ᠨᠡᠪᠲᠡᠷᠡᠨ ᠤᠷᠤᠬᠤ
ᠶᠡᠭᠡ ᠢᠠᠵᠠᠠᠨᠠᠰᠢ

ᠡᠨ

ᠵᠤ᠋ ᠶᠢᠨ ᠴᠠᠭᠠᠨ᠎ᠠ ᠡᠴᠡ ᠮᠠᠠᠳᠤᠭᠰᠠᠨ ᠨᠠᠷᠠᠨ

ᠬᠠᠭᠠᠰ ᠪᠦᠮᠪᠦᠷᠴᠡᠭ᠌ ᠶᠢᠡᠨ ᠳᠤᠯᠠᠭᠠᠯᠠᠨ ᠭᠡᠷᠡᠯᠳᠦᠭᠦᠯᠦᠨ᠎ᠡ

ᠵᠤᠰᠤᠳᠤ ᠶᠢᠨ ᠴᠢᠭᠤᠯᠭᠠᠨ ᠳᠠᠭᠠᠨ ᠮᠡᠡᠳᠦᠯᠡᠭ᠍ᠰᠡᠨ ᠢᠠᠵᠠᠠᠨᠠᠰᠢ

ᠬᠠᠷᠠᠩᠭ᠋ᠤᠢ ᠮᠤᠩᠭ᠋ᠤᠯ ᠶᠢᠡᠨ ᠳᠤᠶᠠᠭᠠᠷᠠᠭᠤᠯᠤᠨ ᠭᠡᠢ᠌ᠭᠦᠯᠦᠨ᠎ᠡ

ᠳᠡᠭ᠍ᠷᠢ ᠶᠢᠨ ᠭᠢᠵᠠᠭᠠᠷ ᠡᠴᠡ ᠮᠠᠠᠳᠤᠭᠰᠠᠨ ᠨᠠᠷᠠᠨ

ᠳᠠᠯ᠎ᠠ ᠪᠦᠮᠪᠦᠷᠴᠡᠭ᠌ ᠶᠢᠡᠨ ᠳᠤᠯᠠᠭᠠᠯᠠᠨ ᠭᠡᠷᠡᠯᠳᠦᠭᠦᠯᠦᠨ᠎ᠡ

ᠲᠦᠮᠡᠳ ᠬᠤᠰᠢᠭᠤᠨ ᠳᠠᠭᠠᠨ ᠮᠡᠡᠳᠦᠯᠡᠭ᠍ᠰᠡᠨ ᠢᠠᠵᠠᠠᠨᠠᠰᠢ

ᠳᠦᠨᠠᠷ ᠮᠤᠩᠭ᠋ᠤᠯ ᠶᠢᠡᠨ ᠳᠤᠶᠠᠭᠠᠷᠠᠭᠤᠯᠤᠨ ᠭᠡᠢ᠌ᠭᠦᠯᠦᠨ᠎ᠡ

ᠰᠤᠯᠤᠩᠭ᠋᠎ᠠ ᠭᠦᠯᠦᠭᠯᠡᠵᠤ ᠳᠦᠷᠦᠭ᠍ᠰᠡᠨ ᠳᠡᠭᠡᠳᠤ ᠶᠢᠨ ᠶᠢᠡᠨ

ᠰᠤᠳᠤᠨ ᠪᠢᠯᠢᠭ᠌ ᠢ ᠨᠢ ᠣᠳᠤᠮᠯᠠᠵᠤ ᠵᠠᠶᠠᠭᠠᠭᠰᠠᠨ

ᠰᠠᠯᠠᠮ᠎ᠠ ᠬᠤᠷᠣᠢ᠌ᠯᠠᠵᠤ ᠳᠠᠢ᠌ᠯᠠᠯᠳᠤᠭᠰᠠᠨ ᠠᠪᠣ ᠶᠢᠨ ᠶᠢᠡᠨ

ᠰᠢᠠᠳᠠᠰᠤ ᠵᠤᠷᠢᠭ ᠢ ᠨᠢ ᠣᠯᠠᠮᠵᠢᠯᠠᠵᠤ ᠵᠠᠶᠠᠭᠠᠭᠰᠠᠨ

ᠡᠪᠭᠡᠵᠤ ᠬᠠᠭᠤᠴᠢᠷᠠᠭᠰᠠᠨ ᠭᠦᠭᠡ ᠳᠤᠭ ᠶᠢᠡᠨ

ᠡᠩᠰᠢᠷᠡᠳᠡᠯ᠎ᠡ ᠨᠠᠮᠢᠷᠠᠭᠤᠯᠤᠭᠰᠠᠨ ᠶᠡᠭᠡ ᠢᠠᠵᠠᠠᠨᠠᠰᠢ

ᠡᠮᠵᠡᠭᠯᠡᠵᠤ ᠬᠤᠪᠢᠯᠤᠭᠰᠠᠨ ᠰᠢᠷᠬ᠎ᠠ ᠶᠢᠨ ᠰᠢᠭᠦᠰᠤ ᠶᠢ ᠨᠢ

ᠡᠩᠰᠡᠷᠡᠳᠡᠯ᠎ᠡ ᠰᠢᠬᠠᠭᠰᠠᠨ ᠶᠡᠭᠡ ᠢᠠᠵᠠᠠᠨᠠᠰᠢ

ᠦᠨ᠎ᠡ ᠬᠠᠶᠠᠭᠠᠤᠨ ᠴᠢᠩᠯᠡᠭᠦᠷ ᠤᠨ ᠳᠠᠪᠠᠭ ᠲᠤ ᠰᠠᠭᠤᠯᠭᠠᠬᠤ ᠳᠤ

ᠦᠨᠡᠰᠤ ᠪᠣᠯᠤᠭᠰᠠᠨ ᠴᠤ ᠬᠠᠳᠠᠨ ᠡᠴᠡ ᠭᠦᠡᠳᠤ ᠨᠤᠮ ᠲᠡᠶ

ᠥᠨᠡᠯᠡᠭᠦ ᠳᠤ ᠠᠭᠤᠤ ᠭᠡᠳᠡᠭ᠌ ᠥᠭᠡ ᠪᠠᠭᠠᠳᠠᠨ᠎ᠠ

ᠥᠨᠡᠨᠳᠡᠭᠡᠨ ᠠᠭᠤᠯᠠ ᠰᠢᠤ ᠶᠡᠭᠡ ᠢᠠᠵᠠᠠᠨᠠᠰᠢ ᠮᠢᠨᠢ

ᠮᠠᠠᠵᠤ ᠬᠠᠭᠠᠨ ᠤ ᠰᠤᠶᠤᠷᠬᠠᠯ ᠢ ᠭᠦᠷᠳᠡᠭᠡ ᠦᠭᠡᠶ

ᠮᠠᠠᠽᠤᠰᠢᠷᠢ ᠪᠣᠷᠬᠠᠨ ᠤ ᠰᠤᠷᠭᠠᠯ ᠢ ᠭᠦᠯᠢᠶᠡᠭᠡ ᠦᠭᠡᠶ

ᠮᠠᠭᠳᠠᠬᠤ ᠳᠤ ᠥᠰᠦᠭ᠌ ᠭᠡᠳᠡᠭ᠌ ᠶᠠᠭᠤᠮ᠎ᠠ ᠳᠣᠢ᠌ᠯᠳᠠᠨ᠎ᠠ

ᠮᠠᠨ ᠳᠠᠭᠠᠨ ᠰᠥᠰᠦᠭ᠌ ᠰᠢᠤ ᠶᠡᠭᠡ ᠢᠠᠵᠠᠠᠨᠠᠰᠢ ᠮᠢᠨᠢ

ᠳᠤᠭ ᠨᠣᠢ᠌ᠷ ᠲᠠᠭᠠᠨ ᠭᠦᠭᠡ ᠰᠤᠳᠤᠷ ᠶᠢᠡᠨ ᠵᠡᠭᠦᠳᠦᠯᠡᠭᠦ ᠳᠤ

ᠳᠤᠪᠴᠢ ᠳᠤᠯᠳᠤ ᠶᠢᠨ ᠬᠠᠳᠠᠭᠤ ᠵᠠᠭᠢᠶ᠎ᠠ ᠴᠢᠨᠢ ᠬᠠᠩᠭᠢᠨᠠᠨ᠎ᠠ

ᠳᠤᠷᠠᠰᠬᠤ ᠳᠤ ᠳᠠᠭᠤᠤ ᠭᠡᠳᠡᠭ᠌ ᠠᠶᠠᠯᠭᠤ ᠢᠯᠡᠭᠦᠳᠡᠨ᠎ᠡ

ᠲᠦᠮᠡᠨ ᠳ᠋ᠡᠭᠡᠨ᠎ᠡ ᠳᠤᠭ ᠰᠢᠤ ᠢᠠᠵᠠᠠᠨᠠᠰᠢ ᠮᠢᠨᠢ


2008/12/20 ᠪᠣᠭᠤᠳᠤ

ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2700
ᠴᠠᠭ᠄ 2009 ᠤᠨ ᠤ 01 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ