ᠨᠡᠪᠲᠡᠷᠡᠨ ᠤᠷᠤᠬᠤ
ᠬᠠᠩᠰᠢ ᠶᠢᠨ ᠡᠳᠦᠷ ᠤᠨ ᠣᠩᠰᠢᠭᠤ

ᠬᠠᠩᠰᠢ


ᠣᠳᠠ ᠭᠦᠯᠦᠭᠡᠯᠡᠨ ᠣᠰᠤᠨ ᠭᠦᠭᠡᠷᠡᠵᠤ

ᠪᠠᠰᠠ ᠨᠢᠭᠡᠨ ᠬᠠᠩᠰᠢ

ᠣᠷᠢᠳᠤ ᠶᠢᠨ ᠭᠦᠮᠦᠰ ᠰᠠᠨᠠᠭᠠᠨ ᠳᠤ ᠪᠠᠭᠤᠵᠤ

ᠳᠤᠷᠠᠰᠤᠯ ᠨᠢᠭᠡᠨᠲᠡ ᠭᠦᠪᠦᠷᠡᠭᠦᠢ


ᠦᠨᠡᠨ ᠤ ᠥᠭᠡ ᠪᠠᠳᠠᠭ ᠪᠠᠳᠠᠭ ᠶᠢᠡᠷ

ᠭᠦᠷᠦᠰᠤᠨ ᠢ ᠨᠠᠪᠳᠠᠯᠤᠨ ᠰᠤᠨᠤᠷᠯᠠᠬᠤᠢ

ᠦᠨᠡᠨ ᠰᠡᠳᠭᠢᠯ ᠭᠦᠢᠰ ᠭᠦᠢᠰ ᠶᠢᠡᠷ

ᠵᠢᠷᠦᠭᠡᠨ ᠤ ᠭᠦᠨ ᠡᠴᠡ ᠳᠡᠯᠭᠡᠷᠡᠭᠦᠢ


ᠮ·ᠡᠷᠭᠢᠮ ᠤᠨ ᠪᠣᠯᠠᠰᠢᠨ ᠳᠡᠭᠡᠷ᠎ᠡ


ᠠᠨᠢᠷ ᠥᠭᠡᠢ᠌ᠳᠡᠭ᠍ᠰᠡᠨ ᠪᠦᠳᠤᠨ ᠰᠢᠯᠢ ᠳᠤ

ᠬᠠᠩᠰᠢ ᠶᠢᠨ ᠰᠠᠯᠭᠢᠨ ᠭᠢᠩᠰᠢᠨ᠎ᠠ

ᠠᠷᠠᠤᠨ ᠤᠨ ᠶᠢᠡᠨ ᠰᠢᠯᠦᠭ᠍ᠴᠢ ᠡᠷᠭᠢᠮ ᠤᠨ ᠪᠣᠯᠠᠰᠢᠨ ᠳᠤ

ᠬᠠᠯᠠᠭᠤᠨ ᠳᠤᠷᠠᠰᠤᠯ ᠪᠠᠳᠠᠭᠯᠠᠨ᠎ᠠ

ᠠᠮᠢᠳᠤ ᠶᠢᠨ ᠳᠠᠮᠤ ᠶᠢ

ᠰᠦᠰᠦ ᠪᠠᠷ ᠶᠢᠡᠨ ᠳᠤᠭᠤᠯᠤᠭᠰᠠᠨ

ᠡᠷ᠎ᠡ ᠭᠦᠮᠤᠨ ᠴᠢ

ᠢᠯᠭᠤᠮ ᠭᠡᠯᠡ ᠪᠠᠨ

ᠵᠢᠷᠤᠭ᠎ᠠ ᠪᠠᠷ ᠰᠣᠢ᠌ᠭᠰᠠᠨ

ᠮᠤᠷᠢᠳᠠᠢ ᠭᠦᠮᠤᠨ ᠴᠢ

ᠥᠭᠡ ᠪᠦᠭᠦᠨ ᠶᠢᠡᠨ

ᠭᠡᠯᠡᠵᠤ ᠪᠠᠷᠠᠭ᠎ᠠ ᠦᠭᠡᠶ ᠶᠠᠪᠣᠭᠰᠠᠨ

ᠶᠠᠭᠠᠷᠠᠤ ᠭᠦᠮᠤᠨ ᠴᠢ

ᠠᠠᠳᠠ ᠪᠦᠭᠦᠨ ᠤ ᠪᠠᠨ ᠰᠡᠳᠭᠢᠯ ᠳᠤ ᠬᠤᠨᠤᠭᠰᠢᠭᠰᠠᠨ

ᠵᠢᠷᠤᠮᠳᠠᠢ ᠭᠦᠮᠤᠨ ᠴᠢ

ᠠᠭᠠᠯᠢ ᠮᠠᠭᠤᠳᠠᠤᠨ ᠢ ᠭᠡᠯᠥᠢᠵᠤ ᠶᠠᠪᠣᠭᠰᠠᠨ

ᠠᠰᠪᠣᠷᠢ ᠭᠦᠮᠤᠨ ᠴᠢ

ᠬᠠᠯᠠᠭᠤᠨ ᠣᠷᠮ᠎ᠠ ᠶᠢ

ᠨᠠᠢ᠌ᠷᠠᠭ ᠲᠤ ᠭᠦᠳᠦᠯᠦᠭ᠍ᠰᠡᠨ

ᠪᠠᠭᠰᠢ ᠮᠢᠨᠢ ᠴᠢ

ᠬᠠᠶᠠ ᠪᠠᠰᠠ

ᠠᠢ᠌ᠷᠠᠭ ᠶᠢᠡᠷ ᠳᠦᠷᠰᠦᠭᠦᠳᠡᠭ᠍ᠰᠡᠨ

ᠠᠬ᠎ᠠ ᠮᠢᠨᠢ ᠴᠢ

ᠠᠮᠢᠳᠤᠷᠠᠯ ᠢ ᠳᠠ

ᠢᠷᠠᠭᠤ ᠨᠠᠢ᠌ᠷᠠᠭ ᠶᠢᠡᠷ ᠠᠮᠳᠠᠯᠠᠵᠤ ᠴᠢᠳᠠᠭᠰᠠᠨ ᠶᠢᠡᠷ

ᠠᠯᠳᠠᠷ ᠶᠢᠡᠨ ᠳᠠ

ᠠᠷᠠᠤᠨ ᠤᠨ ᠶᠢᠡᠨ ᠳᠤᠮᠳᠠ ᠮᠥᠩᠭᠡᠷᠡᠭᠦᠯᠵᠤ ᠴᠢᠳᠠᠭᠰᠠᠨ ᠶᠤᠮ

ᠬᠠᠩᠰᠢ ᠶᠢᠨ ᠡᠳᠦᠷ ᠤᠨ ᠳᠠᠨ ᠤ ᠳᠤᠷᠠᠰᠤᠯ ᠢ

ᠬᠠᠮᠢᠭ᠎ᠠ ᠨᠢᠭᠡ ᠰᠠᠢ᠌ᠯᠤᠨᠠᠮ ᠪᠢ

ᠬᠠᠯᠠᠭᠤᠨ ᠰᠢᠷᠤᠢ ᠪᠠᠨ ᠰᠢᠮ᠎ᠠ ᠪᠠᠷ ᠶᠢᠡᠨ ᠣᠮᠳᠠᠯᠠᠬᠤ

ᠣᠶᠠᠩᠭ᠋᠎ᠠ ᠶᠢᠨ ᠭᠤᠤᠯ ᠶᠢᠡᠨ ᠵᠠᠯᠭᠠᠬᠤ ᠪᠠᠷ

ᠬᠠᠢ᠌ᠷᠠᠳᠠᠢ ᠨᠤᠳᠤᠭ ᠲᠤ ᠪᠠᠨ ᠪᠣᠴᠠᠵᠤ ᠳᠦᠷᠦᠭᠦ ᠶᠢ ᠴᠢᠨᠢ

ᠳᠠᠭᠠᠳᠬᠠᠨᠠᠮ ᠡ ᠪᠢ ︕


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ


ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ