☆ ᠳᠦᠭᠦᠷᠰᠥ᠋ᠷᠦᠡᠭ᠌
ᠳᠡᠭᠡᠳᠤ ᠮᠤᠩᠭ᠋ᠤᠯ ᠤᠨ ᠢᠨᠠᠭ ᠳᠠᠭᠤᠯᠠᠯ
《ᠳᠡᠭᠡᠳᠤ ᠮᠤᠩᠭ᠋ᠤᠯ ᠢᠨᠠᠭ ᠲ᠋ᠠᠭᠤᠯᠠᠯ》᠊ᠤᠨ
ᠪᠠᠳᠠᠭ ᠪᠦᠷᠢ ᠳ᠋ᠤᠨᠢ ᠬᠠᠢ᠌ᠷ᠎ᠠ ᠴᠡᠯᠭᠡᠷᠡᠵᠤ
ᠪᠠᠭᠯᠠᠭ᠎ᠠ ᠴᠡᠴᠡᠭ᠌ ᠤᠨ ᠦᠨᠦᠷ ᠠᠩᠭᠢᠯᠠᠵᠤ
ᠪᠠᠬᠠᠷᠠᠯ ᠪᠢᠰᠢᠷᠠᠯ ᠤᠨ ᠣᠷᠢᠶ᠎ᠠ ᠬᠠᠩᠭᠢᠨᠠᠵᠤ
ᠪᠠᠭ᠎ᠠ ᠵᠠᠯᠠᠭᠤᠰ ᠤᠨ ᠬᠤᠷᠤᠬᠠᠢ ᠪᠣᠴᠠᠯᠭᠠᠨ᠎ᠠ᠃
1
ᠰᠤᠯᠢ ᠶᠢᠨ ᠨᠤᠭᠤᠭᠠᠨ ᠰᠤᠶᠤᠭᠠᠯᠠᠭᠠᠤᠨ
ᠰᠤᠷᠠᠭ ᠢ ᠨᠢ ᠰᠤᠨᠤᠰᠤᠭᠠᠤᠨ ᠣᠶᠠᠷᠠᠨ᠎ᠠ
ᠵᠠᠮ ᠤᠨ ᠨᠤᠭᠤᠭᠠᠨ ᠵᠠᠩᠭᠢᠷᠠᠭᠠᠤᠨ
ᠵᠠᠭᠢᠳᠠᠯ ᠢ ᠨᠢ ᠥᠵᠡᠭᠡᠤᠨ ᠣᠶᠠᠷᠠᠨ᠎ᠠ
ᠭᠠᠵᠠᠷ ᠤᠨ ᠬᠤᠯᠠ ᠴᠤ ᠭᠠᠢ᠌ᠭᠤᠢ ᠪᠣᠢ
ᠭᠠᠭᠴᠠᠭᠠᠷ ᠵᠤᠯᠭᠠᠨ᠎ᠠ ᠯᠠ ᠭᠡᠴᠡᠭᠦᠤ ᠪᠣᠢ
ᠨᠤᠳᠤᠭ ᠤᠨ ᠬᠤᠯᠠ ᠴᠤ ᠭᠠᠢ᠌ᠭᠤᠢ
ᠨᠢᠭᠤᠴᠠ ᠪᠠᠷ ᠵᠤᠯᠭᠠᠨ᠎ᠠ ᠯᠠ ᠭᠡᠴᠡᠭᠦᠤ ᠪᠣᠢ
ᠴᠠᠰᠤᠳᠠᠢ ᠴᠠᠭᠠᠨ ᠠᠭᠤᠯᠠ ᠨᠢ
ᠴᠠᠢ᠌ᠳᠠᠮ ᠨᠤᠳᠤᠭ ᠤᠨ ᠡᠭᠢᠨ ᠪᠣᠢ
ᠴᠠᠭᠢᠭᠤᠷ ᠴᠠᠭᠠᠨ ᠰᠢᠳᠤ ᠴᠢᠨᠢ
ᠴᠡᠭᠡᠵᠢᠨ ᠤ ᠮᠢᠨᠢ ᠵᠢᠷᠭᠠᠯ ᠪᠣᠢ᠂᠂
2
ᠥᠵᠦᠭᠦᠷ ᠬᠠᠳᠠᠨ ᠤ ᠢᠷᠤᠭᠠᠷ
ᠥᠭᠡᠷ ᠮᠠᠯ ᠮᠢᠨᠢ ᠳᠤᠭᠳᠠᠨ᠎ᠠ
ᠦᠨᠡᠨ ᠴᠢᠮᠢ᠋ᠢ ᠪᠠᠨ ᠭᠡᠭᠦ ᠳ᠋ᠤ
ᠣᠢ᠌ᠯᠠ ᠪᠠᠨ ᠭᠢᠭᠦ ᠪᠠᠨ ᠮᠠᠷᠳᠠᠯ᠎ᠠ
ᠳᠠᠷᠠ ᠬᠠᠳᠠᠨ ᠤ ᠬᠤᠷᠮᠤᠢ ᠳ᠋ᠤ
ᠳᠡᠮᠡᠭᠡᠨ ᠮᠠᠯ ᠮᠢᠨᠢ ᠳᠤᠭᠳᠠᠨ᠎ᠠ
ᠳᠠᠨᠢᠯ ᠴᠢᠮᠢ᠋ᠢ ᠪᠠᠨ ᠭᠡᠭᠦ ᠳ᠋ᠤ
ᠳᠠᠰᠤᠵᠤ ᠳᠤᠭᠳᠠᠬᠤ ᠪᠠᠨ ᠪᠠᠢ᠌ᠯ᠎ᠠ
ᠠᠷᠤ ᠵᠢᠨ ᠠᠭᠤᠯᠠ ᠶᠢᠨ ᠬᠤᠷᠮᠤᠢ ᠳ᠋ᠤ
ᠠᠳᠤᠭᠤ ᠮᠠᠯ ᠮᠢᠨᠢ ᠳᠤᠭᠳᠠᠨ᠎ᠠ
ᠠᠮᠠᠷᠠᠭ ᠴᠢᠮᠢ᠋ᠢ ᠪᠠᠨ ᠭᠡᠭᠦ ᠳᠤ
ᠠᠵᠢᠯ ᠶᠢᠡᠨ ᠭᠢᠭᠦ ᠪᠠᠨ ᠮᠠᠷᠳᠠᠯ᠎ᠠ
ᠦᠶᠡᠷ ᠤᠨ ᠣᠯᠠᠭᠠᠨ ᠣᠰᠤ ᠵᠢ
ᠦᠶᠡᠳᠤ ᠪᠠᠷ ᠪᠣᠭᠤᠵᠤ ᠪᠣᠯᠳᠠᠭ ᠪᠣᠢ
ᠦᠨᠡᠨ ᠰᠠᠤᠠᠭᠢᠯᠳᠤ ᠬᠤᠶᠠᠷ ᠢ
ᠥᠭᠡ ᠪᠠᠷ ᠪᠣᠭᠤᠵᠤ ᠪᠣᠯᠳᠠᠭ ᠪᠣᠢ᠂᠂
3
ᠰᠡᠷᠡᠭᠡ ᠳᠡᠮᠡᠭᠡ ᠶᠢ ᠰᠡᠭᠡᠯᠡᠭᠦᠯᠳᠡᠭ᠌
ᠰᠡᠷᠢᠭᠦᠨ ᠳᠠᠯ᠎ᠠ ᠵᠢᠨ ᠭᠦᠳᠡᠭᠡ ᠪᠣᠢ
ᠰᠠᠤᠠᠭᠢᠯ ᠰᠠᠨᠠᠭ᠎ᠠ ᠶᠢ ᠣᠶᠠᠷᠠᠭᠤᠯᠳᠠᠭ
ᠰᠠᠳᠠᠷ ᠬᠤᠩᠭ᠋ᠤᠷ ᠤᠨ ᠣᠷᠰᠢᠭ ᠪᠣᠢ
ᠠᠳᠠᠨ ᠳᠡᠮᠡᠭᠡ ᠶᠢ ᠠᠯᠬᠠᠭᠤᠯᠳᠠᠭ
ᠠᠯᠠᠭ ᠴᠠᠢ᠌ᠳᠠᠮ ᠤᠨ ᠱᠠᠯᠠ ᠪᠣᠢ
ᠠᠮᠤᠷ ᠪᠠᠶ᠎ᠠ ᠶᠢ ᠵᠤᠪᠠᠭᠠᠳᠠᠭ
ᠠᠮᠠᠷᠠᠭ ᠬᠤᠩᠭ᠋ᠤᠷ ᠤᠨ ᠣᠷᠰᠢᠭ ᠪᠣᠢ
ᠪᠣᠤᠷᠠᠨ ᠳᠡᠮᠡᠭᠡ ᠪᠦᠩᠭᠦᠯᠦᠭᠦᠯᠳᠡᠭ
ᠪᠣᠷᠤᠯᠵᠢ ᠰᠢᠷᠠᠯᠵᠢ ᠶᠢᠨ ᠮᠠᠩᠬ᠎ᠠ ᠪᠣᠢ
ᠪᠣᠳᠤᠯ ᠰᠠᠨᠠᠭ᠎ᠠ ᠶᠢ ᠥᠢᠮᠡᠷᠡᠭᠦᠯᠳᠡᠭ᠌
ᠪᠢᠴᠢᠬᠠᠨ ᠬᠤᠩᠭ᠋ᠤᠷ ᠤᠨ ᠣᠷᠰᠢᠭ ᠪᠣᠢ᠂᠂
4
ᠬᠠᠭᠤᠷᠠᠢ ᠮᠤᠳᠤᠨ ᠳᠤ ᠨᠠᠪᠴᠢ ᠥᠭᠡᠢ
ᠬᠤᠷᠤᠭ ᠤᠨ ᠮᠠᠨᠤᠰ ᠲᠤ ᠢᠯᠭᠠᠯ ᠥᠭᠡᠢ
ᠽᠠᠠᠳᠠᠨ ᠮᠤᠳᠤᠨ ᠳᠤ ᠵᠠᠯᠠᠭ᠎ᠠ ᠥᠭᠡᠢ
ᠵᠠᠯᠠᠭᠤ ᠮᠠᠨᠤᠰ ᠢᠯᠭᠠᠯ ᠥᠭᠡᠢ
ᠵᠡᠭᠦᠨ ᠠᠭᠤᠯᠠ ᠶᠢᠨ ᠣᠷᠤᠢ ᠳ᠋ᠤ
ᠵᠡᠭᠦᠳᠤᠨ ᠮᠡᠨᠡᠨ ᠳᠠᠳᠠᠨ᠎ᠠ
ᠵᠢᠷᠦᠭᠡᠨ ᠴᠡᠭᠡᠵᠢᠨ ᠬᠤᠶᠠᠷ ᠲᠤ
ᠡᠭᠦᠷ ᠤᠨ ᠵᠠᠯᠠᠭᠤᠰ ᠠᠳᠠᠯᠢᠬᠠᠨ
ᠪᠠᠷᠠᠭᠤᠨ ᠠᠭᠤᠯᠠ ᠶᠢᠨ ᠣᠷᠤᠢ ᠳ᠋ᠤ
ᠪᠠᠷᠠᠭᠠᠨ ᠮᠠᠨᠠᠨ ᠳᠠᠳᠠᠨ᠎ᠠ
ᠪᠠᠬᠠᠯᠠᠭᠤᠷ ᠴᠡᠭᠡᠵᠢᠨ ᠬᠤᠶᠠᠷ ᠳᠤ
ᠪᠠᠭ᠎ᠠ ᠵᠠᠯᠠᠭᠤᠰ ᠠᠳᠠᠯᠢᠬᠠᠨ︕
ᠵᠤᠬᠢᠶᠠᠭᠴᠢ᠄ ᠳᠦᠭᠦᠷᠰᠥ᠋ᠷᠦᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 8876
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ