠵᠤ ᠣᠢ᠌ᠴᠢᠬᠤ ᠦᠶ᠎ᠡ ᠳᠤ ᠪᠠᠨ

ᠪᠠᠳᠠᠭ ᠰᠢᠯᠦᠭ᠌ ᠢ ᠮᠢᠨᠢ ᠳᠤᠷᠠᠰᠤ︕


ᠵᠤᠬᠢᠶᠠᠭᠴᠢ ᠶᠢᠨ ᠬᠠᠶ‍ᠢᠭ ᠄ ᠵᠠᠰᠠᠭᠳᠤ ᠬᠤᠰᠢᠭᠤ

ᠵᠤᠬᠢᠶᠠᠭᠴᠢ᠄ ᠳᠡᠭ᠍ᠷᠢᠡᠰᠡᠯᠭᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ