☆ ᠨᠠᠩᠷᠤᠪ
ᠰᠠ ᠡᠪᠡᠳᠴᠢᠨ ᠤ ᠰᠤᠪᠢᠯᠠᠯᠳᠠ
ᠴᠠᠭᠠᠨ ᠰᠤᠳᠠᠯ ᠤᠨ ᠡᠭᠢ ᠳᠠᠯᠠᠢ ᠪᠣᠯᠬᠤ ᠳᠠᠷᠢᠭᠢᠨ ᠤ ᠬᠠᠷ᠎ᠠ ᠰᠤᠳᠠᠯ ᠪᠠᠷᠳᠠᠵᠤ ᠳᠤᠷᠭᠢᠭᠰᠠᠨ ᠡᠴᠡ ᠪᠣᠯᠵᠤ ᠴᠢᠰᠤ ᠭᠠᠷᠬᠤ ᠪᠣᠶᠤ ᠴᠢᠰᠤ ᠨᠢ ᠦᠣᠡᠭᠡᠷᠡᠨ ᠳᠠᠷᠢᠭᠢᠨ ᠤ ᠬᠠᠷ᠎ᠠ ᠰᠤᠳᠠᠯ ᠢ ᠪᠦᠭᠯᠡᠵᠤ ᠴᠢᠰᠤᠨ ᠤ ᠭᠦᠶᠦᠳᠡᠯ ᠳᠤ ᠰᠠᠭᠠᠤᠨ ᠲᠡᠶ ᠪᠣᠯᠬᠤ ᠵᠡᠷᠭᠡ ᠪᠠᠷ ᠴᠠᠭᠠᠨ ᠰᠤᠳᠠᠯ ᠤᠨ ᠣᠢ᠌ᠯᠳᠤᠯ ᠭᠢᠮᠤᠷᠠᠯᠳᠠᠵᠤ᠂ ᠳᠡᠭᠦᠨ ᠤ ᠣᠢ᠌ᠯᠠ ᠠᠵᠢᠯᠠᠯᠭ᠎ᠠ ᠳᠤ ᠭᠦᠴᠦᠳᠡᠢ ᠰᠠᠠᠭᠠᠳᠠᠯ ᠣᠴᠠᠷᠠᠵᠤ᠂ ᠭᠡᠨᠡᠳᠲᠡ ᠪᠠᠷ ᠳᠠᠯ᠎ᠠ ᠪᠠᠶ᠎ᠠ ᠮᠠᠳᠠᠷᠠᠯ ᠠᠯᠳᠠᠵᠤ ᠪᠠᠢ᠌ᠬᠤ ᠶᠢ ᠰᠠ ᠡᠪᠡᠳᠴᠢᠨ [ᠲ᠋ᠠᠯ᠎ᠠ ᠪᠠᠶ᠎ᠠ ᠶᠢᠨ ᠳᠠᠮᠪᠠᠷᠠᠯ] ᠭᠡᠵᠤ ᠭᠡᠯᠡᠨ᠎ᠡ᠃
ᠰᠠ ᠡᠪᠡᠳᠴᠢᠨ ᠲᠡᠶ ᠡᠪᠠᠳᠴᠢᠳᠡᠨ ᠢ ᠡᠭᠢᠨ ᠤ ᠦᠶ᠎ᠡ ᠳᠤ ᠦᠨᠳᠦᠷ ᠳᠠᠷᠠ ᠳᠡᠭ᠍ᠡᠷ᠎ᠡ ᠨᠠᠮ ᠵᠢᠮ ᠭᠡᠪᠳᠡᠭᠦᠯᠵᠤ᠂ ᠣᠯᠠᠨ ᠭᠦᠳᠡᠯᠭᠡᠭᠦ ᠶᠢ ᠴᠡᠭᠡᠷᠯᠡᠵᠤ ᠪᠠᠢ᠌ᠬᠤ ᠭᠡᠷᠡᠭ᠍ᠳᠡᠢ᠃ ᠰᠡᠷᠭᠦᠭ᠍ᠰᠡᠨ ᠤ ᠰᠡᠭᠦᠯᠡᠷ ᠪᠠᠶ᠎ᠠ ᠶᠢ ᠨᠢ ᠣᠷᠪᠠᠭᠤᠯᠠ ᠥᠭ᠍ᠴᠤ ᠪᠠᠢ᠌ᠬᠤ ᠭᠡᠷᠡᠭ᠍ᠳᠡᠢ᠃ ᠦᠷᠦᠭᠡᠨ ᠤ ᠠᠭᠤᠷ ᠠᠮᠢᠰᠬᠤᠯ ᠢ ᠵᠠᠪᠠᠯ ᠰᠢᠨ᠎ᠡ ᠰᠤᠷᠭᠤᠭ ᠴᠠᠪᠠᠷ ᠪᠠᠢ᠌ᠯᠭᠠᠬᠤ ᠪᠣᠯ ᠡᠪᠠᠦᠡᠴᠢᠳᠡᠨ ᠤ ᠬᠤᠷᠳᠤᠨ ᠡᠳᠡᠭᠡᠷᠡᠭᠦ ᠳᠤ ᠳᠤᠰᠠᠳᠠᠢ᠂ ᠡᠪᠠᠦᠡᠴᠢᠳᠡᠨ ᠢ ᠰᠠᠢ᠌ᠳᠤᠷ ᠠᠮᠠᠷᠠᠭᠤᠯᠵᠤ ᠣᠶᠤᠨ ᠰᠠᠨᠠᠭᠠᠨ ᠤ ᠳᠠᠷᠤᠭᠠᠰᠤ ᠶᠢ ᠠᠯᠢ ᠴᠢᠳᠠᠬᠤ ᠪᠠᠷ ᠪᠠᠭᠠᠰᠬᠠᠵᠤ ᠪᠠᠢ᠌ᠬᠤ᠂ ᠢᠳᠡᠭᠡᠨ ᠣᠮᠳᠠᠭᠠᠨ ᠤ ᠳᠠᠯ᠎ᠠ ᠪᠠᠷ ᠵᠥᠭᠡᠯᠡᠨ ᠰᠢᠮᠠᠳᠤ ᠵᠣᠢ᠌ᠯ ᠢ ᠪᠠᠭ᠎ᠠ ᠪᠠᠭ᠎ᠠ ᠪᠠᠷ ᠢᠳᠡᠭᠦᠯᠤᠨ᠎ᠡ᠂ ᠳᠡᠭᠡᠭᠦ ᠲᠡᠭᠡᠨ ᠴᠡᠭᠡᠵᠢᠨ ᠪᠠᠶ᠎ᠠ ᠶᠢ ᠳᠡᠭᠡᠷ᠎ᠡ ᠰᠢᠭ᠌ ᠪᠠᠢ᠌ᠯᠭᠠᠵᠤ ᠠᠮᠢᠰᠬᠤᠯ ᠤᠨ ᠵᠠᠮ ᠳᠤ ᠰᠠᠭᠠᠤᠨ ᠣᠴᠠᠷᠠᠬᠤ ᠡᠴᠡ ᠰᠡᠷᠭᠡᠢ᠌ᠯᠡᠭᠦ ᠭᠡᠷᠡᠭ᠍ᠳᠡᠢ᠃ ᠠᠷᠢᠭᠢ ᠳᠠᠮᠠᠭᠢ ᠥᠭᠡᠭᠦ ᠳᠤᠰᠤᠨ ᠤ ᠵᠣᠢ᠌ᠯ ᠪᠠ ᠡᠰᠡ ᠰᠢᠩᠭᠡᠭᠦ ᠢᠳᠡᠭᠡᠨ ᠣᠮᠳᠠᠭᠠᠨ ᠢ ᠴᠡᠭᠡᠷᠯᠡᠭᠦᠯᠵᠤ᠂ ᠰᠢᠨ᠎ᠡ ᠨᠤᠭᠤᠭ᠎ᠠ ᠵᠢᠮᠢᠰ ᠵᠡᠷᠭᠡ ᠵᠥᠭᠡᠯᠡᠨ ᠢᠳᠡᠭᠡᠨ ᠦᠭᠭᠦ ᠨᠢ ᠢᠯᠡᠭᠦᠤ ᠠᠰᠢᠭᠳᠠᠢ ᠶᠤᠮ᠃
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠴᠢᠪᠠᠭ᠎ᠠ ᠪᠠᠯᠭᠠᠰᠤ
ᠵᠤᠬᠢᠶᠠᠭᠴᠢ᠄ ᠨᠠᠩᠷᠤᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 4973
ᠴᠠᠭ᠄ 2011 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ