☆ ᠵᠢᠯᠠᠮ·ᠮᠠᠠᠳᠤᠪᠠᠶᠠᠷ
ᠬᠠᠨᠢ ᠳᠠᠭᠠᠨ ᠭᠡᠯᠡᠭᠦ ᠥᠭᠡ
ᠴᠢᠮᠠᠳᠠᠭᠠᠨ ᠪᠢ
ᠥᠭᠡ ᠶᠢᠨ ᠳᠠᠳᠤᠢ
ᠬᠠᠢ᠌ᠷᠠᠳᠠᠢ ᠭᠡᠵᠤ ᠭᠡᠯᠡᠭᠡ ᠥᠭᠡᠢ
ᠥᠨᠦᠰᠭᠦ ᠶᠢᠨ ᠲᠦᠯᠦᠭᠡ
ᠬᠠᠢ᠌ᠷᠠᠯᠠᠨ᠎ᠠ ᠭᠡᠵᠤ ᠠᠮᠠᠯᠠᠭᠠ ᠥᠭᠡᠢ
ᠡᠳᠦᠷ ᠬᠤᠨᠤᠭ ᠢ ᠴᠤᠭ ᠡᠯᠡᠭᠡᠵᠤ
ᠣᠢ᠌ᠯᠠᠳᠤ ᠬᠤᠷᠸ᠎ᠠ ᠶᠢ ᠳᠤᠭᠤᠯᠬᠤ ᠰᠠᠨ ᠭᠡᠵᠤ
ᠦᠷ᠎ᠡ ᠶᠢᠨ ᠵᠠᠶᠠᠭ᠎ᠠ ᠶᠢ ᠬᠠᠮᠳᠤ ᠡᠳ᠋ᠯᠡᠵᠤ
ᠦᠰᠦᠨ ᠪᠣᠭᠤᠷᠤᠯᠳᠠᠳᠠᠯ᠎ᠠ ᠵᠢᠷᠭᠠᠬᠤ ᠰᠠᠨ ᠭᠡᠵᠤ
ᠦᠨᠡᠨ ᠬᠠᠢ᠌ᠷ᠎ᠠ ᠪᠠᠨ ᠴᠢᠮᠠᠳᠤ ᠵᠤᠷᠢᠭᠤᠯᠤᠭᠰᠠᠨ
ᠡᠭᠦᠨ ᠢ ᠴᠢ ᠰᠠᠨᠠᠵᠤ ᠶᠠᠪᠣᠭᠠᠷᠠᠢ
ᠡᠭᠦᠨ ᠢ ᠴᠢ ᠰᠨᠠᠬᠤ ᠶᠢᠨ ᠰᠠᠴᠠᠭᠤ
ᠡᠷ᠎ᠡ ᠭᠦᠮᠤᠨ ᠢ ᠣᠢ᠌ᠯᠠᠭᠠᠵᠤ ᠰᠤᠷᠤᠭᠠᠷᠠᠢ
ᠬᠤᠷᠢ ᠭᠦᠷᠦᠭ᠍ᠰᠡᠨ ᠡᠷ᠎ᠡ ᠴᠤ ᠭᠡᠰᠡᠨ
ᠬᠠᠢ᠌ᠷᠠᠳᠠᠢ ᠭᠦᠮᠤᠨ ᠳᠡᠭᠡᠨ ᠨᠢᠯᠬᠠᠷᠠᠬᠤ ᠶᠢᠨ ᠵᠢᠷᠭᠠᠯ ᠪᠣᠢ︕
ᠳᠦᠴᠢ ᠭᠠᠷᠤᠭᠰᠠᠨ ᠠᠪᠣ ᠴᠤ ᠭᠡᠰᠡᠨ
ᠳᠦᠷᠦᠭᠡ ᠬᠠᠩᠭᠢᠨᠠᠬᠤ ᠳᠤ ᠰᠡᠷᠳᠡᠭᠦ ᠶᠢᠨ ᠵᠤᠪᠠᠯᠠᠩ ᠪᠣᠢ︕
ᠭᠦᠮᠤᠨ ᠤ ᠳᠡᠷᠭᠡᠳᠡ ᠰᠠᠢ᠌ᠨ ᠶᠢᠡᠷ ᠶᠠᠷᠢᠬᠤ ᠳ᠋ᠤ
ᠭᠦᠭᠡᠷᠦᠤ ᠰᠡᠳᠭᠢᠯ ᠪᠠᠶᠠᠰᠬᠤ ᠶᠢᠨ ᠴᠠᠭ ᠪᠣᠢ︕
ᠭᠦᠡᠳᠤ ᠥᠭᠡᠰ ᠢ ᠴᠢᠯᠠᠭᠤ ᠰᠢᠭ ᠰᠢᠳᠡᠭᠦ ᠳ᠋ᠤ
ᠭᠦᠷᠡᠩ ᠵᠢᠷᠦᠭᠡ ᠰᠠᠪᠳᠠᠭᠦ ᠶᠢᠨ ᠦᠶ᠎ᠡ ᠪᠣᠢ︕
ᠡᠭᠦᠷᠢᠳᠡ ᠶᠢᠨ ᠵᠢᠷᠭᠠᠯ ᠭᠦᠰᠡᠭ᠍ᠰᠡᠨ ᠬᠠᠨᠢ ᠳ᠋ᠠᠭᠠᠨ
ᠦᠨᠡᠨ ᠬᠠᠢ᠌ᠷ᠎ᠠ ᠪᠠᠨ ᠵᠤᠷᠢᠭᠤᠯᠤᠭᠰᠠᠨ ᠪᠣᠯᠬᠤᠷ
ᠣᠶᠠᠷᠠᠵᠤ ᠭᠤᠨᠢᠬᠤ ᠶᠢᠨ ᠶᠢᠰᠤᠨ ᠵᠤᠪᠠᠯᠠᠩ
ᠡᠷ᠎ᠡ ᠶᠢᠨ ᠰᠡᠳᠭᠢᠯ ᠢ ᠣᠷᠢᠶᠠᠭᠠᠤᠨ ᠪᠠᠢ᠌ᠳᠠᠭ ᠶᠤᠮ
ᠡᠨᠡ ᠪᠦᠭᠦᠨ ᠢ ᠴᠢ ᠮᠢᠨᠢ ᠮᠠᠳᠠᠷᠠᠵᠤ
ᠡᠪ ᠢ ᠨᠢ ᠣᠯᠵᠤ᠂ ᠳᠠᠮ ᠢ ᠨᠢ ᠳᠠᠭᠠᠷᠠᠭᠤᠯ
ᠳᠠᠪᠠᠯ ᠤᠨ ᠡᠮᠵᠢᠶᠡᠷᠢ ᠱᠠᠭᠯᠠᠬᠤ ᠶᠤᠮ ᠰᠢᠭ
ᠳᠡᠭ᠍ᠰᠢ ᠵᠢᠷᠭᠠᠯ ᠢ ᠨᠠᠳᠠ ᠳᠠᠭᠠᠨ ᠡᠳ᠋ᠯᠡᠭᠦᠯ︕
2010.6-7.22
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ