ᠨᠡᠪᠲᠡᠷᠡᠨ ᠤᠷᠤᠬᠤ
ᠪᠢ


ᠡᠳᠦᠷᠵᠢᠨ ᠪᠢ

ᠨᠤᠮ ᠤᠨ ᠳᠠᠯᠠᠢ ᠳᠤ ᠣᠮᠪᠠᠵᠤ

ᠨᠤᠵᠤᠭᠤᠷᠠᠭᠰᠠᠨ ᠳᠠᠷᠢᠭᠢ ᠪᠠᠨ ᠣᠭᠢᠶᠠᠬᠤᠢ

ᠨᠤᠭᠳᠤ ᠦᠭᠡᠶ ᠡᠮᠨᠢᠭ᠌ ᠲᠤ ᠮᠤᠷᠳᠠᠬᠤᠢ

ᠨᠤᠶᠠᠨ ᠣᠷᠭᠢᠯ ᠵᠥᠭ᠌ ᠳᠠᠪᠭᠢᠬᠤᠢ


ᠰᠦᠨᠢᠵᠢᠨ ᠪᠢ

ᠴᠡᠭᠡᠨ ᠳ᠋ᠸᠩ ᠤᠨ ᠭᠡᠷᠡᠯ ᠳᠤᠤᠷ᠎ᠠ

ᠴᠢᠪ ᠴᠢᠮᠡᠭᠡ ᠦᠭᠡᠶ ᠰᠢᠯᠦᠭ᠌ ᠰᠡᠳᠭᠢᠭᠦᠢ

ᠴᠠᠯ ᠨᠤᠭᠤᠭᠠᠨ ᠠᠮᠢᠳᠤᠷᠠᠯ ᠨᠤᠲ᠋ᠯᠠᠬᠤᠢ

ᠴᠡᠩᠭᠡᠯ ᠵᠢᠷᠭᠠᠯ ᠤᠨ ᠳᠠᠯᠠᠪᠴᠢ ᠳᠡᠯᠭᠡᠭᠦᠢ


ᠬᠠᠪᠣᠷᠵᠢᠨ ᠪᠢ

ᠬᠠᠢ᠌ᠷ᠎ᠠ ᠶᠢᠨ ᠳᠤᠬᠠᠢ ᠡᠷᠢᠯ ᠳᠤ ᠮᠤᠷᠳᠠᠵᠤ

ᠬᠠᠮᠤᠭ ᠴᠡᠴᠡᠭ᠌ ᠢ ᠮᠦᠰᠢᠶᠠᠨ ᠳᠡᠯᠭᠡᠷᠡᠳᠡᠯ᠎ᠡ

ᠬᠠᠳᠠᠨ ᠠᠷᠢᠭᠢ ᠰᠢᠭ ᠢᠳᠡᠯᠢᠭ᠌ ᠭᠦᠴᠦᠳᠡᠢ

ᠬᠠᠯᠠᠭᠤᠨ ᠭᠦᠰᠡᠯ ᠤᠨ ᠥᠭᠡ ᠠᠳᠤᠭᠤᠯᠬᠤᠢ


ᠵᠤᠠᠵᠢᠨ ᠪᠢ

ᠵᠤᠰᠠᠯᠠᠩ ᠤᠨ ᠰᠠᠢ᠌ᠬᠠᠨ ᠴᠡᠴᠡᠷᠯᠢᠭ᠌ ᠳᠤ

ᠵᠢᠷᠤᠭ ᠡᠴᠠ ᠭᠤᠶᠤ ᠭᠡᠦᠭᠡᠨ ᠤ

ᠵᠤᠯᠠᠢ ᠳᠡᠭᠡᠷ᠎ᠡ ᠨᠢ ᠦᠨᠦᠰᠴᠤ

ᠵᠠᠭᠤᠨ ᠳᠠᠭᠢᠨ ᠪᠠᠶᠠᠰᠬᠤᠢ


ᠨᠠᠮᠤᠷᠵᠢᠨ ᠪᠢ

ᠰᠢᠪᠠᠭᠤᠨ ᠨᠡᠭᠦᠳᠡᠯ ᠤᠨ ᠳᠤᠭᠤᠰᠤᠨ ᠡᠴᠠ

ᠰᠢᠷᠭᠠᠯ ᠦᠳᠦ ᠶᠢ ᠳᠡᠭᠦᠵᠤ

ᠰᠢᠨ᠎ᠡ ᠵᠠᠭᠤᠨ ᠤ ᠨᠠᠷᠠᠨ ᠳᠤ

ᠰᠢᠵᠢᠷ ᠳᠠᠯᠠᠪᠴᠢ ᠣᠶᠤᠬᠤᠢ


ᠡᠪᠦᠯᠵᠢᠨ ᠪᠢ

ᠠᠭᠠᠷ ᠳᠡᠭ᠍ᠷᠢ ᠡᠴᠠ ᠨᠤᠤᠯᠤᠷ ᠬᠤᠷᠢᠶᠠᠵᠤ

ᠠᠮᠢ ᠨᠠᠰᠤᠨ ᠤ ᠭᠦᠯᠡᠮᠵᠢ ᠡᠰᠭᠡᠨ

ᠠᠪᠠ ᠶᠢᠨ ᠫᠣᠤ ᠶᠢᠨ ᠪᠠᠯᠪᠠᠷᠠᠬᠠᠢ ᠰᠤᠮᠤᠨ ᠡᠴᠠ

ᠠᠰᠫᠢᠷᠠᠠᠲ᠋ ᠴᠤᠯᠠ ᠶᠢᠨ ᠥᠭᠦᠯᠡᠯ ᠨᠠᠢ᠌ᠷᠠᠭᠯᠠᠬᠤᠢ



ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11708
ᠴᠠᠭ᠄ 2012 ᠤᠨ ᠤ 08 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ