☆ ᠨᠤ᠋·ᠴᠢᠯᠠᠭᠤᠠᠪᠠᠭᠠᠨ᠎ᠠ
ᠬᠠᠷᠢᠴᠠᠭᠠᠨ ᠳᠤ ᠭᠢᠷᠮᠠᠭᠰᠢᠭᠰᠠᠨ ᠪᠠᠳᠠᠭ
ᠨᠥᠭᠦᠷ
ᠠᠵᠢᠯ ᠠᠮᠢᠳᠤᠷᠠᠯ ᠤᠨ ᠶᠠᠪᠣᠴᠠ ᠳᠤ ᠬᠠᠮᠰᠠᠵᠤ ᠶᠠᠪᠣᠳᠠᠭ ᠬᠤᠶᠠᠷ ᠭᠦᠮᠤᠨ ᠤ 《ᠨᠢᠭᠡᠯᠡ》 ᠨᠠᠷᠠ᠃
ᠬᠤᠯᠠ ᠴᠢᠨᠠᠳᠠᠭᠢ ᠣᠬᠠᠭᠠᠨ ᠠᠷᠠᠠᠰᠢᠨ ᠨᠢ ᠳᠡᠯᠭᠡᠵᠤ ᠠᠮᠵᠢᠭ᠎ᠠ ᠦᠭᠡᠶ《ᠳᠠᠯᠪᠢ》᠃
ᠨᠠᠢ᠌ᠵᠠ
ᠰᠡᠳᠭᠢᠯ ᠤᠨ ᠴᠡᠭᠡᠯ ᠶᠢᠡᠷ ᠵᠢᠷᠦᠭᠡ ᠵᠢᠷᠦᠭᠡ ᠣᠷᠤᠭᠤ ᠪᠠᠨ ᠴᠢᠤᠠᠬᠤᠯᠠᠭᠰᠠᠨ ᠊᠊᠊᠊᠊᠊᠊᠊᠊᠊᠊᠊᠊᠊᠊ ᠨᠢᠯ ᠬᠠᠯᠠᠭᠤᠨ 《ᠣᠷᠤᠰᠬᠠᠯ》᠃
ᠭᠠᠩᠳᠠᠭᠰᠠᠨ ᠦᠶ᠎ᠡ ᠶᠢᠨ ᠠᠰᠬᠠᠷᠠᠭᠰᠠ ᠬᠤᠷ᠎ᠠ᠂
ᠭᠠᠴᠢᠭᠳᠠᠰᠠᠨ ᠴᠠᠭ ᠤᠨ ᠰᠤᠩᠭ᠋ᠠᠭᠰᠠᠨ ᠭᠠᠷ᠂
ᠪᠠᠶᠠᠷᠯᠠᠭᠰᠠᠨ ᠦᠶ᠎ᠡ ᠶᠢᠨ ᠰᠤᠷᠭᠤᠭ ᠴᠡᠴᠡᠭ᠌᠂
ᠪᠠᠴᠢᠮᠳᠠᠭᠰᠠᠨ ᠴᠠᠭ ᠤᠨ ᠭᠢᠯᠠᠰᠭᠢᠭᠰᠠᠨ ᠣᠬᠠᠭᠠᠨ᠃
ᠢᠨᠠᠭ
ᠬᠠᠨᠢ ᠶᠢᠨ ᠵᠠᠶᠠᠭ᠎ᠠ᠂ ᠬᠠᠢ᠌ᠷ᠎ᠠ ᠤᠨ ᠳᠠᠷᠬᠠᠨ᠂ ᠵᠢᠷᠭᠠᠯ ᠤᠨ ᠬᠠᠭᠠᠨ᠃
ᠬᠠᠷᠠᠴᠠ ᠪᠠᠷ ᠨᠢ ᠥᠭᠡ ᠶᠢ ᠨᠢ ᠰᠤᠨᠤᠰᠴᠤ᠂ ᠵᠢᠷᠦᠭᠡ ᠶᠢ ᠨᠢ ᠣᠩᠰᠢᠳᠠᠭ ᠊᠊᠊᠊᠊᠊᠊᠊᠊᠊᠊᠊᠊᠊᠊ ᠬᠠᠮ ᠰᠠᠷᠠᠯ᠃
ᠪᠠᠶᠠᠨ ᠶᠠᠳᠠᠭᠤ ᠶᠢᠨ ᠵᠦᠷᠢᠶ᠎ᠠ ᠶᠢ ᠪᠠᠯᠠᠯᠵᠤ ᠵᠢᠷᠭᠠᠳᠠᠭ ᠣᠷᠤᠰᠢᠯᠠᠩ ᠤᠨ ᠳᠡᠭᠡᠳᠤ ᠊᠊᠊᠊᠊᠊᠊᠊᠊᠊᠊᠊᠊᠊᠊ ᠣᠩᠭ᠋ᠤᠨ ᠵᠢᠷᠭᠠᠯ᠃
ᠬᠠᠭᠠᠨ
ᠳᠦᠷᠤ ᠵᠠᠰᠠᠭ ᠤᠨ ᠳᠡᠷᠢᠭᠦᠨ ᠊᠊᠊᠊᠊᠊᠊᠊᠊᠊᠊᠊᠊᠊᠊ ᠨᠤᠶᠠᠨ᠂
ᠲᠦᠮᠡᠨ ᠠᠷᠠᠤᠨ ᠤᠨ ᠣᠷᠣᠢ᠌ᠨ ᠰᠢᠳᠦᠭᠡᠨ᠃
ᠬᠠᠭᠠᠨ ᠨᠢ ᠬᠠᠷᠴᠤ ᠪᠠᠨ ᠡᠨᠡᠷᠢᠳᠡᠭ᠌᠂ ᠬᠠᠷᠠᠴᠤ ᠨᠢ ᠬᠠᠭᠠᠨ ᠶᠢᠡᠨ ᠡᠷᠭᠦᠳᠡᠭ᠌᠃
ᠬᠠᠭᠠᠨ ᠨᠢ ᠬᠠᠷᠠᠩᠭ᠋ᠤᠢ ᠪᠣᠯ᠂ ᠵᠠᠰᠠᠭ ᠨᠢ ᠪᠦᠳᠡᠭᠡᠢ᠂ ᠠᠷᠠᠤᠨ ᠨᠢ ᠭᠠᠰᠠᠯᠠᠩ᠃
ᠬᠠᠭᠠᠨ ᠨᠢ ᠭᠡᠭᠡᠨ ᠪᠣᠯ᠂ ᠵᠠᠰᠠᠭ ᠨᠢ ᠪᠠᠳᠤ᠂ ᠠᠷᠠᠤᠨ ᠨᠢ ᠵᠢᠷᠭᠠᠯᠠᠩ᠃
᠊᠊᠊᠊᠊᠊᠊᠊᠊᠊᠊᠊᠊᠊᠊ ᠳᠦᠷᠤ ᠲᠦᠪᠰᠢᠨ᠂ ᠲᠦᠮᠡᠨ ᠠᠮᠤᠭᠤᠯᠠᠩ ᠪᠠᠢ᠌ᠭᠠᠰᠠᠢ ︕
ᠲᠦᠰᠢᠮᠠᠤᠨ
ᠡᠵᠡᠨ ᠳᠦᠷᠤ ᠶᠢᠨ ᠳᠤᠭ ᠤᠨ ᠡᠰᠢ᠂ ᠡᠭᠡᠯ ᠠᠷᠠᠤᠨ ᠤᠨ ᠳᠤᠩᠭ᠋ᠠᠯᠠᠭ ᠮᠠᠯᠮᠠᠢ᠃
ᠡᠭᠡᠯ ᠬᠠᠷᠠᠴᠤ ᠡᠵᠡᠨ ᠬᠠᠭᠠᠨ ᠳᠤ ᠪᠠᠷᠠᠭᠠᠳᠠᠬᠤ ᠪᠣᠯᠤᠨ᠂ ᠬᠠᠭᠠᠨ ᠡᠵᠡᠨ ᠬᠠᠷᠠᠴᠤ ᠲᠦᠮᠡᠨ ᠳᠤ ᠭᠦᠷᠭᠦ ᠶᠢᠨ 《ᠭᠠᠭᠴᠠ ᠮᠤᠳᠤᠨ ᠭᠦᠭᠦᠷᠭᠡ》᠃
ᠡᠨᠡ ᠭᠦᠭᠦᠷᠭᠡ ᠡᠷᠡᠭᠦᠯ ᠪᠦᠳᠤᠨ ᠶᠢᠡᠷ ᠶᠢᠡᠨ ᠪᠠᠢ᠌ᠵᠤ ᠭᠠᠵᠠᠵᠤ ᠰᠠᠪᠳᠤᠯ ᠦᠭᠡᠶ ᠭᠠᠠᠳᠢᠭ ᠪᠠᠳᠤ ᠪᠠᠷ ᠣᠷᠤᠰᠢᠪᠠᠯ ᠳᠦᠷᠤ ᠪᠠᠳᠤᠵᠠᠵᠤ᠂ ᠲᠦᠮᠡᠨ ᠵᠢᠷᠭᠠᠨ᠎ᠠ ᠁
ᠰᠢᠯᠦᠭ᠍ᠴᠢ
ᠳᠦᠷᠤ ᠶᠢᠨ ᠲᠦᠯᠦᠭᠡ ᠵᠤᠪᠠᠳᠠᠭ 《ᠳᠤᠤᠮᠠᠢ》
ᠲᠦᠮᠡᠨ ᠤ ᠲᠦᠯᠦᠭᠡ ᠬᠠᠰᠭᠢᠷᠳᠠᠭ 《ᠣᠷᠢᠶ᠎ᠠ》
ᠣᠶᠠᠷᠠᠵᠤ ᠬᠠᠢ᠌ᠯᠠᠬᠤ ᠳᠠᠭᠠᠨ ᠣᠶᠠᠩᠭ᠋ᠠᠨ ᠴᠠᠭᠠᠨ ᠰᠥ᠋
ᠣᠴᠠᠭᠠᠷᠯᠠᠵᠤ ᠬᠤᠷᠤᠰᠬᠤ ᠳᠠᠭᠠᠨ ᠣᠷᠭᠤᠭ᠎ᠠ ᠭᠦᠭᠡ ᠬᠠᠳᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠪᠠᠭᠠᠷᠢᠨ
ᠵᠤᠬᠢᠶᠠᠭᠴᠢ᠄ ᠨᠤ᠋·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6180
ᠴᠠᠭ᠄ 2010 ᠤᠨ ᠤ 12 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ