ᠨᠡᠪᠲᠡᠷᠡᠨ ᠤᠷᠤᠬᠤ
ᠴᠢᠮᠢ᠋ᠢ ᠬᠠᠢ᠌ᠷᠠᠯᠠᠭᠰᠠᠨ ᠤ ᠣᠴᠢᠷ

ᠴᠢᠮᠢ᠋ᠢ ᠬᠠᠢ᠌ᠷᠠᠯᠠᠭᠰᠠᠨ ᠤ ᠣᠴᠢᠷ

ᠴᠡᠴᠡᠭ᠌ ᠪᠦᠭᠦᠨ ᠢ ᠢᠴᠢᠭᠡᠮᠡᠷ

ᠴᠡᠪᠠᠷᠭᠡᠨ ᠲᠦᠷᠦᠯ᠎ᠠ ᠭᠡᠵᠤ

ᠴᠢᠮᠢ᠋ᠢ ᠪᠢ ᠬᠠᠢ᠌ᠷᠠᠯᠠᠭ᠎ᠠ ᠥᠭᠡᠢ

ᠴᠢᠩ ᠦᠨᠡᠨ ᠬᠠᠢ᠌ᠷ᠎ᠠ ᠪᠠᠷ ᠶᠢᠡᠨ

ᠣᠶᠠᠷᠠᠨ ᠬᠠᠢ᠌ᠯᠠᠨ ᠵᠢᠷᠭᠠᠨ᠎ᠠ ᠭᠡᠵᠤ

ᠬᠠᠢ᠌ᠷ᠎ᠠ ᠶᠢᠨ ᠦᠷᠢ ᠲᠡᠶ ᠵᠢᠷᠦᠭᠡ ᠪᠠᠨ

ᠭᠡᠦᠭᠡᠨ ᠬᠤᠩᠭ᠋ᠤᠷ ᠴᠢᠮ᠎ᠠ ᠳᠠᠭᠠᠨ ᠳᠤᠰᠢᠶᠠᠯ᠎ᠠ

ᠶ‍ᠢᠷᠳᠢᠠᠴᠤ ᠳᠤ ᠠᠮᠢ ᠨᠠᠰᠤ ᠥᠷᠭᠦᠯᠵᠢᠯᠡᠭᠦᠯᠵᠤ

ᠶᠡᠭᠡ ᠣᠯᠠᠨ ᠭᠠᠢ᠌ᠬᠠᠮᠰᠢᠭ ᠢ ᠪᠦᠳᠦᠭᠡᠳᠡᠭ᠌

ᠬᠤᠷᠸ᠎ᠠ ᠶᠢᠨ ᠮᠡᠷᠭᠡᠳ ᠤᠨ ᠪᠠᠢ᠌ᠭᠠᠯᠢᠭ ᠵᠢᠮ᠎ᠠ ᠪᠠᠷ

ᠬᠤᠶᠠᠭᠤᠯᠠ ᠪᠠᠨ ᠵᠢᠷᠭᠠᠶ᠎ᠠ᠃


1996.11.23


ᠵᠤᠨ ᠤ ᠡᠭᠢᠨ ᠤ ᠵᠥᠭᠡᠯᠡᠨ ᠪᠣᠷᠤᠭᠠᠨ


ᠵᠤᠨ ᠤ ᠡᠭᠢᠨ ᠤ ᠵᠥᠭᠡᠯᠡᠨ ᠪᠣᠷᠤᠭᠠᠨ

ᠵᠡᠭᠦᠳᠤᠨ ᠳᠤᠮᠳᠠᠭᠤᠷ ᠨᠠᠮᠢᠷᠠᠨ᠎ᠠ

ᠵᠥᠭᠡᠯᠡᠨ ᠴᠠᠭᠠᠨ ᠮᠥᠷᠦᠭᠡᠳᠦᠯ ᠊ᠤᠳ

ᠵᠥᠯᠭᠡ ᠰᠢᠭ᠌ ᠶᠢᠡᠨ ᠨᠤᠭᠤᠭᠠᠷᠠᠨ᠎ᠠ

ᠵᠢᠷᠤᠭ ᠤᠨ ᠰᠢᠭ᠌ ᠴᠡᠴᠡᠷᠯᠢᠭ᠌ ᠲᠤ

ᠴᠡᠴᠡᠭ᠌ ᠨᠢ ᠪᠣᠯᠵᠤ ᠭᠠᠩᠬᠤᠭᠰᠠᠨ

ᠵᠤᠯᠵᠠᠭᠠᠨ ᠨᠠᠰᠤᠨ ᠤ ᠳᠤᠷᠠᠰᠤᠯ

ᠵᠢᠷᠦᠭᠡ ᠶᠢ ᠵᠦᠰᠤᠨ ᠪᠦᠮᠪᠦᠷᠢᠨ᠎ᠡ

ᠬᠤᠠᠳᠠᠭ᠎ᠠ ᠳᠤᠭᠳᠠᠭᠰᠠᠨ ᠬᠠᠴᠠᠷ

ᠬᠠᠢ᠌ᠷ᠎ᠠ ᠶᠢᠨ ᠥᠩᠭᠡ ᠪᠠᠷ ᠳᠤᠶᠠᠭᠠᠷᠠᠵᠤ

ᠪᠣᠷᠤᠭᠠᠨ ᠤ ᠴᠡᠩᠭᠡᠷ ᠳᠤᠰᠤᠯ ᠤᠳ ᠰᠢᠭ᠌

ᠪᠣᠳᠤᠯ ᠤᠨ ᠬᠤᠷ᠎ᠠ ᠪᠠᠨ ᠱᠠᠭᠢᠭᠤᠯᠵᠤ

ᠪᠣᠯᠪᠠᠷᠠᠢ ᠬᠠᠴᠠᠷ ᠶᠢᠡᠨ ᠡᠯᠢᠭᠡᠨ ᠳᠤ ᠮᠢᠨᠢ ᠨᠠᠭᠠᠭᠰᠠᠨ

ᠪᠣᠴᠠᠵᠤ ᠢᠷᠡᠭᠦ ᠦᠭᠡᠶ

ᠪᠣᠳᠤᠭ ᠨᠢ ᠣᠨᠠᠭᠰᠠᠨ ᠳᠤᠷᠠᠳᠬᠠᠯ ᠤᠳ

ᠪᠣᠷᠤ ᠵᠢᠷᠦᠭᠡᠨ ᠳᠡᠭᠡᠷ᠎ᠡ

ᠨᠠᠮᠤᠷ ᠤᠨ ᠨᠠᠪᠴᠢᠰ ᠰᠢᠭ ᠭᠦᠡᠳᠦᠭᠡᠨ ᠪᠠᠭᠤᠬᠤ ᠳᠤ

ᠳᠤᠷ᠎ᠠ ᠵᠢᠷᠦᠭᠡ ᠪᠠᠨ ᠳᠤᠰᠢᠶᠠᠨ᠎ᠠ ᠳ᠋ᠠ ᠭᠡᠵᠤ

ᠳᠤᠭᠳᠤᠯᠵᠤ ᠶᠠᠪᠣᠭᠰᠠᠨ ᠬᠤᠷᠢᠨ ᠬᠤᠶᠠᠷ ᠨᠠᠰᠤ ᠪᠠᠨ

ᠶᠠᠭᠠᠭᠢᠬᠤ ᠶᠢᠨ ᠠᠷᠭ᠎ᠠ ᠦᠭᠡᠶ ᠵᠢᠮᠠᠯᠠᠵᠤ

ᠣᠳᠠᠰᠤ ᠨᠢ ᠳᠠᠰᠤᠷᠠᠭᠰᠠᠨ ᠺᠢᠲ᠋ᠠᠷ ᠶᠢᠡᠷ

ᠣᠷᠠᠨ ᠭᠤᠨᠢᠭ ᠶᠢᠡᠨ ᠭᠦᠭ᠍ᠵᠢᠮᠳᠡᠵᠤ ᠰᠤᠷᠤᠯ᠎ᠠ᠃


1996.4.16

ᠵᠤᠬᠢᠶᠠᠭᠴᠢ ᠶᠢᠨ ᠬᠠᠶ‍ᠢᠭ᠄ ᠳ᠋ᠠᠪᠠᠨ ᠪᠠᠯᠭᠠᠰᠤ

ᠵᠤᠬᠢᠶᠠᠭᠴᠢ᠄ ᠪᠣᠷᠵᠢᠭᠢᠨ·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ