ᠨᠡᠪᠲᠡᠷᠡᠨ ᠤᠷᠤᠬᠤ
ᠬᠠᠢ᠌ᠷ᠎ᠠ ᠶᠢᠨ ᠴᠢᠮ᠎ᠠ ᠳᠤ ᠪᠠᠨ

ᠴᠡᠯᠮᠡᠭ᠌ ᠳᠡᠭ᠍ᠷᠢ ᠶᠢ ᠰᠢᠷᠳᠠᠨ ᠰᠠᠭᠤᠬᠤᠶ᠎ᠠ

ᠴᠠᠪᠠᠷ ᠠᠭᠠᠷ ᠰᠡᠳᠭᠢᠯ ᠢ ᠰᠡᠷᠭᠦᠭᠡᠨ᠎ᠡ᠂

ᠰᠠᠨᠠᠭᠰᠠᠨ ᠰᠠᠨᠠᠭ᠎ᠠ ᠪᠣᠳᠤᠭᠰᠠᠨ ᠪᠣᠳᠤᠯ ᠵᠢᠠᠨ

ᠰᠠᠪᠠ ᠪᠠᠷ ᠨᠢ ᠠᠭᠤᠳᠠᠯᠯᠠᠨ ᠶᠠᠷᠢᠮᠠᠷ ᠰᠠᠨᠠᠭᠳᠠᠨ᠎ᠠ᠃

       ᠴᠢᠮ᠎ᠠ ᠪᠠᠨ ᠯᠠ ᠭᠡᠰᠡᠨ ᠮᠢᠨᠤ ᠵᠢᠷᠦᠭᠡ

       ᠴᠢᠨᠡᠭᠡ ᠮᠠᠳᠠᠨ ᠴᠤᠭᠢᠯᠠᠨ᠎ᠠ᠂

       ᠬᠠᠯᠠᠭᠤᠨ ᠢᠨᠢᠶᠠᠳᠤ ᠬᠠᠷᠮᠠᠯᠠᠭᠰᠠᠨ ᠬᠠᠷᠠᠴᠠ ᠴᠢᠨᠢ

       ᠬᠠᠢ᠌ᠷ᠎ᠠ ᠰᠡᠳᠭᠢᠯ ᠤᠨ ᠳᠤᠯᠭᠢᠶ᠎ᠠ ᠬᠠᠯᠭᠢᠯᠠᠭᠤᠯᠤᠨ᠎ᠠ᠃

ᠵᠡᠭᠦᠳᠤᠨ ᠳᠤ ᠣᠷᠤᠮᠠᠷ ᠴᠢᠨᠤ ᠵᠢᠰᠤ

ᠵᠢᠷᠦᠭᠡᠨ ᠤ ᠬᠤᠪᠳᠤᠯ ᠳᠤ ᠴᠢᠪ ᠬᠤᠨᠤᠭᠰᠢᠨ᠎ᠠ᠂

ᠵᠣᠢ᠌ᠴᠢᠯᠠᠵᠤ ᠶᠠᠷᠢᠭᠰᠠᠨ ᠥᠭᠡ ᠣᠬᠠᠭᠠᠨ ᠴᠢᠨᠢ

ᠵᠦᠩ ᠪᠢᠯᠢᠭ᠌ ᠤᠨ ᠰᠤᠪᠢᠩ ᠬᠤᠴᠤᠷᠭᠠᠨ᠎ᠠ᠃

              


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ

ᠵᠤᠬᠢᠶᠠᠭᠴᠢ᠄ ᠨᠠᠰᠤᠨ᠊‍᠌ᠦ᠌ᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2011 ᠤᠨ ᠤ 06 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ