ᠨᠡᠪᠲᠡᠷᠡᠨ ᠤᠷᠤᠬᠤ
ᠠᠭᠤᠴᠢᠯᠠᠭᠠᠷᠠᠢ

ᠳᠡᠭᠦᠨ ᠤ ᠨᠢᠭᠡ


ᠠᠯᠢ ᠴᠤ ᠬᠡᠦᠬᠡᠳ ᠡᠴᠡ ᠢᠯᠭᠠᠵᠤ ᠢᠯᠭᠠᠵᠤ

ᠠᠷᠤ ᠳᠤ ᠴᠢᠨᠢ ᠬᠠᠶᠠᠳᠠᠭ ᠠᠯᠴᠢᠭᠤᠷ ᠢ ᠮᠢᠨᠢ ᠠᠭᠤᠴᠢᠯᠠ

ᠠᠷᠤ ᠡᠴᠡ ᠪᠠᠨ ᠨᠡᠭᠡᠭᠦᠯᠭᠦ ᠭᠡᠵᠤ ᠭᠦᠰᠡᠳᠡᠭ᠌ ᠪᠠᠢ᠌ᠭᠰᠠᠨ

ᠠᠳᠬᠤ ᠳᠦᠭᠦᠷᠭᠦ ᠦᠭᠡᠶ ᠪᠠᠢ᠌ᠭᠰᠠᠨ ᠣᠬᠠᠭᠠᠨ ᠢ ᠮᠢᠨᠢ ᠠᠭᠤᠴᠢᠯᠠ


ᠳᠡᠯᠡᠭᠡᠢ ᠵᠢᠨ ᠴᠢᠯᠠᠭᠤ ᠪᠠᠷ ᠴᠢᠮ᠎ᠠ ᠶᠢ ᠡᠷᠭᠢᠨ᠎ᠡ ᠭᠡᠰᠡᠨ

ᠳᠦᠷᠰᠦ ᠦᠭᠡᠶ ᠳᠤᠭᠯᠠᠭᠰᠠᠨ ᠨᠠᠭᠠᠳᠤᠮ ᠢ ᠮᠢᠨᠢ ᠠᠭᠤᠴᠢᠯᠠ

ᠳᠠᠷ᠎ᠠ ᠶᠢᠨ ᠴᠢᠨᠢ ᠳᠡᠷᠭᠡᠳᠡ ᠵᠡᠭᠦᠳᠤ ᠨᠢᠭᠤᠵᠤ ᠥᠩᠭᠡᠷᠡᠭ᠍ᠰᠡᠨ

ᠳᠡᠩᠳᠡᠭᠦᠤ ᠠᠯᠢᠶᠠᠬᠠᠨ ᠪᠠᠢ᠌ᠭᠰᠠᠨ ᠠᠷᠠᠠᠰᠢᠨ ᠢ ᠮᠢᠨᠢ ᠠᠭᠤᠴᠢᠯᠠ


ᠱᠠᠭ᠎ᠠ ᠣᠷᠭᠢᠴᠢᠬᠠᠭᠠᠤᠨ ᠪᠣᠯᠤᠨ᠎ᠠ ᠪᠣᠯᠤᠨ᠎ᠠ ᠭᠡᠵᠤ ᠪᠠᠳᠤᠯᠠᠭᠰᠠᠨ

ᠪᠣᠷᠬᠠᠨ ᠳᠦᠯᠭᠡ ᠶᠢ ᠮᠢᠨᠢ ᠪᠦᠭᠡᠴᠡᠢ᠌ᠯᠵᠤ ᠠᠭᠤᠴᠢᠯᠠ

ᠱᠠᠭᠠᠵᠠᠭᠠᠢ ᠱᠠᠭᠰᠢᠬᠤ ᠪᠠᠷ ᠢᠷᠠᠨ᠎ᠡ ᠢᠷᠠᠨ᠎ᠡ ᠭᠡᠵᠤ ᠪᠠᠶᠡᠷᠯᠡᠭᠰᠡᠨ

ᠪᠠᠭᠡᠵᠢᠩ ᠪᠠᠯᠭᠡ ᠶᠢ ᠮᠢᠨᠢ ᠭᠦᠭᠡᠷᠦᠭᠡᠢ᠌ᠯᠡᠵᠤ ᠠᠭᠤᠴᠢᠯᠠ


ᠬᠠᠮᠢᠭ᠎ᠠ ᠨᠢᠭᠡ ᠭᠠᠵᠠᠷ ᠬᠠᠯᠵᠠ ᠣᠴᠠᠷᠠᠴᠢᠬᠠᠭᠠᠤᠨ

ᠬᠠᠷ᠎ᠠ ᠨᠢᠳᠤᠨ ᠳᠤ ᠴᠢᠨᠢ ᠪᠦᠳᠦᠷᠢᠳᠡᠭ᠌ ᠨᠢᠭᠤᠴᠠ ᠶᠢ ᠮᠢᠨᠢ ᠠᠭᠤᠴᠢᠯᠠ

ᠬᠠᠮᠢᠶ᠎ᠠ ᠦᠭᠡᠶ ᠯᠠ ᠶᠤᠮ ᠰᠢᠭ ᠶᠠᠪᠣᠵᠤ ᠶᠠᠪᠣᠵᠤ

ᠬᠠᠮᠤᠭ ᠶᠠᠭᠤᠮᠠᠨ ᠤ ᠠᠷᠤ ᠳᠤ ᠭᠠᠷᠤᠭᠰᠠᠨ ᠢ ᠮᠢᠨᠢ ᠠᠭᠤᠴᠢᠯᠠ

᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠴᠢᠯᠠᠭᠠᠷᠠᠢ︕


ᠳᠡᠭᠦᠨ ᠤ ᠬᠤᠶᠠᠷ


ᠰᠦᠯᠵᠢᠶᠠᠨ ᠳᠡᠭᠡᠷ᠎ᠡ ᠳᠤᠭᠳᠤᠯᠤᠭᠰᠠᠨ 《ᠰᠤᠯᠢᠶ᠎ᠠ》 ᠶᠢ ᠮᠢᠨᠢ ᠠᠭᠤᠴᠢᠯᠠ

ᠰᠦᠨᠢ ᠶᠢ ᠴᠢᠮᠠᠯᠠᠭᠰᠠᠨ ᠳᠤᠷ᠎ᠠ ᠶᠢ ᠮᠢᠨᠢ ᠠᠭᠤᠴᠢᠯᠠ

ᠰᠡᠭᠦᠷᠡᠰᠤ ᠪᠠᠨ ᠳᠡᠷᠡᠯᠡᠭ᠍ᠰᠡᠨ ᠵᠡᠭᠦᠳᠤ ᠶᠢ ᠮᠢᠨᠢ ᠠᠭᠤᠴᠢᠯᠠ

ᠰᠡᠳᠭᠢᠯ ᠶᠢᠡᠨ ᠠᠷᠭᠠᠳᠠᠭᠰᠠᠨ ᠰᠢᠯᠦᠭ᠌ ᠢ ᠮᠢᠨᠢ ᠠᠭᠤᠴᠢᠯᠠ


ᠡᠷᠭᠢᠭᠦᠯᠵᠤ ᠪᠣᠯᠬᠤ ᠦᠭᠡᠶ ᠵᠠᠶᠠᠭ᠎ᠠ ᠶᠢ ᠠᠭᠤᠴᠢᠯᠠ

ᠡᠷᠭᠢᠵᠤ ᠪᠣᠴᠠᠬᠤ ᠦᠭᠡᠶ ᠨᠠᠰᠤ ᠶᠢ ᠠᠭᠤᠴᠢᠯᠠ

ᠡᠪᠯᠡᠭᠦᠯᠵᠤ ᠪᠣᠯᠬᠤ ᠦᠭᠡᠶ ᠬᠠᠤᠯᠢ ᠶᠢ ᠠᠭᠤᠴᠢᠯᠠ

ᠡᠭᠢᠯᠡᠵᠤ ᠪᠣᠯᠬᠤ ᠦᠭᠡᠶ ᠭᠦᠰᠡᠯ ᠢ ᠠᠭᠤᠴᠢᠯᠠ


ᠬᠤᠷᠭᠤᠳᠠᠵᠤ ᠬᠠᠨᠤᠭᠰᠠᠨ ᠦᠭᠡᠶ ᠳᠤᠷᠠᠳᠬᠠᠯ ᠢ ᠮᠢᠨᠢ ᠠᠭᠤᠴᠢᠯᠠ

ᠬᠤᠳᠠᠯᠠᠵᠤ ᠳᠡᠢ᠌ᠯᠦᠭ᠍ᠰᠡᠨ ᠦᠭᠡᠶ ᠪᠣᠳᠤᠯ ᠢ ᠮᠢᠨᠢ ᠠᠭᠤᠴᠢᠯᠠ

ᠬᠤᠶᠠᠷ ᠰᠠᠠᠴᠢᠭ ᠪᠣᠭᠤᠷᠤᠯᠳᠤᠴᠢᠬᠠᠭᠰᠠᠨ ᠢ ᠮᠢᠨᠢ ᠠᠭᠤᠴᠢᠯᠠ

ᠬᠣᠢ᠌ᠳᠤ ᠲᠦᠷᠦᠯ ᠢ ᠭᠦᠯᠢᠶᠡᠴᠢᠭᠡᠭ᠍ᠰᠡᠨ ᠢ ᠮᠢᠨᠢ ᠠᠭᠤᠴᠢᠯᠠ


ᠠᠭᠤᠷᠯᠠᠵᠤ ᠳᠠᠭᠤᠰᠬᠤ ᠦᠭᠡᠶ ᠠᠭᠤᠷ ᠶᠢᠡᠨ ᠠᠭᠤᠴᠢᠯᠠ

ᠣᠭᠢᠯᠠᠵᠤ ᠳᠠᠭᠤᠰᠬᠤ ᠦᠭᠡᠶ ᠨᠢᠯᠪᠣᠰᠤ ᠪᠠᠨ ᠠᠭᠤᠴᠢᠯᠠ

ᠣᠭᠤᠳᠠᠯᠠᠵᠤ ᠪᠣᠯᠬᠤ ᠦᠭᠡᠶ ᠬᠤᠷᠸ᠎ᠠ ᠶᠢ ᠠᠭᠤᠴᠢᠯᠠ

ᠠᠭᠤᠴᠢᠯᠠᠵᠤ ᠪᠣᠯᠬᠤ ᠦᠭᠡᠶ ᠨᠠᠮᠢ᠋ᠢ ᠠᠭᠤᠴᠢᠯᠠ

᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠴᠢᠯᠠᠭᠠᠷᠠᠢ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠣᠩᠨᠢᠭᠤᠳ ᠬᠤᠰᠢᠭᠤ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ