ᠨᠡᠪᠲᠡᠷᠡᠨ ᠤᠷᠤᠬᠤ
ᠤᠶᠠᠩᠭ᠋᠎ᠠ ᠶᠢᠨ ᠥᠭᠡᠳᠡᠰᠤ

ᠰᠢᠯᠦᠭ᠌

ᠭᠦᠯᠳᠡᠰᠢ ᠦᠭᠡᠶ ᠮᠥᠩᠭᠡ ᠪᠣᠯᠠᠭ ᠤᠨ

ᠰᠦᠨᠤᠰᠢ ᠦᠭᠡᠶ ᠵᠢᠷᠦᠭᠡ

ᠥᠨᠡᠭᠡᠨ ᠬᠠᠷᠠᠩᠭ᠋ᠤᠢ ᠴᠡᠴᠡᠷᠡᠭᠦ

ᠰᠤᠯᠢᠷ ᠤᠨ ᠠᠭᠱᠠᠨ ᠭᠡᠷᠡᠯ᠃

ᠳᠤᠷᠠᠰᠤᠯ

ᠣᠷᠳᠤ ᠰᠦᠨᠢ ᠶᠢᠨ ᠨᠠᠭᠤᠷ ᠲᠤ ᠮᠡᠯᠳᠡᠢ᠌ᠭᠦ

ᠣᠯᠵᠤ ᠱᠥᠭᠦᠭᠦ ᠦᠭᠡᠶ ᠰᠠᠷᠠ

ᠣᠴᠠᠷᠠᠵᠤ ᠴᠢᠳᠠᠬᠤ ᠦᠭᠡᠶ ᠴᠤ

ᠬᠤᠯᠠᠳᠠᠵᠤ ᠶᠠᠪᠣᠬᠤ ᠦᠭᠡᠶ

ᠵᠡᠭᠦᠳᠤᠨ ᠳᠤ ᠮᠥᠰᠢᠶᠡᠭᠦ ᠨᠠᠷᠠ᠃

ᠪᠣᠳᠤᠯ

ᠬᠠᠢ᠌ᠷ᠎ᠠ ᠶᠢᠨ ᠨᠤᠭᠤᠭᠠᠨ ᠳᠡᠯᠡᠭᠡᠢ ᠳᠤ

ᠥ ᠦᠭᠡᠶ ᠳᠤᠷᠮᠤᠯᠵᠠᠭᠰᠠᠨ

ᠪᠢᠴᠢᠬᠠᠨ ᠨᠠᠭᠤᠷ

ᠬᠠᠮᠢᠭ᠎ᠠ ᠨᠢ ᠳᠤᠩᠰᠤᠯᠤᠯᠳᠠ ᠭᠠᠷᠪᠠᠯ

ᠳᠠᠷᠠ ᠵᠥᠭ᠌ ᠰᠠᠳᠠᠷᠠᠨ᠎ᠠ᠃

ᠵᠠᠮ

ᠴᠢ ᠴᠠᠭᠠᠭᠤᠷ ᠨᠢ ᠶᠠᠪᠣ

ᠪᠢ ᠨᠠᠭᠠᠭᠤᠷ ᠨᠢ ᠶᠠᠪᠣᠶ᠎ᠠ

ᠡᠴᠦᠰ ᠤᠨ ᠥᠷᠳᠡᠭᠡ ᠳᠤ

ᠪᠢᠳᠠ ᠳᠠᠭᠢᠨ ᠵᠤᠯᠭᠠᠶ᠎ᠠ᠃

ᠵᠤᠬᠢᠶᠠᠭᠴᠢ᠄ ᠮᠠ᠊·ᠡᠷᠳᠡᠨᠢᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2708
ᠴᠠᠭ᠄ 2009 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ