☆ ᠱᠠ᠊·ᠬᠠᠳᠠᠪᠴᠢ
ᠣᠯᠠᠨ ᠵᠢᠯ ᠤᠨ ᠳᠠᠷᠠᠭ᠎ᠠ ᠶᠢᠰᠦᠳᠦᠭᠡᠷ ᠠᠰᠠᠷ ᠴᠢᠨᠢ ᠮᠦᠨ ᠯᠠ ᠣᠰᠤᠨ ᠴᠡᠩᠭᠡᠷᠯᠡᠨᠡ
᠊᠊᠊᠊᠊᠊᠊᠊᠊᠊᠊᠊᠊᠊᠊ ᠲᠦᠪ ᠤᠨ ᠦᠨᠳᠦᠰᠦᠳᠠᠨ ᠤ ᠶᠡᠭᠡ ᠰᠤᠷᠭᠠᠭᠤᠯᠢ ᠳ᠋ᠤ
ᠲᠦᠮᠡᠨ ᠵᠠᠯᠠᠭᠤᠰ ᠤᠨ ᠬᠠᠷᠠᠴᠠ ᠶᠢ ᠳᠠᠳᠠᠳᠠᠭ
ᠴᠡᠴᠡᠭ᠍ᠳᠤ ᠶᠢᠰᠦᠳᠦᠭᠡᠷ ᠪᠠᠢ᠌ᠷᠢ ᠭᠡᠵᠤ ᠪᠠᠢ᠌ᠳᠠᠭ
ᠳᠦᠷᠦᠭᠦᠭᠡᠨ ᠪᠢ ᠬᠠᠵᠠᠭᠤ ᠪᠠᠷ ᠨᠢ ᠥᠩᠭᠡᠷᠡᠭ᠍ᠰᠡᠨ
ᠡᠷᠭᠢᠵᠤ ᠭᠡᠵᠢᠶ᠎ᠡ ᠴᠤ ᠴᠡᠴᠡᠭᠯᠡᠭᠦ ᠶᠤᠰᠤ ᠦᠭᠡᠶ
ᠥᠯᠢᠭᠡᠷ ᠨᠢ ᠨᠣᠢ᠌ᠳᠠᠨ ᠳᠠᠷᠠ ᠨᠢᠭᠡ ᠮᠤᠳᠤᠨ ᠤ ᠮᠦᠴᠢᠷ ᠡᠴᠡ
ᠦᠪᠡᠷ ᠢ ᠪᠠᠨ ᠳᠡᠭᠦᠭᠦ ᠭᠡᠵᠤ
ᠡᠯᠡᠭ᠍ᠳᠡᠵᠤ ᠣᠷᠠᠭᠳᠠᠭᠰᠠᠨ ᠬᠠᠢ᠌ᠷ᠎ᠠ ᠪᠠᠨ ᠳᠡᠭᠦᠭᠦ ᠭᠡᠵᠤ
ᠦᠨᠦᠳᠤᠷ ᠪᠢ
ᠡᠭᠦᠳᠡᠨ ᠳᠤ ᠴᠢᠨᠢ ᠢᠷᠠᠯ᠎ᠠ
ᠶᠢᠰᠦᠳᠦᠭᠡᠷ ᠠᠰᠠᠷ ᠢᠨᠠᠭ ᠶᠢᠡᠷ ᠠᠮᠢᠰᠬᠤᠨ᠎ᠠ
ᠥᠭᠡ ᠪᠠᠨ ᠪᠢ ᠪᠣᠴᠠᠭᠠᠵᠤ ᠴᠢᠳᠠᠬᠤ ᠦᠭᠡᠶ ᠡ
ᠳᠤᠷᠤᠨᠠᠳᠠᠭᠢᠨ ᠤ ᠰᠢᠷ᠎ᠠ ᠪᠦᠷᠦᠢ ᠰᠢᠭ ᠰᠢᠳᠠᠵᠤ
ᠳᠤᠭᠣᠢ᠌ᠬᠠᠨ ᠠᠰᠠᠵᠤ ᠲ᠋ᠤᠭᠳᠤᠯᠵᠤ ᠲ᠋ᠤᠤᠷ᠎ᠠ ᠨᠢ ᠵᠤᠭᠰᠤᠭᠰᠠᠨ
ᠵᠢᠷ ᠤᠨ ᠳᠠᠷᠠ ᠨᠢᠭᠡ ᠮᠤᠳᠤᠨ ᠤ ᠮᠦᠴᠢᠷ ᠡᠴᠡ
ᠵᠢᠷᠭᠢᠵᠤ ᠣᠳᠤᠭᠰᠠᠨ ᠣᠨ ᠰᠠᠷ᠎ᠠ ᠨᠤᠭᠤᠳ
ᠵᠢᠪᠠᠷᠯᠠᠵᠤ ᠢᠷᠡᠭᠡᠳ ᠵᠢᠪᠠᠷᠯᠠᠵᠤ ᠣᠳᠤᠨ᠎ᠠ
ᠣᠠᠳᠠᠷᠠᠵᠤ ᠴᠤᠴᠠᠰᠢ ᠦᠭᠡᠶ ᠭᠠᠯ ᠪᠣᠯᠵᠤ ᠳᠦᠷᠡᠯᠵᠡᠭᠦ
ᠦᠨᠢ ᠶᠢᠨ ᠨᠢᠭᠡᠨ ᠬᠠᠢ᠌ᠷ᠎ᠠ ᠳᠤ ᠦᠷᠪᠦᠯᠵᠠᠨᠠ
ᠪᠢ ᠶᠢᠰᠦᠳᠦᠭᠡᠷ ᠠᠰᠠᠷ ᠶᠢᠡᠷ ᠠᠮᠢᠰᠬᠤᠯ᠎ᠠ
ᠡᠷᠭᠢᠨ ᠬᠠᠷᠠᠬᠤ ᠳᠤ ᠶᠢᠰᠦᠳᠦᠭᠡᠷ ᠠᠰᠠᠷ
ᠣᠰᠤᠨ ᠤ ᠮᠠᠠᠳᠠᠯ ᠰᠢᠭ ᠦᠶᠡᠯᠵᠠᠨᠠ
ᠰᠡᠭᠦᠳᠡᠷ ᠢ ᠮᠢᠨᠢ ᠭᠦᠷᠳᠡᠯ᠎ᠡ ᠣᠯᠠᠨ ᠰᠠᠴᠤᠷᠠᠭ ᠶᠢᠡᠷ ᠵᠢᠷᠤᠳᠠᠭ
ᠰᠦᠨᠢ ᠶᠢᠨ ᠳ᠋ᠸᠩ ᠤᠨ ᠳᠤᠤᠷ᠎ᠠ
ᠰᠡᠮᠡᠷᠡᠭ᠍ᠰᠡᠨ ᠨᠢᠭᠡᠨ ᠬᠠᠢ᠌ᠷ᠎ᠠ ᠶᠢᠨ ᠪᠠᠯᠠᠷᠠᠵᠤ ᠣᠤᠠᠬᠤ ᠮᠦᠷ ᠶᠢᠡᠷ
ᠰᠡᠳᠭᠢᠯ ᠶᠢᠡᠨ ᠰᠡᠷᠢᠭᠦᠴᠡᠭᠦᠯᠤᠨ ᠱᠥᠭᠦᠭᠦ ᠳᠤ
ᠰᠡᠭᠦᠯᠴᠢ ᠶᠢᠨ ᠭᠡᠷᠡᠯ ᠶᠢᠡᠨ ᠬᠤᠷᠢᠶᠠᠨ ᠬᠤᠷᠢᠶᠠᠳᠠᠯ᠎ᠠ
ᠴᠡᠴᠡᠭ᠍ᠳᠤ ᠶᠢᠰᠦᠳᠦᠭᠡᠷ ᠠᠰᠠᠷ ᠢᠨᠠᠭ ᠤᠨ ᠥᠩᠭᠡ ᠪᠠᠷ ᠰᠤᠯᠤᠩᠭ᠋ᠠᠷᠠᠨ᠎ᠠ
ᠥᠭᠡ ᠦᠭᠡᠶ ᠪᠣᠴᠠᠶ᠎ᠠ ᠭᠡᠵᠤ
ᠥᠭᠡ ᠪᠠᠨ ᠪᠢ ᠪᠣᠴᠠᠭᠠᠶ᠎ᠠ ᠭᠡᠵᠤ
ᠦᠪᠡᠷ ᠡᠴᠡ ᠪᠠᠨ ᠠᠰᠠᠭᠤᠬᠤ ᠳᠤ
ᠶᠢᠰᠦᠳᠦᠭᠡᠷ ᠠᠰᠠᠷ ᠬᠠᠷᠢᠭᠤᠯᠳᠠ ᠪᠠᠢ᠌ᠯ᠎ᠠ
ᠡᠷᠭᠢᠨ ᠬᠠᠷᠠᠬᠤ ᠳᠤ ᠡᠷᠭᠢᠨ ᠬᠠᠷᠠᠬᠤ ᠳᠤ ᠯᠠ
ᠶᠢᠰᠦᠳᠦᠭᠡᠷ ᠠᠰᠠᠷ ᠴᠢᠨᠢ ᠮᠦᠨ ᠯᠠ ᠣᠰᠤᠨ ᠴᠡᠩᠭᠡᠷᠯᠡᠨᠡ ᠁
ᠪᠠᠭᠡᠵᠢᠩ 《ᠶᠡᠭᠡ ᠊᠊᠊᠊᠊᠊᠊᠊᠊᠊᠊᠊᠊᠊᠊ ᠠᠶᠠᠨ》 ᠣᠯᠠᠨ ᠣᠯᠤᠰ ᠤᠨ ᠵᠢᠭᠤᠯᠴᠢᠯᠠᠯ ᠤᠨ ᠥᠢᠯᠡᠴᠢᠯᠡᠭᠡᠨ ᠤ ᠺᠦᠮᠫᠠᠨᠢ
msn: Borjin80@yahoo.cn
ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3193
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ