ᠨᠡᠪᠲᠡᠷᠡᠨ ᠤᠷᠤᠬᠤ
ᠪᠠ᠊·ᠬᠠᠰᠴᠢᠠᠯᠭᠤ ᠶᠢᠨ ᠶᠠᠪᠠᠭᠠᠨ ᠰᠢᠯᠦᠭ᠌

⒈ ᠣᠪᠣᠭ᠎ᠠ


ᠳᠠᠪᠣᠳᠤᠭᠠᠷ ᠨᠤᠮᠸᠷᠳᠤ ᠪᠠᠭᠤᠳᠠᠯ ᠳ᠋ᠤ

ᠱᠠᠯᠢᠭᠯᠠᠭᠰᠠᠨ ᠭᠦᠮᠦᠰ ᠰᠢᠷᠭᠤᠯᠵᠢ ᠰᠢᠭ ᠰᠠᠭᠰᠠᠯᠵᠠᠨ᠎ᠠ

ᠳᠠᠷᠤᠭ᠎ᠠ ᠶᠢᠨ ᠬᠤᠪᠳᠤᠭ ᠰᠢᠷᠡᠭᠡᠨ ᠳ᠋ᠤ

ᠱᠠᠮᠰᠢᠭᠰᠠᠨ ᠵᠤᠭᠤᠰ ᠴᠠᠭᠠᠰᠤ ᠰᠢᠭ ᠣᠪᠣᠭᠠᠷᠠᠨ᠎ᠠ


⒉ ᠪᠣᠷᠤᠭ᠎ᠠ


ᠪᠦᠭᠦᠯᠢ ᠡᠳᠦᠷ ᠪᠣᠷᠤᠭᠠᠯᠠᠬᠤ ᠳ᠋ᠤ

ᠨᠤᠷᠬᠤ ᠡᠴᠡ ᠠᠶᠤᠵᠤ ᠭᠦᠶ‍ᠦᠯᠳᠦᠨ᠎ᠡ

ᠪᠦᠳᠤᠨ ᠵᠤᠨ ᠭᠠᠩᠳᠠᠬᠤ ᠳ᠋ᠤ

ᠬᠠᠳᠠᠬᠤ ᠡᠴᠡ ᠠᠶᠤᠵᠤ ᠮᠠᠯᠳᠠᠨ᠎ᠠ


⒊ ᠣᠳᠤᠭ᠎ᠠ


ᠠᠭᠤᠰᠭᠢᠨ ᠭᠦᠡᠳᠡᠢ ᠳ᠋ᠤ

ᠮᠤᠭᠠᠢ ᠰᠢᠭ ᠣᠳᠤᠭ᠎ᠠ ᠭᠤᠯᠭᠤᠷᠢᠨ᠎ᠠ

ᠡᠭᠦᠯᠡᠨ ᠵᠠᠪᠰᠠᠷ ᠳᠤ

ᠮᠠᠩᠭ᠋ᠤᠰ ᠰᠢᠭ ᠣᠳᠤᠭ᠎ᠠ ᠬᠣᠢ᠌ᠯᠠᠷᠠᠨ᠎ᠠ


⒋ ᠥᠭᠡᠳᠡ ᠦᠭᠡᠶ ᠡᠷ᠎ᠡ


ᠠᠷᠢᠭᠢᠳᠠᠪᠠᠯ ᠪᠦᠰᠡᠭᠦᠢ ᠳᠤ ᠪᠠᠨ ᠮᠠᠷᠠᠯᠳᠠᠳᠠᠭ

ᠠᠭᠤᠴᠢᠯᠠᠯ ᠦᠭᠡᠶ ᠡᠷ᠎ᠡ ᠰᠡᠷᠡᠭᠡᠷᠡᠢ

ᠠᠭᠤᠷᠯᠠᠪᠠᠯ ᠬᠡᠦᠬᠡᠳ ᠲᠤ ᠪᠠᠨ ᠪᠦᠯᠳᠡᠢ᠌ᠳᠡᠭ᠌

ᠪᠠᠭᠳᠠᠭᠠᠮᠵᠢ ᠦᠭᠡᠶ ᠡᠴᠢᠭᠡ ᠣᠬᠠᠭᠠᠷᠠᠭᠠᠷᠠᠢ


⒌ᠨᠥᠭᠦᠷᠯᠡᠯ ᠰᠢᠯᠦᠭ᠌


ᠠᠢ᠌ᠷᠠᠭ ᠰᠢᠭ ᠴᠠᠪᠠᠷ ᠨᠥᠭᠦᠷᠯᠡᠯ ᠤᠨ ᠳᠦᠯᠦᠭᠡ

ᠬᠠᠭᠠᠰ ᠨᠠᠰᠤ ᠪᠠᠷ

ᠬᠠᠨᠢᠯᠠᠭᠰᠠᠨ ᠨᠠᠷ᠎ᠠ

ᠡᠭᠦᠷᠦᠭ᠍ᠰᠡᠨ ᠴᠤ ᠬᠠᠮᠢᠶ᠎ᠠ ᠥᠭᠡᠢ

ᠠᠯᠳᠠᠢ ᠰᠢᠭ ᠦᠨᠳᠦᠷ ᠣᠢ᠌ᠯᠠᠰ ᠤᠨ ᠳᠦᠯᠦᠭᠡ

ᠭᠢᠯᠢᠰ ᠨᠦᠮᠦᠷᠴᠦ

ᠭᠢᠯᠭᠠᠰᠤᠨ ᠠᠰᠢᠭ

ᠭᠦᠷᠳᠡᠭ᠍ᠰᠡᠨ ᠴᠤ ᠬᠠᠮᠢᠶ᠎ᠠ ᠥᠭᠡᠢ


⒍ ᠬᠤᠤ


ᠰᠢᠭᠡᠰᠤᠨ ᠬᠤᠤ

ᠰᠢᠷᠡᠭᠡᠨ ᠳᠡᠭᠡᠷ᠎ᠡ ᠳᠠᠯᠪᠢᠭᠳᠠᠪᠠᠯ

ᠠᠷᠢᠭᠢᠨ ᠬᠤᠤ

ᠠᠷᠢᠭᠢᠨ ᠬᠤᠤ

ᠠᠷᠤ ᠶᠢᠨ ᠬᠤᠳᠤᠭᠤᠷ ᠲᠤ ᠬᠠᠶᠠᠭᠳᠠᠪᠠᠯ

ᠰᠢᠭᠡᠰᠤᠨ ᠬᠤᠤ


⒎ᠬᠤᠶᠠᠷ ᠮᠦᠷᠳᠤ ᠨᠤᠭᠦᠳ


ᠨᠤᠬᠠᠢ ᠶᠢᠨ ᠮᠢᠬ᠎ᠠ ᠳᠠᠷᠭᠤᠯᠠᠬᠤ ᠳᠤᠳᠤᠮ ᠥᠮᠡᠭᠡᠢ

ᠥᠭᠡᠷ ᠤᠨ ᠮᠢᠬ᠎ᠠ ᠬᠠᠳᠠᠬᠤ ᠳᠤᠳᠤᠮ ᠱᠥᠯᠦᠷᠭᠡᠢ


ᠵᠦᠷᠯᠦᠡᠭ᠌ ᠢ ᠠᠷᠢᠭᠤᠤᠠᠬᠠᠬᠤ ᠳᠤᠳᠤᠮ ᠪᠣᠵᠠᠷ

ᠴᠡᠴᠡᠭ᠌ ᠢ ᠪᠣᠭᠢᠷᠳᠤᠭᠤᠯᠬᠤ ᠳᠤᠳᠤᠮ ᠴᠠᠪᠠᠷ


ᠨᠤᠬᠠᠢ

ᠶᠠᠰᠤ ᠬᠠᠶᠠᠭᠰᠠᠨ ᠭᠦᠮᠤᠨ ᠶᠢᠡᠨ ᠯᠠ ᠳᠠᠭᠠᠨ᠎ᠠ


ᠶᠠᠰᠤ

ᠳᠦᠯᠡᠭ᠍ᠳᠡᠪᠠᠴᠤ ᠴᠠᠭᠠᠨ ᠴᠢᠨᠠᠭᠳᠠᠪᠠᠴᠤ ᠴᠠᠭᠠᠨ


ᠠᠷᠭᠠᠯ ᠢ ᠠᠯᠳᠠ ᠪᠠᠷ ᠦᠨᠡᠯᠠᠪᠠᠴᠤ ᠬᠠᠷᠠᠯᠠᠨ᠎ᠠ

ᠠᠯᠳᠠ ᠶᠢ ᠠᠷᠭᠠᠯ ᠶᠢᠡᠷ ᠬᠠᠶᠠᠪᠠᠴᠤ ᠰᠢᠷᠠᠯᠠᠨ᠎ᠠ


⒏ᠮᠢᠨᠤ ᠬᠠᠵᠠᠭᠤ ᠳᠤ ᠭᠢ ᠭᠦᠮᠦᠰ


A ᠠᠯᠳᠠᠨ ᠪᠠᠶ᠎ᠠ ᠪᠠᠨ ᠬᠠᠳᠠ ᠪᠠᠷ ᠥᠵᠡᠭᠦ

ᠠᠷᠠᠤᠨ ᠤᠨ ᠬᠡᠦᠬᠡᠳ ᠶᠢᠡᠨ ᠴᠡᠴᠡᠭᠡᠢ ᠪᠠᠷ ᠬᠠᠢ᠌ᠷᠠᠯᠠᠬᠤ

B ᠠᠷᠢᠭᠢᠨ ᠯᠤᠩᠬᠤ ᠶᠢ ᠭᠦᠵᠦᠭᠦᠨ ᠳᠤ ᠪᠠᠨ

ᠠᠷᠢᠭᠤᠨ ᠣᠢ᠌ᠯᠠᠰ ᠢ ᠦᠨᠡᠰᠤᠨ ᠳᠤ ᠪᠠᠨ

C ᠬᠤᠪᠢᠨ ᠤ ᠭᠡᠪᠠᠯ ᠠᠳᠬᠤ ᠪᠠᠯᠠᠨ

ᠬᠤᠪᠢᠰᠬᠠᠯ ᠤᠨ ᠭᠡᠪᠠᠯ ᠵᠠᠯᠬᠠᠭᠤ ᠪᠠᠯᠠᠨ

D ᠥᠭᠡ ᠭᠡᠪᠠᠯ ᠥᠭᠦᠯᠳᠡᠭᠡᠳ

ᠣᠢ᠌ᠯᠠᠰ ᠭᠡᠪᠠᠯ ᠴᠤᠭᠢᠯᠳᠤᠭᠠᠤᠨ

E ᠠᠯᠳᠠ ᠶᠢ ᠴᠤ ᠠᠪᠣᠨ᠎ᠠ

ᠠᠪᠳᠠᠷ᠎ᠠ ᠶᠢ ᠴᠤ ᠠᠪᠣᠨ᠎ᠠ

G ᠴᠢᠷᠠᠢ ᠨᠢ ᠭᠦᠮᠤᠨ ᠤ ᠳᠦᠷᠢ ᠳᠠᠢ

ᠴᠢᠨᠠᠷ ᠨᠢ ᠰᠢᠮᠨᠤ ᠶᠢᠨ ᠵᠢᠷᠦᠭᠡ ᠳᠠᠢ


⒐ᠮᠢᠨᠤ ᠳᠠᠨᠢᠳᠠᠭ ᠨᠢᠭᠡᠨ ᠳᠠᠷᠤᠭ᠎ᠠ


ᠮᠤᠭᠠᠢ ᠶᠢᠨ ᠨᠢᠳᠤ ᠲᠡᠶ

ᠨᠤᠬᠠᠢ ᠶᠢᠨ ᠭᠡᠯᠡ ᠳᠠᠢ

ᠭᠠᠬᠠᠢ ᠶᠢᠨ ᠭᠡᠳᠡᠰᠤ ᠲᠡᠶ

ᠪᠢᠯᠵᠤᠤᠬᠠᠢ ᠶᠢᠨ ᠳᠤᠯᠤᠭᠠᠢ ᠲᠡᠶ


⒑ᠨᠠᠮᠢ᠋ᠢ ᠭᠦᠭᠡᠭᠡᠴᠡᠯᠳᠦᠭ᠍ᠰᠡᠨ ᠨᠢᠭᠡᠨ ᠪᠦᠰᠡᠭᠦᠢ ᠳ᠋ᠤ


ᠰᠢᠯᠦᠭ᠌ ᠰᠢᠭ᠌ ᠰᠠᠢ᠌ᠬᠠᠨ ᠠᠮᠢᠳᠤᠷᠠᠳᠠᠭ ᠭᠡᠵᠤ ᠨᠠᠮᠢ᠋ᠢ ᠡᠷᠢᠪᠡ ᠤᠤ?

ᠰᠢᠯᠦᠭ᠌ ᠰᠠᠢ᠌ᠬᠠᠨ ᠪᠢᠴᠢᠳᠡᠭ᠌ ᠭᠡᠵᠤ ᠨᠠᠮᠢ᠋ᠢ ᠰᠠᠨᠠᠪᠠ ᠤᠤ?

ᠰᠢᠯᠦᠭ᠌ ᠠᠮᠢᠳᠤᠷᠠᠯ ᠳᠡᠭᠡᠷ᠎ᠡ ᠳᠤᠭᠳᠠᠳᠠᠭ ᠴᠤ

ᠠᠮᠢᠳᠤᠷᠠᠯ ᠬᠠᠷᠢᠨ ᠰᠢᠯᠦᠭ᠌ ᠳᠡᠭᠡᠷ᠎ᠡ ᠳᠤᠭᠳᠠᠳᠠᠭ ᠦᠭᠡᠶ ᠰᠢᠤ︕

ᠠᠮᠢᠳᠤᠷᠠᠯ ᠰᠢᠭ ᠰᠢᠯᠦᠭ᠌ ᠨᠠᠳᠠ ᠪᠠᠢ᠌ᠳᠠᠭ ᠪᠣᠯᠪᠠᠴᠤ

ᠰᠢᠯᠦᠭ᠌ ᠰᠢᠭ᠌ ᠠᠮᠢᠳᠤᠷᠠᠯ ᠨᠠᠳᠠ ᠪᠠᠢ᠌ᠭ᠎ᠠ ᠦᠭᠡᠶ︕


⒒ᠵᠢᠭ᠍ᠰᠢᠯᠳᠡᠢ ᠨᠢᠭᠡᠨ ᠪᠦᠰᠡᠭᠦᠢ ᠳᠤ


ᠠᠮᠠᠨ ᠳᠡᠭᠡᠷ᠎ᠡ ᠪᠠᠨ ᠪᠠᠯ ᠲᠡᠶ ᠴᠤ

ᠠᠶᠤᠤᠯᠢᠬᠠᠢ ᠳᠤᠳᠤᠷ᠎ᠠ ᠪᠠᠨ ᠭᠦᠨᠦᠭᠡᠯᠳᠤ ᠱᠤᠷᠤ ᠳᠠᠢ

ᠠᠯᠠᠭᠠᠨ ᠳᠡᠭᠡᠷ᠎ᠡ ᠪᠠᠨ ᠴᠡᠴᠡᠭ᠌ ᠲᠡᠶ ᠴᠤ

ᠠᠳᠬᠤᠨ ᠳᠤᠳᠤᠷ᠎ᠠ ᠪᠠᠨ ᠬᠤᠤᠷᠳᠤ ᠮᠠᠰᠠ ᠳᠠᠢ


ᠳᠤᠰ ᠰᠢᠯᠦᠭ᠌ ᠤᠳ ᠢ ᠵᠤᠤᠬ᠎ᠠ ᠭᠡᠭᠦ ᠭᠠᠵᠠᠷ ᠠᠯᠪᠠ ᠬᠠᠭᠠᠵᠤ ᠪᠠᠢ᠌ᠬᠤ ᠳᠤ ᠪᠠᠨ ᠪᠢᠴᠢᠪᠠ

ᠵᠤᠬᠢᠶᠠᠭᠴᠢ᠄ ᠪᠠ᠊·ᠬᠠᠰᠴᠢᠯᠠᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2751
ᠴᠠᠭ᠄ 2009 ᠤᠨ ᠤ 05 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ