ᠨᠡᠪᠲᠡᠷᠡᠨ ᠤᠷᠤᠬᠤ
ᠳᠤᠮᠤᠭᠳᠤ ᠨᠢ᠋ᠮᠠᠨ

ᠨᠠᠷᠢᠳ ᠤᠨ ᠭᠤᠤᠯ ᠤᠨ ᠳᠠᠭᠤᠳᠠᠵᠤ ᠠᠪᠴᠢᠷᠠᠭᠰᠠᠨ ᠱᠤᠤᠭᠢᠶᠠᠨ ᠪᠣᠯ ᠨᠢ᠋ᠮᠠᠨ

ᠨᠢ᠋ᠮᠠᠨ ᠣᠳᠤᠭ ᠤᠨ ᠳᠤᠭᠤᠵᠤ ᠪᠠᠭᠤᠭᠰᠠᠨ ᠨᠤᠳᠤᠭ ᠪᠣᠯ ᠨᠢ᠋ᠮᠠᠨ

ᠴᠠᠬᠠᠷ ᠠᠪᠢᠶᠠᠨ ᠤ ᠪᠣᠳᠠᠷᠠᠵᠤ ᠢᠷᠡᠭ᠍ᠰᠡᠨ ᠳᠠᠰᠤᠷᠬᠠᠢ ᠪᠣᠯ ᠨᠢ᠋ᠮᠠᠨ

ᠴᠠᠭᠠᠠᠬᠤᠭᠤᠯᠠᠢ ᠶᠢᠨ ᠰᠢᠳᠦᠭᠡᠨ ᠣᠪᠣᠭᠠᠨ ᠤ ᠪᠣᠭᠤᠷᠤᠯ ᠳᠤᠮᠤᠭ ᠪᠣᠯ ᠨᠢ᠋ᠮᠠᠨ

ᠯᠤᠤᠬ᠎ᠠ ᠶᠢᠨ ᠭᠤᠤᠯ ᠤᠨ ᠭᠦᠪᠠᠭᠡᠨ ᠳᠤ ᠨᠤᠳᠤᠭ ᠶᠢᠡᠨ ᠰᠠᠨᠠᠭᠰᠠᠨ ᠳᠠᠭᠤᠤ ᠪᠣᠯ ᠨᠢ᠋ᠮᠠᠨ

ᠯᠤᠪᠳᠤᠨ ᠭᠠᠰᠠᠯ ᠬᠤᠶᠠᠷ ᠤᠨ ᠳᠦᠷᠪᠠᠵᠤ ᠶᠠᠪᠣᠭᠰᠠᠨ ᠣᠷᠤᠨ ᠪᠣᠯ ᠨᠢ᠋ᠮᠠᠨ

ᠪᠠᠶᠠᠠᠴᠠᠭᠠᠨ ᠤ ᠷᠠᠰᠢᠶᠠᠨ ᠴᠢᠯᠠᠭᠤ ᠪᠣᠯ ᠨᠢ᠋ᠮᠠᠨ

ᠪᠠᠶᠠᠠᠤᠪᠣᠭ᠎ᠠ ᠶᠢᠨ ᠸᠠᠩ ᠤᠨ ᠬᠠᠭᠤᠴᠢᠳ ᠪᠣᠯ ᠨᠢ᠋ᠮᠠᠨ

ᠦᠷᠢᠯᠳᠤ ᠵᠢᠨ ᠠᠭᠤᠯᠠᠨ ᠤ ᠥᠩᠭᠡ ᠦᠵᠡᠮᠵᠢ ᠪᠣᠯ ᠨᠢ᠋ᠮᠠᠨ

ᠡᠯᠡᠰᠤ ᠳᠦᠷᠦᠭᠦᠤ ᠶᠢᠨ ᠠᠷᠢᠭᠤᠨ ᠪᠣᠯᠠᠭ ᠪᠣᠯ ᠨᠢ᠋ᠮᠠᠨ

ᠵᠤᠤ ᠣᠳᠠ ᠶᠢᠨ ᠴᠢᠭᠤᠯᠠᠭᠠᠨ ᠳᠠᠭᠠᠨ ᠠᠯᠳᠠᠷ ᠴᠤᠤ ᠲᠡᠶ ᠨᠢ᠋ᠮᠠᠨ

ᠵᠤᠤ ᠪᠠᠷᠭᠡ ᠪᠠᠷ ᠪᠠᠭᠰᠢᠷᠠᠭᠰᠠᠨ ᠪᠦᠭ᠍ᠳᠦᠷ ᠣᠳᠠ ᠮᠢᠨᠢ ᠨᠢ᠋ᠮᠠᠨ

ᠲᠦᠯᠡᠭᠡᠨᠳᠡᠯ᠎ᠡ ᠪᠠᠶᠠᠠᠳᠠᠯ᠎ᠠ ᠣᠯᠢᠶᠠᠰᠤ ᠶᠢᠨ ᠪᠠᠢ᠌ᠴᠠ ᠪᠠᠷᠭᠡ ᠡᠯᠡᠰᠤ ᠮᠢᠨᠢ ᠨᠢ᠋ᠮᠠᠨ

ᠬᠤᠩᠬᠤᠷᠳᠠᠯ᠎ᠠ ᠴᠤᠭᠳᠠᠢ ᠰᠢᠷᠠᠬᠤᠭᠤᠯᠠᠢ ᠶᠢᠨ ᠰᠠᠭᠠᠭ ᠤᠨ ᠳᠠᠷᠢᠶ᠎ᠠ ᠪᠣᠯ ᠨᠢ᠋ᠮᠠᠨ

ᠳᠠᠴᠢᠠᠳᠠᠯ᠎ᠠ ᠪᠠᠢ᠌ᠰᠢᠩᠳᠤ ᠨᠤᠳᠤᠭ ᠤᠨ ᠭᠤᠶᠤ ᠰᠦᠷᠯᠢᠭ᠌ ᠪᠠᠯᠠᠭᠠᠤᠨ ᠮᠢᠨᠢ ᠨᠢ᠋ᠮᠠᠨ

ᠭᠤᠷᠪᠠᠠᠬᠤᠧᠨ ᠨᠠᠷᠢᠨ ᠰᠤᠮᠤ ᠶᠢᠨ ᠮᠤᠩᠭ᠋ᠤᠯ ᠠᠭᠠᠯᠢ ᠨᠢ ᠨᠢ᠋ᠮᠠᠨ

ᠣᠯᠠᠭᠠᠨ ᠪᠠᠷᠰ ᠰᠡᠳᠭᠦᠯ ᠶᠢᠡᠨ ᠨᠠᠢ᠌ᠷᠠᠭᠤᠯᠤᠭᠰᠠᠨ ᠪᠦᠭᠡᠭᠡᠰᠢᠭ᠌ ᠪᠠᠭᠡ ᠶᠢᠨ ᠣᠰᠤ ᠲᠡᠶ ᠪᠠᠨ ᠨᠢ᠋ᠮᠠᠨ

ᠣᠯᠠᠭᠠᠨ᠎ᠠ ᠣᠭᠢᠯᠠᠬᠤ ᠳᠢᠩᠭᠢᠮ ᠢ ᠪᠠᠭᠤᠯᠭᠠᠭᠰᠠᠨ ᠭᠠᠧᠨ ᠳᠤᠷᠤᠨᠠᠳᠢᠪ ᠲᠡᠶ ᠪᠠᠨ ᠨᠢ᠋ᠮᠠᠨ

ᠳᠠᠪᠤᠨ ᠬᠤᠰᠢᠭᠤ ᠮᠠᠯ ᠶᠢᠡᠨ ᠳᠠᠪᠠ ᠪᠠᠷ ᠨᠢ ᠪᠠᠯᠴᠢᠭᠡᠭ᠍ᠰᠡᠨ ᠦᠴᠦᠭᠡᠳᠦᠷ ᠪᠣᠯ ᠨᠢ᠋ᠮᠠᠨ

ᠳᠠᠷᠭᠤᠨ ᠨᠠᠭᠤᠷ ᠲᠠᠭᠠᠨ ᠣᠯᠠᠭᠠᠨ ᠰᠡᠭᠦᠯᠳᠤ ᠶᠢ ᠳᠤᠷ᠎ᠠ ᠪᠠᠷ ᠨᠢ ᠱᠤᠩᠪᠠᠭᠤᠯᠬᠤ ᠢᠷᠡᠭᠡᠳᠦᠢ ᠪᠣᠯ ᠨᠢ᠋ᠮᠠᠨ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2011 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ