☆ ᠪᠣᠷᠵᠢᠭᠢᠨ ᠷᠢᠠᠴᠢᠨ
ᠨᠠᠮᠤᠷ ᠤᠨ ᠨᠠᠪᠴᠢᠰ ᠤᠨ ᠠᠮᠳᠠ
ᠨᠠᠷᠠᠨ ᠡᠴᠠ ᠪᠣᠳᠤᠭ ᠵᠢᠭᠡᠯᠡᠵᠤ
ᠳᠠᠨ ᠢ ᠵᠢᠷᠤᠬᠤ ᠳ᠋ᠤ
ᠰᠢᠯᠦᠭ᠌ ᠤᠨ ᠠᠮᠳᠠ ᠳᠠᠢ
ᠰᠠᠯᠭᠢᠨ ᠡᠴᠠ ᠳᠠᠰᠢᠭᠤᠷ ᠵᠢᠭᠡᠯᠡᠵᠤ
ᠳᠠᠨ ᠢ ᠭᠤᠶᠠᠳᠠᠬᠤ ᠳ᠋ᠤ
ᠨᠢᠯᠪᠣᠰᠤᠨ ᠤ ᠠᠮᠳᠠ ᠳᠠᠢ
ᠳᠠᠭᠤᠨ ᠡᠴᠠ ᠠᠶᠠᠰ ᠵᠢᠭᠡᠯᠡᠵᠤ
ᠳᠠᠨ ᠢ ᠳᠠᠭᠤᠯᠠᠬᠤ ᠳ᠋ᠤ
ᠮᠦᠷᠦᠭᠡᠳᠦᠯ ᠤᠨ ᠠᠮᠳᠠ ᠳᠠᠢ
ᠰᠢᠪᠠᠭᠤᠨ ᠡᠴᠠ ᠳᠠᠯᠠᠪᠴᠢ ᠵᠢᠭᠡᠯᠡᠵᠤ
ᠳᠠᠨ ᠢ ᠵᠤᠷᠢᠬᠤ ᠳ᠋ᠤ
ᠬᠠᠪᠣᠷ ᠤᠨ ᠠᠮᠳᠠ ᠲᠡᠶ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10081
ᠴᠠᠭ᠄ 2012 ᠤᠨ ᠤ 10 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ