ᠨᠡᠪᠲᠡᠷᠡᠨ ᠤᠷᠤᠬᠤ
ᠰᠠᠨᠠᠵᠤ ᠶᠠᠪᠣᠬᠤ ᠶᠢᠨ ᠵᠢᠷᠭᠠᠯ

ᠰᠠᠯᠠᠬᠤ ᠴᠠᠭ ᠤᠨ ᠣᠳᠤᠨ ᠭᠡᠭᠡ ᠪᠠᠷ  

ᠰᠡᠳᠭᠢᠯ ᠤᠨ ᠭᠦᠨ ᠳᠤ ᠳᠠᠨ ᠤ ᠳᠦᠷᠢ

ᠴᠢᠮᠡᠭᠡ ᠥᠭᠡᠢ᠌ᠭᠡᠨ ᠥᠡᠳᠦᠰᠦᠯᠡᠭ᠍ᠰᠡᠨ ᠢ

ᠰᠤᠴᠢᠭᠢᠰᠭᠢᠨ ᠣᠯᠵᠤ ᠬᠠᠷᠠᠯ᠎ᠠ


ᠳᠦᠷᠪᠡᠨ ᠵᠢᠯ ᠤᠨ ᠬᠤᠭᠤᠷᠤᠠᠳᠤ

ᠳᠦᠷᠦᠭᠡ ᠬᠠᠷᠰᠢᠭᠤᠯᠤᠨ ᠠᠶᠠᠯᠠᠵᠤ ᠪᠠᠢ᠌ᠭᠰᠠᠨ ᠴᠤ

ᠰᠡᠳᠭᠢᠯ ᠮᠡᠳᠡᠭ᠍ᠴᠢ ᠨᠠᠢ᠌ᠵᠠ ᠶᠢᠨ ᠰᠢᠵᠢᠮ ᠢ

ᠰᠠᠪ ᠳᠠᠳᠤᠢ ᠭᠦᠡᠳᠡᠵᠤ ᠥᠩᠭᠡᠷᠡᠭᠡ ᠦᠭᠡᠶ


ᠠᠮᠢᠳᠤᠷᠠᠯ ᠤᠨ ᠲᠦᠯᠦᠭᠡᠨ᠎ᠡ

ᠠᠵᠢᠯ ᠤᠨ ᠪᠠᠢ᠌ᠷᠢ ᠳᠤ ᠭᠦᠯᠢᠭ᠍ᠳᠡᠵᠤ

ᠠᠮᠠᠷᠠᠭ ᠤᠨ ᠭᠡᠯᠭᠢᠶᠡᠰᠦᠨ᠎ᠡ

ᠠᠷᠠᠤᠨ ᠤᠨ ᠵᠢᠷᠤᠮ ᠳᠤ ᠨᠤᠭᠳᠤᠯᠤᠭᠳᠠᠭᠰᠠᠭᠠᠷ  


ᠨᠢᠭᠡ ᠮᠡᠳᠡᠭᠦᠯ᠎ᠡ ᠬᠤᠷᠢᠨ ᠵᠢᠯ

ᠨᠢᠳᠤ ᠢᠷᠮᠡᠭᠦ ᠶᠢᠨ ᠳᠤᠷᠭᠠᠨ ᠊ᠭ᠍ᠱᠡᠨ ᠳᠤ

ᠨᠠᠷᠠᠳᠤ ᠶ‍ᠢᠷᠳᠢᠠᠴᠤ ᠶᠢᠨ ᠵᠢᠮ᠎ᠠ ᠪᠠᠷ

ᠨᠠᠭᠠᠳᠤᠮ ᠱᠤᠤ ᠳᠤᠭᠯᠠᠵᠤ ᠣᠳᠤᠯ᠎ᠠ

ᠶᠠᠪᠣᠳᠠᠯ ᠶᠢᠡᠷ ᠶᠤᠮ ᠦᠦ

ᠢᠷᠦᠭᠡᠯ ᠶᠢᠡᠷ ᠴᠤ ᠶᠤᠮ ᠤᠤ

ᠨᠢᠭᠤᠷ ᠣᠴᠠᠷᠠᠵᠤ ᠭᠡᠨᠡᠨ ᠵᠤᠯᠭᠠᠬᠤ ᠭᠡᠭ᠍ᠴᠢ

ᠶ‍ᠢᠰᠤᠨ ᠵᠡᠭᠦᠳᠤᠨ ᠳᠤ ᠶᠠᠷᠤ ᠪᠠᠢ᠌ᠭᠰᠠᠨ ᠥᠭᠡᠢ


ᠥᠢᠯᠡᠰ ᠤᠨ ᠴᠢᠨᠢ ᠭᠢᠯᠠᠯᠵᠠᠮ᠎ᠠ

ᠥᠵᠡᠭᠦ ᠨᠢᠳᠤᠨ ᠳᠤ ᠴᠢᠨᠢ ᠳᠤᠳᠤᠷᠠᠵᠤ ᠪᠠᠢ᠌ᠨ᠎ᠠ

ᠠᠮᠢᠳᠤᠷᠠᠯ ᠤᠨ ᠴᠢᠨᠢ ᠪᠠᠬᠠᠷᠤᠮ᠎ᠠ

ᠣᠯᠠᠯᠵᠠᠬᠤ ᠬᠠᠴᠠᠷ ᠲᠤ ᠴᠢᠨᠢ ᠬᠤᠠᠳᠠᠭᠠᠯᠠᠭᠳᠠᠵᠤ ᠪᠠᠢ᠌ᠨ᠎ᠠ


ᠶ‍ᠢᠷᠳᠢᠠᠴᠤ ᠶᠢᠨ ᠵᠢᠮ᠎ᠠ ᠶᠢ

ᠨᠢᠭᠡ ᠪᠣᠳᠤᠬᠤ ᠳᠤ ᠶᠦᠭᠡᠳᠡᠮᠡᠷ ᠰᠠᠨᠠᠭᠰᠠᠨ ᠴᠤ

ᠶᠡᠷᠦᠩᠭᠡᠢ᠌ᠯᠡᠵᠤ ᠳᠠᠭᠢᠨ ᠰᠢᠠᠵᠢᠪᠠᠯ

ᠶᠠᠭᠤ ᠪᠦᠭᠦᠨ ᠮᠢᠨᠤᠭᠢ ᠪᠠᠢ᠌ᠬᠤ ᠠᠯᠪᠠ ᠦᠭᠡᠶ ᠡ


ᠬᠠᠢ᠌ᠷᠠᠳᠠᠢ ᠪᠦᠭᠦᠨ ᠮᠢᠨᠤ ᠦᠮᠴᠢ ᠪᠢᠰᠢ

ᠥᠮᠴᠢᠯᠡᠭ᠍ᠰᠡᠨ ᠨᠢᠭᠡᠨ ᠲᠡᠶ ᠪᠠᠨ ᠵᠢᠷᠭᠠᠵᠤ ᠶᠠᠪᠣᠭ

ᠬᠤᠴᠤᠷᠤᠭᠰᠠᠨ ᠪᠦᠭᠦᠨ ᠨᠠᠷᠠ ᠦᠭᠡᠶ ᠪᠢᠰᠢ

ᠣᠴᠠᠷᠠᠭᠰᠠᠨ ᠨᠢᠭᠡᠨ ᠲᠡᠶ ᠪᠠᠨ ᠳᠡᠷᠭᠡᠯᠰᠢᠵᠤ ᠶᠠᠪᠣᠬᠤ ᠶᠤᠮ ᠡ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ