☆ ᠰ·ᠤᠯᠠᠭᠠᠨᠪᠠᠲᠤ
ᠮᠢᠨᠤ ᠠᠷᠠᠤᠨ ᠤᠨ ᠳᠠᠭᠤᠤ
ᠮᠢᠠᠵᠢ ᠶᠢᠨ ᠬᠠᠩᠭ᠋ᠠᠢ ᠳᠤ ᠴᠤᠤᠷᠢᠶᠠᠳᠤᠭᠰᠠᠨ
ᠮᠢᠨᠤ ᠠᠷᠠᠤᠨ ᠤᠨ ᠳᠠᠭᠤᠤ
ᠮᠤᠩᠭ᠋ᠤᠯ ᠣᠬᠠᠭᠠᠨ ᠡᠴᠡ ᠵᠠᠳᠠᠷᠠᠭᠰᠠᠨ
ᠮᠥᠩᠭᠡ ᠶᠢᠨ ᠢᠷᠠᠭᠤ ᠴᠤᠤᠷᠢᠶ᠎ᠠ ᠪᠠᠢ᠌ᠵᠠᠢ᠃
ᠣᠬᠠᠭᠠᠨ ᠳᠠᠭᠠᠨ ᠵᠢᠷᠭᠠᠭᠰᠠᠨ ᠡᠪᠦᠭᠡᠤᠨ ᠤᠨ
ᠣᠶᠤᠨ ᠢ ᠴᠠᠢ᠌ᠯᠭᠠᠭᠰᠠᠨ ᠥᠷ
ᠰᠠᠤᠠᠭᠢᠯ ᠴᠠᠭᠠᠪᠣᠷ ᠠᠷᠠᠤᠨ ᠤᠨ
ᠰᠡᠳᠭᠢᠭᠦᠢ ᠡᠴᠡ ᠰᠠᠳᠠᠭᠠᠨᠠᠭᠰᠠᠨ ᠰᠥ᠋᠂
ᠢᠩᠭᠡᠨ ᠪᠣᠢ᠌ᠯᠭᠠᠨ ᠳᠤ ᠣᠶᠠᠰᠬᠤ
ᠢᠷᠮᠡᠭᠦ ᠨᠢᠳᠤᠨ ᠤ ᠨᠢᠯᠪᠣᠰᠤ
ᠢᠳᠡᠭᠡᠯ ᠳᠦᠷᠦᠭᠡᠯᠡᠭ᠍ᠰᠡᠨ ᠣᠢ᠌ᠯᠠᠰ ᠤᠨ
ᠢᠨᠢᠶᠡᠭ᠍ᠰᠡᠭᠡᠷ ᠮᠠᠠᠳᠤᠬᠤ ᠨᠠᠷᠠ᠂
ᠰᠠᠤᠠᠭᠢᠯ ᠤᠨ ᠭᠢᠵᠠᠭᠠᠷ ᠢ ᠳᠡᠯᠡᠭᠦ
ᠰᠠᠪ ᠦᠭᠡᠶ ᠪᠣᠳᠤᠯ ᠤᠨ ᠳᠡᠩᠭᠡᠭᠡ
ᠡᠯᠢᠭᠡᠨ ᠬᠠᠢ᠌ᠷ᠎ᠠ ᠡᠴᠡ ᠣᠠᠳᠤᠷᠤᠭᠰᠠᠨ
ᠡᠷᠡᠭᠦᠯ ᠳᠤᠩᠭ᠋ᠠᠯᠠᠭ ᠠᠪᠢᠶ᠎ᠠ᠂
ᠠᠮᠢᠳᠤᠷᠠᠯ ᠤᠨ ᠰᠤᠳᠠᠰᠤ ᠪᠠᠷ ᠯᠤᠭᠰᠢᠬᠤ
ᠠᠮᠢᠵᠢᠷᠠᠯ ᠤᠨ ᠨᠤᠭᠤᠭᠠᠨ ᠴᠢᠰᠤ
ᠠᠮᠢᠰᠬᠤᠯ ᠤᠨ ᠳᠤᠭᠤᠯᠠᠩ ᠶᠢᠡᠷ ᠭᠦᠪᠦᠷᠡᠳᠡᠭ᠌
ᠠᠷᠢᠭᠤᠨ ᠭᠦᠰᠡᠯ ᠤᠨ ᠦᠷ᠎ᠡ᠃
ᠨᠠᠭᠤᠷ ᠤᠨ ᠴᠠᠯᠭᠢᠶ᠎ᠠ ᠰᠢᠭ ᠡᠭᠡᠰᠢᠭ᠌ ᠲᠤ ᠨᠢ
ᠨᠤᠳᠤᠭ ᠤᠨ ᠮᠢᠨᠢ ᠰᠦᠯᠳᠡ ᠰᠡᠷᠭᠦᠳᠡᠭ᠌ ᠪᠠᠢ᠌ᠵᠠᠢ
ᠨᠤᠭᠤᠯᠤᠭ᠎ᠠ ᠣᠷᠳᠤᠬᠠᠨ ᠠᠢ᠌ᠵᠢᠮ ᠳᠤ ᠨᠢ
ᠨᠤᠵᠤᠭᠤᠷᠠᠮᠠ ᠪᠠᠢ᠌ᠭᠠᠯᠢ ᠰᠡᠷᠡᠳᠡᠭ᠌ ᠪᠠᠢ᠌ᠵᠠᠢ
ᠠᠯᠠᠭᠠᠴᠢᠨ ᠤ ᠨᠢᠭᠦᠯᠳᠤ ᠰᠤᠮᠤ ᠨᠢ ᠴᠤ
ᠠᠶᠠᠰ ᠢ ᠨᠢ ᠮᠥᠷᠭᠦᠭᠡᠤᠨ ᠣᠨᠠᠳᠠᠭ ᠪᠠᠢ᠌ᠵᠠᠢ
ᠠᠭᠳᠠ ᠶᠢᠨ ᠨᠣᠢ᠌ᠳᠠᠨ ᠳᠤᠭᠤᠷᠠᠢ ᠴᠤ
ᠠᠶᠠᠯᠭᠤᠨ ᠳᠤ ᠨᠢ ᠡᠭ᠍ᠰᠢᠭᠡᠤᠨ ᠬᠠᠳᠠᠳᠠᠭ ᠪᠠᠢ᠌ᠵᠠᠢ
ᠳᠠᠢ᠌ᠨ ᠤ ᠳᠠᠯᠠᠪᠣᠷ ᠲᠤ ᠳᠠᠭᠤᠯᠠᠬᠤ ᠪᠠᠷ ᠨᠢ
ᠳᠠᠷᠢ ᠶᠢᠨ ᠣᠳᠤᠭ᠎ᠠ ᠵᠠᠮᠬᠠᠷᠠᠳᠠᠭ ᠪᠠᠢ᠌ᠵᠠᠢ
ᠳᠠᠢ᠌ᠴᠢᠨ ᠡᠷᠡᠰ ᠤᠨ ᠭᠢᠨᠢ ᠭᠦᠴᠤ ᠶᠢ ᠰᠠᠯᠪᠢᠵᠤ
ᠳᠠᠭᠠᠷᠢᠬᠤ ᠵᠤᠷᠢᠭ ᠢ ᠭᠦᠪᠴᠢᠯᠡᠳᠡᠭ᠌ ᠪᠠᠢ᠌ᠵᠠᠢ᠃
ᠮᠢᠠᠵᠢ ᠶᠢᠨ ᠬᠠᠩᠭ᠋ᠠᠢ ᠳᠤ ᠴᠤᠤᠷᠢᠶᠠᠳᠤᠭᠰᠠᠨ
ᠮᠢᠨᠤ ᠠᠷᠠᠤᠨ ᠤᠨ ᠳᠠᠭᠤᠤ
ᠡᠩᠭᠡ ᠰᠠᠷᠠᠭᠤᠯ ᠠᠮᠢᠳᠤᠷᠠᠯ ᠤᠨ
ᠡᠭᠡᠰᠢᠭ᠌ ᠪᠦᠷᠢᠨ ᠨᠤᠲ᠋ ᠪᠠᠢ᠌ᠵᠠᠢ᠃
ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3216
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ