☆ ᠨᠠ᠊·ᠬᠦᠬᠡᠰᠢᠭᠤᠢ
ᠰᠡᠭᠡᠭᠡᠷᠡᠯ
ᠠᠷᠢᠭᠢ ᠣᠤᠭᠤᠵᠤ ᠵᠤᠪᠠᠭᠰᠠᠭᠠᠷ
ᠠᠭᠢᠵᠤ ᠯᠠ ᠣᠤᠭᠤᠬᠤ ᠦᠭᠡᠶ ᠭᠡᠵᠤ
ᠳᠠᠭᠢᠵᠤ ᠪᠣᠤ ᠠᠮᠠᠯᠳᠠᠶᠠ᠂
ᠠᠷᠢᠭᠢ ᠪᠠᠨ ᠬᠣᠢ᠌ᠰᠢᠳᠠ ᠪᠢᠳᠠ
ᠪᠠᠭ᠎ᠠ ᠰᠢᠭ ᠣᠤᠭᠤᠶ᠎ᠠ᠃
ᠠᠮᠢᠳᠤᠷᠠᠯ ᠪᠠᠭ᠎ᠠ ᠭᠦᠴᠢᠷᠳᠡᠭ᠍ᠰᠡᠭᠡᠷ
ᠠᠢ︕ ᠱᠠᠯ ᠳᠠᠮᠠᠢ ᠭᠡᠵᠤ
ᠭᠡᠵᠢᠶᠡᠳᠡ ᠪᠣᠤ ᠰᠡᠭᠦᠷᠡᠰᠦᠯᠡᠶᠡ᠂
ᠠᠯᠭᠤᠷ ᠠᠭᠠᠵᠢᠮ ᠶᠢᠡᠷ
ᠳᠠᠮᠠᠴᠠᠵᠤ ᠶᠠᠪᠣᠶ᠎ᠠ᠃
ᠦᠨᠡᠨ ᠶᠢᠡᠷ ᠶᠢᠡᠨ ᠶᠠᠪᠣᠪᠠᠯ ᠭᠡᠵᠤ
ᠪᠢᠳᠠ ᠪᠣᠤ ᠢᠳᠡᠭᠡᠶ᠎ᠡ᠂
ᠥᠭᠡᠷ ᠳᠡᠷᠭᠡ ᠪᠠᠷ ᠭᠡᠵᠢᠶ᠎ᠡ
ᠳᠠᠤᠯᠠᠢ ᠭᠦᠢᠴᠡᠭᠦ ᠪᠢᠯᠠ︖
ᠪᠠᠯᠠᠨ ᠶᠢᠡᠨ ᠢᠳᠠᠨ᠎ᠠ ᠭᠡᠵᠤ
ᠪᠠᠰᠠ ᠪᠣᠤ ᠵᠠᠯᠬᠠᠭᠤᠷᠠᠶᠠ᠂
ᠪᠠᠯᠠᠨ ᠪᠣᠳᠠᠭ᠎ᠠ ᠪᠠᠷ ᠶᠠᠭᠠᠭᠢᠵᠤ
ᠪᠠᠩᠰᠢ ᠰᠤᠯᠢᠨ᠎ᠠ ᠪᠢᠯᠠ︖
ᠬᠤᠷᠤᠳ ᠶᠢᠡᠨ ᠪᠢᠳᠠ
ᠬᠤᠳᠠᠯᠳᠤᠵᠤ ᠰᠤᠷᠤᠶ᠎ᠠ᠂
ᠬᠤᠷᠭᠤ ᠪᠠᠨ ᠪᠢᠳᠠ
ᠣᠨᠢᠰᠤᠯᠠᠵᠤ ᠰᠤᠷᠤᠶ᠎ᠠ᠃
ᠬᠤᠯᠠ ᠶᠢ ᠪᠢᠳᠠ
ᠬᠠᠷᠠᠵᠤ ᠰᠤᠷᠤᠶ᠎ᠠ᠂
ᠬᠤᠵᠢᠮ ᠶᠢᠡᠨ ᠪᠢᠳᠠ
ᠪᠣᠳᠤᠵᠤ ᠰᠤᠷᠤᠶ᠎ᠠ᠃
ᠮᠠᠯ ᠶᠢᠡᠨ ᠥᠵᠡᠭᠡᠤᠨ ᠯᠠ
ᠮᠠᠨᠢ ᠪᠠᠨ ᠳᠤᠭᠠᠯᠠᠭᠠᠤᠨ ᠯᠠ
ᠮᠢᠬ᠎ᠠ ᠪᠠᠨ ᠢᠳᠡᠭᠡᠤᠨ ᠯᠠ
ᠮᠠᠩᠰᠢᠭᠤᠷᠠᠵᠤ ᠭᠡᠪᠳᠡᠭᠡᠤᠨ ᠯᠠ
ᠠᠮᠢᠳᠤᠷᠠᠵᠤ ᠣᠳᠤ
ᠪᠣᠯᠬᠤ ᠦᠭᠡᠶ ᠪᠣᠯᠵᠠᠢ ᠰᠢᠤ︕
ᠮᠠᠰᠢᠨ ᠤ ᠳᠠᠭᠤ
ᠮᠠᠯ ᠤᠨ ᠮᠥᠭᠡᠷᠡᠭᠡ
ᠮᠠᠷᠭᠠᠰᠢ ᠶᠢᠨ ᠮᠡᠳᠡᠭᠡ
ᠥᠴᠦᠭᠡᠳᠦᠷ ᠤᠨ ᠰᠤᠨᠢᠨ
ᠮᠠᠨ ᠢ ᠣᠳᠤ
ᠰᠢᠬᠠᠮᠳᠠᠭᠤᠯᠵᠤ ᠡᠭᠢᠯᠡᠵᠡᠢ ᠰᠢᠤ︕
ᠨᠤᠮ ᠢᠯᠡᠭᠦᠤ ᠣᠩᠰᠢᠬᠤ ᠰᠠᠨ
ᠯᠤᠩᠬᠤ ᠳᠤᠳᠠᠭᠤ ᠭᠠᠷᠭᠠᠬᠤ ᠰᠠᠨ
ᠨᠤᠮᠤᠬᠠᠨ ᠵᠠᠩ ᠶᠢᠡᠨ ᠬᠠᠯᠠᠬᠤ ᠰᠠᠨ
ᠨᠤᠭᠤᠠᠵᠠᠶᠠᠭ᠎ᠠ ᠪᠠᠨ ᠠᠪᠴᠢᠷᠠᠬᠤ ᠰᠠᠨ
ᠬᠤᠪᠢ ᠵᠠᠶᠠᠭ᠎ᠠ ᠪᠠᠨ
ᠥᠭᠦᠨ ᠪᠣᠤ ᠢᠳᠡᠭᠡ
ᠳᠠᠷᠠ ᠱᠠᠯ ᠬᠤᠳᠠᠯ︕
ᠳᠠ ᠬᠤᠪᠢ ᠪᠠᠶ᠎ᠠ ᠪᠠᠨ
ᠦᠪ ᠦᠨᠡᠨ ᠢᠳᠡᠭᠡ
ᠳᠠᠷᠠ ᠵᠢᠪ ᠵᠢᠩᠭᠢᠨᠢ︕
ᠨᠣᠢ᠌ᠷᠮᠤᠭᠯᠠᠵᠤ ᠪᠠᠢ᠌ᠭᠰᠠᠨ ᠴᠡᠴᠡᠭ᠌
ᠰᠢᠭᠦᠳᠡᠷᠢ ᠪᠠᠷ ᠰᠠᠷᠠᠯᠠ ᠰᠢᠤ᠂
ᠨᠤᠷᠮᠠᠯᠠᠵᠤ ᠪᠠᠢ᠌ᠭᠰᠠᠨ ᠭᠠᠯ
ᠰᠠᠯᠭᠢᠨ ᠶᠢᠡᠷ ᠰᠠᠷᠠᠯᠠ ᠰᠢᠤ᠃
ᠨᠤᠭᠳᠤ ᠪᠠᠨ ᠴᠢᠷᠦᠭ᠍ᠰᠡᠨ ᠮᠤᠷᠢ
ᠢᠠᠴᠠᠭᠠᠬᠤ ᠪᠠᠷ ᠰᠠᠷᠠᠯᠠ ᠰᠢᠤ᠂
ᠨᠤᠮᠤᠢ ᠪᠠᠢ᠌ᠭᠰᠠᠨ ᠪᠢᠳᠠ
ᠭᠡᠭᠡᠭ᠍ᠳᠡᠭᠦ ᠪᠠᠷ ᠰᠡᠭᠡᠭᠡᠷᠡᠯᠡ ᠰᠢᠤ ᠁᠁
1993᠂ 9᠂ 18
ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3325
ᠴᠠᠭ᠄ 2005 ᠤᠨ ᠤ 06 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ