ᠨᠡᠪᠲᠡᠷᠡᠨ ᠤᠷᠤᠬᠤ
ᠪᠢ ᠮᠤᠷᠢᠳᠠᠢ ᠭᠦᠮᠤᠨ

ᠳᠡᠯᠡᠭᠡᠢ ᠳᠤ ᠭᠠᠭᠴᠠ ᠪᠠᠢ᠌ᠳᠠᠭ

ᠪᠣᠰᠤᠭ᠎ᠠ ᠨᠠᠷ᠎ᠠ ᠲᠡᠶ ᠨᠤᠳᠤᠭ ᠳᠤ

ᠲ᠋ᠡᠭᠡᠷ᠎ᠡ ᠨᠢ ᠢᠯᠡᠭᠦᠤ ᠨᠢᠭᠡ ᠮᠤᠩᠭ᠋ᠤᠯ ᠭᠦᠮᠤᠨ ᠨᠠᠮᠠᠶ᠎ᠠ ᠭᠡᠵᠤ

ᠲ᠋ᠡᠯᠡᠭᠡᠢ ᠨᠡᠮ᠎ᠡ ᠶᠢ ᠳᠦᠷᠦᠭ᠍ᠰᠡᠨ ᠪᠢᠰᠢ᠂

ᠲ᠋ᠡᠭᠡᠳᠦᠰ ᠤᠨ ᠦᠮᠴᠢ ᠵᠢ

ᠲ᠋ᠠᠯ᠎ᠠ ᠶᠢᠨ ᠨᠠᠷᠠ ᠲᠡᠶ ᠴᠤᠭ ᠮᠠᠠᠳᠤᠭᠤᠯᠵᠤ

ᠲ᠋ᠡᠭ᠍ᠷᠢᠯᠢᠭ᠌ ᠰᠦᠯᠳᠡ ᠲᠡᠶ ᠣᠮᠤᠭ ᠪᠠᠷᠳᠠᠮ ᠶᠠᠪᠣᠭᠤᠯᠬᠤ ᠭᠡᠵᠤ

ᠲ᠋ᠡᠯᠡᠭᠡᠢ ᠳᠤ ᠨᠠᠮ᠎ᠠ ᠶᠢ᠌ ᠳᠦᠷᠦᠭᠦᠯᠦᠭ᠍ᠰᠡᠨ ᠶᠤᠮ᠃

ᠭᠦᠮᠤᠨ ᠭᠡᠵᠤ ᠭᠦᠯ ᠳᠤ ᠣᠷᠤᠬᠤ ᠵᠢᠨ ᠣᠬᠠᠭᠠᠨ ᠳ᠋ᠤ

ᠭᠦᠭᠡ ᠳᠡᠭ᠍ᠷᠢ ᠨᠠᠳᠠ ᠡᠴᠡ ᠬᠠᠮᠤᠭ ᠣᠢ᠌ᠷᠠᠬᠠᠨ ᠪᠠᠢ᠌ᠭᠰᠠᠨ

ᠭᠦᠯᠦᠭ᠌ ᠤᠨ ᠨᠢᠷᠤᠭᠤᠨ ᠳ᠋ᠤ ᠭᠠᠩ ᠳᠦᠷᠦᠭᠡ ᠭᠢᠰᠭᠢᠭᠦᠯᠵᠤ

ᠭᠦᠰᠡᠯ ᠤᠨ ᠵᠢᠯᠤᠭᠤ ᠶᠢ ᠬᠤᠯᠠ ᠰᠤᠩᠭ᠋ᠠᠭᠰᠠᠨ ᠶᠤᠮ᠃

ᠡᠮᠨᠢᠭ᠌ ᠣᠨᠠᠭᠤᠯᠵᠤ

ᠡᠷ᠎ᠡ ᠨᠢᠭᠡ ᠭᠦᠮᠦᠵᠢᠭᠦᠯᠦᠨ᠎ᠡ ᠭᠡᠵᠤ

ᠡᠭᠡᠷᠡᠮ᠎ᠡ ᠳᠠᠯ᠎ᠠ ᠳᠤ ᠶᠠᠰᠤ ᠡᠪᠠᠳᠦᠳᠡᠯ᠎ᠡ ᠬᠠᠶᠠᠭᠳᠡᠭᠤᠯᠳᠠᠭ

ᠡᠴᠢᠭᠡ ᠶᠢᠨ ᠬᠠᠳᠠᠭᠤ ᠰᠤᠷᠭᠠᠯ ᠳᠤ ᠭᠡᠴᠡᠭᠦᠤ ᠭᠤᠮᠤᠳᠠᠬᠤ ᠳ᠋ᠠᠭᠠᠨ

ᠣᠶᠠᠭ᠎ᠠ ᠲᠡᠶ ᠮᠤᠷᠢ ᠶᠢ ᠨᠢ ᠬᠠᠵᠠᠭᠠᠷ ᠲᠡᠶ ᠨᠢ ᠳᠤᠳᠠᠭᠠᠯᠭᠠᠵᠤ

ᠣᠷᠭ᠎ᠠ ᠶᠢᠨ ᠡᠰᠢ ᠶᠢ ᠨᠢ ᠬᠤᠭᠤ ᠳᠠᠪᠰᠠᠵᠤ

ᠣᠨᠠᠭ᠎ᠠ ᠭᠦᠳᠦᠯᠵᠤ ᠰᠥᠷᠦᠭ᠌ ᠳᠠᠭᠠᠵᠤ ᠶᠠᠪᠣᠳᠠᠭ

ᠣᠴᠢᠷ ᠦᠭᠡᠶ ᠰᠢᠷ᠎ᠠ ᠭᠦᠤ ᠨᠢ ᠪᠢ ᠪᠠᠢ᠌ᠭᠰᠠᠨ ᠪᠢᠯᠠ᠃

ᠲ᠋ᠠᠯ᠎ᠠ ᠳᠤ ᠳᠦᠷᠦᠳᠡᠭ᠌ ᠭᠡᠦᠭᠡᠤᠨ

ᠮᠤᠷᠢ ᠣᠨᠤᠳᠠᠭ ᠶᠤᠰᠤᠳᠠᠢ ᠪᠠᠢ᠌ᠵᠠᠢ

ᠮᠤᠷᠢ ᠣᠨᠤᠳᠠᠭ ᠭᠦᠮᠤᠨ

ᠲ᠋ᠠᠯ᠎ᠠ ᠶᠢᠨ ᠪᠦᠷᠭᠦᠤᠨ ᠰᠢᠭ᠌ ᠡᠷᠡᠯᠭᠡᠭ᠌ ᠪᠣᠯᠪᠠᠰᠤᠷᠠᠳᠠᠭ ᠵᠠᠩ ᠲᠡᠶ᠃

ᠬᠤᠯᠠ ᠶᠢᠨ ᠬᠤᠯᠠ ᠡᠴᠡ ᠵᠡᠷᠭᠡᠯᠭᠡᠨ ᠳᠠᠰᠤᠯᠵᠤ ᠢᠷᠡᠭᠦ

ᠬᠤᠯᠠᠨ ᠵᠡᠭᠡᠷᠳᠡ ᠶᠢᠨ ᠮᠢᠨᠢ ᠭᠠᠩᠭ᠋ᠠᠨ ᠭᠦᠶ‍ᠦᠳᠡᠯ

ᠬᠤᠷ᠎ᠠ ᠶᠢᠨ ᠳᠤᠰᠤᠯ ᠳᠤ ᠦᠰᠦ ᠨᠤᠷᠭᠠᠯ ᠦᠭᠡᠶ ᠵᠠᠪᠳᠤᠳᠠᠭ

ᠬᠤᠯᠠᠨ ᠵᠡᠭᠡᠷᠳᠡ ᠶᠢᠨ ᠮᠢᠨᠢ ᠰᠤᠮᠤᠨ ᠭᠦᠶ‍ᠦᠳᠡᠯ᠂

ᠠᠶᠠᠨ ᠤ ᠣᠷᠳᠤ ᠶᠢ ᠳᠠᠯ ᠬᠠᠮᠭᠢᠯ ᠦᠭᠡᠶ ᠡᠪᠭᠡᠵᠤ

ᠠᠯᠤᠰ ᠤᠨ ᠵᠠᠮ ᠳᠤ ᠳᠠᠷ ᠮᠠᠭᠤᠳᠠᠯ ᠦᠭᠡᠶ ᠳᠠᠪᠭᠢᠳᠠᠭ

ᠠᠷᠭᠤᠮᠠᠭ ᠭᠦᠯᠦᠭ᠌ ᠤᠨ ᠮᠢᠨᠢ ᠣᠩᠭ᠋ᠤᠨ ᠭᠦᠶ‍ᠦᠳᠡᠯ

ᠠᠭᠤᠤ ᠪᠠᠭᠠᠳᠤᠷᠴᠤᠳ ᠤᠨ ᠮᠢᠨᠢ ᠣᠮᠤᠭ ᠰᠦᠰᠦᠨ᠃

ᠠᠷᠪᠠᠨ ᠭᠤᠷᠪᠠᠳᠤᠭᠠᠷ ᠵᠠᠭᠤᠨ ᠤ ᠠᠭᠳᠠ ᠶᠢᠨ ᠳᠤᠭᠤᠷᠠᠢ

ᠠᠽᠢ ᠶᠢᠨ ᠴᠡᠭᠡᠵᠢᠨ ᠳᠤ ᠳᠠᠭᠠᠮᠠᠭᠯᠠᠭᠳᠠᠨ

ᠠᠷᠳᠠᠭ ᠳᠤᠭᠰᠢᠨ ᠭᠦᠯᠦᠭ᠌ ᠤᠨ ᠣᠮᠤᠭ

ᠠᠰᠢᠳᠠ ᠶᠢᠨ ᠳᠤᠮᠤᠭ ᠪᠣᠯᠵᠤ ᠲ᠋ᠠᠯ᠎ᠠ ᠳᠤ ᠮᠥᠩᠭᠡᠷᠡᠨ᠎ᠡ᠃

ᠡᠵᠡᠨ ᠴᠢᠩᠭᠢᠰ ᠮᠢᠨᠢ ᠳᠠᠭᠢᠨ ᠳᠦᠷᠦᠳᠡᠭ᠌ ᠥᠭᠡᠢ

ᠡᠷᠡᠯᠭᠡᠭ᠌ ᠪᠠᠭᠠᠳᠤᠷᠴᠤᠳ ᠨᠢ ᠣᠳᠤᠮ ᠵᠠᠯᠭᠠᠮᠵᠢᠯᠠᠭᠰᠠᠭᠠᠷ

ᠡᠷᠡᠨ ᠵᠠᠭᠤᠨ ᠤ ᠶᠡᠭᠡ ᠣᠢ᠌ᠯᠠᠰ ᠢ ᠪᠦᠳᠦᠭᠡᠵᠤ

ᠡᠮᠨᠢᠭ᠌ ᠭᠦᠯᠦᠭ᠌ ᠭᠦᠶ‍ᠦᠳᠡᠯ ᠵᠤᠭᠰᠤᠭ᠎ᠠ ᠦᠭᠡᠶ ᠳᠠᠪᠭᠢᠳᠠᠭ᠂

ᠮᠤᠷᠢ ᠪᠣᠯ ᠮᠤᠩᠭ᠋ᠤᠯ ᠭᠦᠮᠤᠨ ᠤ ᠣᠮᠤᠭᠰᠢᠯ

ᠮᠤᠷᠢ ᠪᠣᠯ ᠮᠤᠩᠭ᠋ᠤᠯ ᠭᠦᠮᠤᠨ ᠤ ᠰᠦᠰᠦ ᠵᠤᠷᠢᠭ᠂

ᠮᠤᠷᠢ ᠪᠣᠯ ᠮᠤᠩᠭ᠋ᠤᠯ ᠭᠦᠮᠤᠨ ᠤ ᠪᠠᠭᠠᠳᠤᠷᠯᠢᠭ ᠳᠡᠦᠭᠡ

ᠮᠤᠷᠢ ᠪᠣᠯ ᠮᠤᠩᠭ᠋ᠤᠯ ᠭᠦᠮᠤᠨ ᠤ ᠮᠥᠩᠭᠡ ᠣᠷᠤᠰᠢᠬᠤᠢ︕

ᠰᠡᠷᠭᠦᠯᠡᠩ ᠵᠠᠩ ᠳᠠᠢ

ᠰᠠᠴᠠᠨ ᠣᠬᠠᠭᠠᠨ ᠳᠠᠢ

ᠭᠦᠮᠤᠨ ᠰᠡᠳᠬᠢᠯᠭᠡ ᠳᠠᠢ

ᠭᠦᠭᠡ ᠮᠤᠩᠭ᠋ᠤᠯ ᠤᠨ ᠮᠤᠷᠢ ᠪᠠᠢ᠌ᠳᠠᠭ ᠡᠴᠡ

ᠬᠠᠳᠠᠨ ᠵᠤᠷᠢᠭ ᠳᠠᠢ

ᠬᠠᠨ ᠣᠮᠤᠭ ᠳᠠᠢ

ᠬᠠᠢ᠌ᠷ᠎ᠠ ᠬᠤᠷᠤᠰᠤᠯ ᠳᠤᠳᠤᠷᠬᠠᠢ

ᠬᠠᠮᠤᠭ ᠮᠤᠩᠭ᠋ᠤᠯᠴᠤᠳ ᠭᠡᠵᠢᠶᠡᠳᠡ ᠣᠮᠤᠭᠯᠠᠩ︕

ᠮᠤᠩᠭ᠋ᠤᠯ ᠭᠦᠮᠤᠨ ᠮᠤᠷᠢᠨ ᠤ ᠪᠠᠨ ᠳᠠᠪᠭᠢᠭ᠎ᠠ ᠪᠠᠷ

ᠭᠠᠵᠠᠷ ᠤᠨ ᠶᠡᠭᠡ ᠶᠢ ᠡᠪᠭᠡᠭ᠍ᠰᠡᠨ ᠪᠣᠯ

ᠮᠤᠩᠭ᠋ᠤᠯ ᠭᠦᠮᠤᠨ ᠮᠤᠷᠢᠨ ᠤ ᠪᠠᠨ ᠣᠮᠤᠭ ᠵᠢᠠᠷ

ᠭᠠᠵᠢᠭᠤ ᠪᠣᠷᠤᠭᠤ ᠶᠢ ᠳᠦᠪᠰᠢᠦᠡᠭᠡᠭ᠍ᠰᠡᠨ᠂

ᠮᠤᠩᠭ᠋ᠤᠯ ᠭᠦᠮᠤᠨ ᠮᠤᠷᠢ ᠪᠠᠨ ᠠᠯᠳᠠᠪᠠᠯ

ᠮᠤᠩᠭ᠋ᠤᠯ ᠤᠨ ᠳᠠᠯ᠎ᠠ ᠳᠤ ᠨᠡᠷᠡ ᠪᠦᠳᠡᠭᠢᠷᠡᠨ᠎ᠡ᠂

ᠮᠤᠩᠭ᠋ᠤᠯᠴᠤᠳ ᠮᠤᠷᠢ ᠪᠠᠨ ᠬᠠᠢ᠌ᠷᠠᠯᠠᠬᠤ ᠦᠭᠡᠶ ᠪᠣᠯ

ᠮᠠᠷᠭᠠᠰᠢ ᠶᠢᠨ ᠳᠠᠯ᠎ᠠ ᠳᠤ ᠨᠠᠷᠠ ᠪᠦᠳᠦᠷᠢᠨ᠎ᠡ᠃

ᠪᠢ ᠮᠤᠷᠢᠳᠠᠢ ᠭᠦᠮᠤᠨ

ᠪᠢ ᠶᠠᠭᠤᠨ ᠡᠴᠡ ᠠᠶᠤᠬᠤᠪ︖

ᠪᠢᠳᠠ ᠮᠤᠷᠢᠳᠠᠨ ᠦᠨᠳᠦᠰᠦᠳᠠᠨ

ᠲ᠋ᠡᠯᠡᠭᠡᠢ ᠳᠤ ᠭᠠᠭᠴᠠ ᠪᠠᠢ᠌ᠳᠠᠭ ᠪᠣᠰᠤᠭ᠎ᠠ ᠮᠤᠩᠭ᠋ᠤᠯᠴᠤᠳ ᠡ︕


(2007,5,6 ᠬᠦᠬᠡᠬᠤᠲᠠᠨ᠎ᠡ)

ᠵᠤᠬᠢᠶᠠᠭᠴᠢ᠄ ᠰᠤ᠋·ᠠᠨᠢᠰᠤ
ᠢᠷᠡᠯᠲᠡ᠄ ᠰᠤ᠋·ᠠᠨᠢᠰᠤ
ᠬᠠᠷᠢᠶ᠎ᠠ᠄ ᠰᠢᠯᠦᠭ
ᠳᠠᠷᠤᠮ᠄ 6924
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ