ᠨᠡᠪᠲᠡᠷᠡᠨ ᠤᠷᠤᠬᠤ
ᠲᠤᠷᠠᠰᠤᠯ ᠳᠤ ᠮᠦᠩᠬᠡᠷᠡᠬᠦ ᠬᠦᠳᠡᠭᠡ

ᠪᠠᠭ᠎ᠠ ᠨᠠᠰᠤ ᠭᠡᠵᠤ ᠭᠦᠮᠤᠨ ᠤ ᠰᠠᠨᠠᠭᠠᠨ ᠳᠤ ᠦᠨᠢ ᠮᠥᠩᠭᠡ ᠶᠢᠨ ᠰᠠᠢ᠌ᠨ ᠰᠠᠢ᠌ᠬᠠᠨ ᠢ ᠥᠯᠡᠳᠠᠭᠡᠵᠤ ᠬᠤᠯᠠᠳᠠᠨ ᠣᠤᠠᠳᠠᠭ ᠪᠣᠯᠪᠠᠴᠤ ᠰᠠᠤᠠᠭᠢᠯ ᠵᠢᠷᠦᠭᠡᠨ ᠡᠴᠡ ᠦᠨᠢ ᠠᠷᠴᠢᠭᠳᠠᠰᠢ ᠦᠭᠡᠶ ᠭᠤᠴᠤ ᠰᠠᠢ᠌ᠬᠠᠨ ᠳᠤᠷᠠᠤᠠᠬᠠᠯ ᠡᠷᠭᠢᠴᠡᠭᠦᠯᠦᠯ ᠢ ᠰᠠᠤᠠᠭᠢᠯ ᠳᠤ ᠬᠤᠴᠤᠷᠭᠠᠨ ᠭᠦᠮᠤᠨ ᠤ ᠠᠮᠢᠳᠤᠷᠠᠯ ᠤᠨ ᠠᠯᠳᠠᠨ ᠬᠤᠷᠤᠮ ᠢ ᠡᠷᠭᠢᠨ ᠡᠷᠭᠢᠨ ᠰᠠᠨᠠᠭᠳᠠᠭᠤᠯᠤᠨ᠎ᠠ᠃

ᠳᠦᠴᠢᠨ ᠨᠠᠰᠤᠨ ᠤ ᠳᠦᠷᠦᠭᠡᠨ ᠳᠡᠭᠡᠷ᠎ᠡ ᠡᠴᠡ ᠶᠡᠪᠦᠵᠤ ᠢᠷᠡᠭ᠍ᠰᠡᠨ ᠮᠦᠷ ᠶᠢᠡᠨ ᠡᠷᠭᠢᠵᠤ ᠥᠭᠡᠢ᠌ᠯᠡᠭᠦ ᠦᠶ᠎ᠡ ᠳᠤ ᠳᠠᠷᠠ ᠰᠡᠢ᠌ᠬᠠᠨ ᠭᠡᠦᠭᠡᠤᠨ ᠨᠠᠰᠤᠨ ᠤ ᠭᠤᠮᠤᠳᠠᠯ ᠪᠠᠶᠠᠰᠤᠯ᠂ ᠨᠢᠯᠪᠣᠰᠤ ᠣᠬᠠᠭᠠᠷᠠᠯ᠂ ᠣᠨᠠᠨ ᠳᠤᠰᠤᠨ ᠭᠦᠶ‍ᠦᠭ᠍ᠰᠡᠨ ᠮᠠᠩᠬᠠᠨ ᠳᠡᠭᠡᠷ᠎ᠡ ᠠᠯᠢᠶᠠᠯᠠᠨ ᠭᠦᠶ‍ᠦᠭ᠍ᠰᠡᠨ ᠨᠢᠴᠦᠭᠦᠨ ᠳᠠᠪᠠᠬᠠᠢ ᠨᠤᠭᠤᠳ ᠭᠢᠯᠠᠯᠵᠠᠬᠤ ᠮᠠᠳᠤ ᠪᠣᠯᠤᠭᠠᠤᠨ ᠰᠠᠨᠠᠭᠠᠨ ᠳᠡᠯᠡᠭᠡᠢ ᠶᠢ ᠱᠤᠤᠭᠢᠭᠤᠯᠤᠨ ᠳᠤᠳᠤᠷᠠᠭᠠᠤᠨ ᠢᠷᠡᠳᠡᠭ᠌ ᠨᠢ ᠠᠶᠠᠳᠠᠢ ᠡ᠃ ᠳᠡᠳᠡᠭᠡᠷ ᠳᠤᠷᠠᠤᠠᠬᠠᠯ ᠮᠥᠷᠦᠭᠡᠳᠦᠯ ᠤᠨ ᠳᠤᠳᠤᠷ᠎ᠠ ᠡᠴᠡ ᠨᠤᠳᠤᠭ ᠤᠨ ᠣᠩᠭ᠋ᠤᠨ ᠣᠳᠠᠨ ᠤ ᠣᠷᠴᠢᠨ ᠳᠤ ᠪᠣᠯᠤᠭᠰᠠᠨ ᠰᠠᠢ᠌ᠬᠠᠨ ᠥᠯᠢᠭᠡᠷ ᠤᠳ ᠬᠠᠷᠠᠭᠠᠨ ᠳᠡᠯᠡᠭᠡᠢ ᠳᠠᠯᠠᠵᠤ᠂ ᠰᠠᠨᠠᠭᠠᠨ ᠤ ᠶ‍ᠢᠷᠳᠢᠠᠴᠤ ᠶᠢ ᠥᠢᠮᠡᠭᠦᠯᠦᠨ᠎ᠡ᠃

ᠨᠢᠭᠡ᠂ ᠣᠩᠭ᠋ᠤᠨ ᠣᠳᠠᠨ ᠤ ᠨᠤᠭᠤᠭᠠᠨ ᠵᠡᠭᠦᠳᠤ

ᠮᠢᠨᠤ ᠨᠤᠳᠤᠭ ᠤᠨ ᠪᠣᠷᠤ ᠳᠤᠯᠤᠭᠠᠤᠨ ᠢ ᠨᠤᠶᠠᠯᠠᠨ ᠵᠠᠭᠢᠷᠤᠭᠰᠠᠨ ᠳᠤᠮᠤ ᠣᠳᠠ ᠮᠤᠳᠤᠨ ᠤ ᠳᠠᠷᠬᠠᠨ ᠰᠦᠷ ᠢ ᠨᠤᠳᠤᠭ ᠤᠨ ᠭᠦᠮᠦᠰ ᠳᠤᠩ ᠭᠦᠡᠳᠦᠦᠡᠭᠡᠳᠡᠭ᠌ ᠳᠤᠯᠠ ᠳᠠᠷᠠ ᠣᠳᠠ ᠣᠷᠭᠤᠭ᠎ᠠ ᠨᠤᠭᠤᠭᠠᠨ ᠠᠮᠢᠵᠢᠷᠠᠯ ᠶᠢᠡᠷ ᠶᠢᠡᠨ ᠡᠨᠡ ᠨᠤᠳᠤᠭ ᠤᠨ ᠭᠦᠮᠤᠨ ᠠᠷᠠᠤᠨ ᠶᠢᠡᠨ ᠢᠮᠠᠭᠳᠠ ᠢᠪᠠᠭᠡᠵᠤ᠂ ᠣᠨ ᠤ ᠣᠳᠠᠭᠠᠨ ᠳᠤ ᠪᠣᠷᠭᠠᠰᠤᠳᠤ ᠶᠢᠨ ᠠᠢ᠌ᠯ ᠤᠨ ᠳᠠᠷᠬᠠᠨ ᠰᠢᠳᠦᠯᠭᠡ ᠪᠣᠯᠵᠤ ᠰᠥᠭᠯᠡᠢ᠌ᠭ᠍ᠰᠡᠨ ᠪᠠᠢ᠌ᠵᠠᠢ᠃ ᠡᠨᠡ ᠣᠳᠠ ᠮᠢᠨᠤ ᠪᠠᠭ᠎ᠠ ᠨᠠᠰᠤ ᠶᠢ ᠣᠩᠭ᠋ᠤᠨ ᠳᠠᠯᠠᠪᠣᠷ ᠤᠨ ᠳᠤᠭᠤᠯ ᠤᠨ ᠪᠠᠯᠴᠢᠭᠡᠷ ᠲᠤ ᠠᠷᠠᠭᠠᠮᠵᠢᠵᠤ᠂ ᠪᠠᠯ ᠪᠣᠷᠤᠮ ᠡᠮᠭᠦᠭ᠍ᠰᠡᠨ ᠭᠡᠦᠭᠡᠤᠨ ᠨᠠᠰᠤᠨ ᠤ ᠳᠠᠪᠳᠠᠷᠢᠨ ᠳᠡᠭᠦᠯᠢᠭᠦ ᠬᠤᠯᠠ ᠶᠢᠨ ᠴᠡᠩᠭᠡᠷ ᠭᠦᠰᠡᠯ ᠢ ᠠᠴᠢᠭᠰᠠᠭᠠᠷ᠁ ᠪᠣᠳᠤᠯ ᠤᠨ ᠵᠠᠢ᠌ᠴᠠ ᠪᠠᠷ ᠰᠠᠵᠢᠯᠠᠨ ᠭᠠᠩᠬᠤᠭᠰᠠᠭᠠᠷ ᠨᠠᠭᠠᠰᠢᠯᠠᠨ᠎ᠠ᠃

ᠣᠳᠠᠨ ᠤ ᠨᠤᠭᠤᠭᠠᠨ ᠳᠤᠮᠤᠭ ᠰᠤᠨᠤᠰᠤᠭᠰᠠᠨ ᠳᠠᠷᠠ ᠨᠢᠭᠡ ᠡᠳᠦᠷ ᠭᠦᠭᠡ ᠳᠡᠭ᠍ᠷᠢ ᠭᠦᠩᠭᠦᠢ᠌ᠭᠡᠤᠨ ᠮᠠᠩᠬ᠎ᠠ ᠳᠤᠯᠤᠭᠠᠤᠨ ᠵᠢᠭ᠍ᠳᠡᠷᠡᠨ ᠨᠠᠷᠠ ᠨᠠᠯᠠᠢ᠌ᠵᠤ ᠨᠠᠪᠴᠢᠰ ᠰᠡᠷᠪᠠᠯᠵᠡᠭ᠍ᠰᠡᠨ ᠣᠠᠴᠠ ᠶᠢᠨ ᠰᠠᠢ᠌ᠬᠠᠨ ᠪᠠᠢ᠌ᠭᠰᠠᠨ ᠳ᠋ᠠ᠃ ᠪᠢ ᠡᠵᠢ ᠪᠠᠨ ᠳᠠᠭᠠᠵᠤ ᠠᠷᠪᠠᠨ ᠳᠠᠪᠤᠨ ᠭᠠᠵᠠᠷ ᠠᠯᠤᠰ ᠪᠠᠢ᠌ᠭ᠎ᠠ ᠠᠳᠤᠭᠤᠴᠢᠨ ᠠᠢ᠌ᠯ ᠳᠤ ᠪᠠᠢ᠌ᠭ᠎ᠠ ᠨᠠᠭᠠᠴᠤ ᠡᠮᠡᠭᠡ ᠶᠢᠨ ᠳᠤ ᠪᠠᠨ ᠣᠴᠢᠬᠤ ᠪᠠᠷ ᠶᠠᠪᠣᠭᠠᠤᠨ᠂ ᠵᠠᠮ ᠭᠤᠳᠤᠰ ᠶᠠᠳᠠᠷᠠᠬᠤ ᠳᠤ ᠪᠠᠨ ᠭᠦᠭ᠍ᠰᠢᠨ ᠣᠳᠠᠨ ᠤ ᠰᠡᠭᠦᠳᠡᠷ ᠲᠤ ᠠᠮᠢᠰᠬᠤᠵᠤ ᠪᠠᠢ᠌ᠭᠠᠤᠨ ᠡᠵᠢ ᠪᠠᠷ ᠶᠢᠡᠨ ᠥᠯᠢᠭᠡᠷ ᠶᠠᠷᠢᠭᠤᠯᠵᠤ ᠰᠤᠨᠤᠰᠤᠭᠰᠠᠨ ᠳᠠᠷᠠ ᠨᠢᠭᠡ ᠵᠢᠷᠭᠠᠯᠳᠤ ᠮᠦᠴᠡ ᠡᠳᠦᠷ ᠤᠨ ᠳᠡᠮᠳᠡᠭᠯᠡᠯ ᠰᠢᠭ᠌ ᠬᠠᠭᠤᠳᠠᠰᠤ ᠬᠠᠭᠤᠳᠠᠰᠤ ᠪᠠᠷ ᠢᠷᠠᠭᠳᠠᠭᠠᠤᠨ ᠢᠷᠠᠨ᠎ᠠ᠃

᠁ ᠡᠷᠳᠡ ᠣᠷᠢᠳᠤ ᠴᠠᠭ ᠲᠤ ᠭᠡᠨ᠎ᠡ᠂ ᠨᠢᠭᠡ ᠡᠷᠡᠭ᠍ᠳᠡᠢ ᠨᠢᠭᠡ ᠡᠮᠡᠭ᠍ᠳᠡᠢ ᠬᠤᠶᠠᠷ ᠵᠠᠯᠠᠭᠤ ᠠᠯᠤᠰ ᠬᠤᠯᠠ ᠡᠴᠡ ᠳᠠᠨᠤᠨ ᠠᠩᠭ᠋ᠠᠵᠤ ᠦᠯᠦᠰᠴᠤ ᠶᠠᠪᠣᠭᠰᠠᠭᠠᠷ᠂ ᠨᠢᠭᠡ ᠡᠳᠦᠷ ᠪᠣᠷᠭᠠᠰᠤ ᠰᠤᠬᠠᠢ ᠶᠠᠭᠰᠢᠷᠠᠭᠰᠠᠨ ᠪᠢᠳᠡᠭᠦᠤ ᠮᠠᠩᠬ᠎ᠠ ᠪᠠᠷ ᠭᠦᠷᠢᠶᠡᠯᠡᠭ᠍ᠳᠡᠭ᠍ᠰᠡᠨ ᠪᠠᠯᠠᠷ ᠪᠠᠷᠭᠡ ᠳᠤ ᠢᠷᠡᠭᠡᠤᠨ ᠭᠦᠮᠤᠨ ᠠᠮᠢᠳᠠᠨ ᠦᠭᠡᠶ ᠡᠵᠡᠭᠦᠢ ᠭᠡᠭᠡᠷ᠎ᠡ ᠣᠳᠠᠭᠠᠨ ᠡᠳᠦᠷ ᠳᠡᠨᠦᠭ᠍ᠰᠡᠨ ᠡᠴᠡ ᠬᠠᠷᠠᠩᠭ᠋ᠤᠰᠤᠨ ᠶᠠᠳᠠᠷᠠᠵᠤ ᠴᠢᠯᠡᠭᠡᠤᠨ ᠡᠨᠡ ᠭᠦ ᠡᠵᠡᠭᠦᠢ ᠪᠠᠯᠠᠷ ᠭᠡᠭᠡᠷ᠎ᠡ ᠦᠯᠪᠠᠷᠠᠵᠤ ᠥᠭᠦᠭᠦ ᠨᠢ ᠡ ᠭᠡᠵᠤ ᠵᠤᠪᠠᠭᠤᠷᠢ ᠲᠡᠶ ᠭᠡᠪᠳᠡᠭ᠍ᠰᠡᠭᠡᠷ᠂ ᠳᠠᠮᠢᠷ ᠠᠯᠳᠠᠵᠤ ᠣᠬᠠᠭ᠎ᠠ ᠪᠠᠯᠠᠷᠠᠭᠰᠠᠨ ᠳᠤᠯᠠ ᠴᠢᠨᠠᠭᠰᠢ ᠠᠯᠬᠤᠮ ᠴᠤ ᠣᠷᠤᠭᠰᠢᠯᠠᠵᠤ ᠳᠡᠢ᠌ᠯᠭᠦ ᠦᠭᠡᠶ ᠪᠣᠯᠵᠤ ᠳᠤᠭ‍ᠭᠢᠭᠰᠠᠨ ᠪᠠᠢ᠌ᠵᠠᠢ᠃ ᠳᠠᠳᠠ ᠬᠤᠶᠠᠭᠤᠯᠠ ᠭᠡᠨᠡᠳᠲᠡ ᠰᠡᠷᠢᠭᠦ ᠳᠤ ᠨᠢᠭᠡᠨ ᠳᠤᠮᠤ ᠣᠳᠠᠨ ᠤ ᠳᠤᠤᠷ᠎ᠠ ᠭᠡᠪᠳᠡᠵᠤ ᠪᠠᠢ᠌ᠭᠰᠠᠨ ᠪᠦᠭᠡᠤᠨ ᠳᠡᠷᠭᠡᠳᠡ ᠨᠢ ᠨᠢᠭᠡᠨ ᠨᠢᠭᠤᠷ ᠲᠡᠭᠡᠨ ᠴᠤᠭ ᠵᠤᠯᠪᠣᠭ᠎ᠠ ᠭᠢᠯᠠᠯᠵᠠᠭᠤᠯᠤᠭᠰᠠᠨ ᠡᠪᠴᠢᠭᠦᠤ ᠳᠦᠭᠦᠷᠡᠩ ᠮᠥᠩᠭᠦᠨ ᠰᠠᠬᠠᠯ ᠲᠡᠶ ᠡᠪᠦᠭᠡᠨ ᠵᠤᠭᠰᠤᠵᠤ ᠪᠠᠢ᠌ᠭ᠎ᠠ ᠠᠵᠠᠢ᠃ ᠬᠤᠶᠠᠷ ᠵᠠᠯᠠᠭᠤ ᠭᠦᠶᠤᠨ ᠪᠣᠰᠤᠭᠠᠤᠨ ᠡᠪᠦᠭᠡᠨ ᠳᠤ ᠮᠥᠷᠭᠦᠨ ᠰᠥᠭᠦᠦᠡᠴᠤ 《ᠥᠷᠦᠰᠢᠶᠡᠯᠳᠤ ᠨᠠᠰᠤᠳᠠᠨ᠂ ᠠᠮᠢ ᠶᠢ ᠮᠢᠨᠢ ᠠᠪᠣᠷᠠ 》 ᠭᠡᠵᠤ ᠭᠤᠶᠤᠪᠠ᠃ ᠡᠪᠦᠭᠡᠨ ᠮᠥᠩᠭᠦᠨ ᠴᠠᠭᠠᠨ ᠰᠠᠬᠠᠯ ᠶᠢᠡᠨ ᠱᠤᠪᠳᠤᠷᠴᠤ ᠠᠪᠣᠭᠠᠤᠨ ᠮᠥᠰᠢᠶᠡᠮᠰᠦᠭᠯᠡᠵᠤ᠂ ᠬᠠᠷᠮᠠᠨ ᠡᠴᠡ ᠪᠠᠨ ᠪᠠᠭᠯᠠᠭ᠎ᠠ ᠲᠡᠶ ᠶᠠᠭᠤᠮ᠎ᠠ ᠭᠠᠷᠭᠠᠵᠤ ᠳᠠᠷᠠ ᠬᠤᠶᠠᠭᠤᠯᠠ ᠳᠤ ᠠᠳᠢᠰ ᠥᠭ᠍ᠴᠤ 《ᠡᠭᠦᠨ ᠢ ᠠᠮᠰᠠ 》 ᠭᠡᠵᠡᠢ᠃ ᠳᠡᠭᠦᠨ ᠤ ᠭᠡᠯᠡᠭ᠍ᠰᠡᠨ ᠶᠤᠰᠤᠭᠠᠷ ᠳᠡᠭᠦᠨ ᠢ ᠨᠢ ᠠᠮᠰᠠᠭᠰᠠᠨ ᠴᠢᠨᠢ ᠳᠠᠷᠠ ᠳᠤᠤᠷ᠎ᠠ ᠪᠠᠨ ᠪᠠᠶ᠎ᠠ ᠴᠤᠭᠴᠠ ᠳᠤ ᠨᠢ ᠳᠠᠮᠢᠷ ᠭᠦᠴᠤᠨ ᠨᠡᠮᠡᠭ᠍ᠳᠡᠵᠤ᠂ ᠶᠠᠳᠠᠷᠠᠭ᠎ᠠ ᠴᠢᠯᠡᠭᠡ ᠨᠢ ᠣᠷᠤ ᠦᠭᠡᠶ ᠳᠠᠢ᠌ᠯᠤᠭᠳᠠᠵᠤ᠂ ᠪᠠᠯᠠᠷᠠᠭᠰᠠᠨ ᠣᠢ ᠪᠢᠯᠢᠭ᠌ ᠣᠬᠠᠭᠠᠨ ᠰᠠᠨᠠᠭ᠎ᠠ ᠨᠢ ᠡᠷᠡᠭᠦᠯᠵᠢᠵᠤ ᠢᠷᠠᠯ᠎ᠠ᠃ ᠳᠠᠷᠠ ᠬᠤᠶᠠᠭᠤᠯᠠ ᠥᠭᠦᠯ ᠰᠡᠭᠡᠯ ᠤᠨ ᠠᠶᠤᠯᠳᠤ ᠳᠠᠪᠠᠭᠠᠨ ᠡᠴᠡ ᠠᠮᠢᠳᠤᠷᠠᠯ ᠤᠨ ᠰᠠᠷᠠᠭᠤᠯ ᠡᠷᠡᠮᠡᠯᠵᠡᠯ ᠢ ᠣᠯᠵᠤ ᠬᠠᠷᠠᠭᠰᠠᠨ ᠳᠤ ᠪᠠᠨ ᠠᠯᠠᠰᠭᠢᠨ ᠪᠠᠶᠠᠷᠯᠠᠬᠤ ᠳᠤ ᠪᠠᠨ 《ᠠᠴᠢᠳᠠᠨ ᠳᠠᠨ ᠳᠤ ᠭᠦᠨ ᠳᠠᠯᠠᠷᠬᠠᠯ᠎ᠠ 》 ᠭᠡᠵᠤ ᠭᠦᠡᠳᠦᠦᠡᠭᠡᠨ ᠶᠤᠰᠤᠯᠠᠬᠤ ᠶᠢ ᠵᠠᠪᠳᠤᠳᠠᠯ᠎ᠠ ᠨᠢᠭᠡᠨ ᠵᠤᠷᠪᠣᠰ ᠰᠢᠷ᠎ᠠ ᠭᠡᠷᠡᠯ ᠳᠠᠳᠠᠭᠰᠠᠭᠠᠷ ᠦᠨᠦ ᠪᠣᠭᠤᠷᠤᠯ ᠡᠪᠦᠭᠡᠨ ᠤ ᠪᠠᠷ᠎ᠠ ᠣᠳᠠ ᠮᠤᠳᠤᠨ᠎ᠠ ᠠᠭᠤᠰᠤᠨ ᠰᠢᠩᠭᠡᠵᠤ ᠪᠠᠯᠠᠷᠠᠪᠠ᠃ ᠡᠨᠡ ᠪᠠᠢ᠌ᠳᠠᠯ ᠢ ᠥᠵᠡᠭᠡᠤᠨ ᠬᠤᠶᠠᠷ ᠵᠠᠯᠠᠭᠤ ᠮᠠᠯ ᠭᠠᠢ᠌ᠬᠠᠨ ᠱᠠᠯ ᠭᠦᠭᠡᠷᠴᠤ ᠣᠮ ᠬᠤᠮ ᠦᠭᠡᠶ ᠪᠠᠯᠢᠳᠠᠪᠠ᠃ 《ᠬᠤᠷᠳᠤᠨ ᠰᠥᠭᠦᠤᠨ 》 ᠭᠡᠵᠤ ᠵᠠᠯᠠᠭᠤ ᠡᠮᠡᠭ᠍ᠳᠡᠢ ᠶᠢᠨ ᠬᠠᠠᠴᠤᠢ ᠡᠴᠡ ᠤᠭᠵᠦᠮ ᠳᠠᠳᠠᠵᠤ ᠬᠤᠶᠠᠭᠤᠯᠠ ᠰᠥᠰᠦᠭᠯᠡᠨ ᠵᠠᠯᠪᠠᠷᠢᠵᠤ ᠮᠥᠷᠭᠦᠯ ᠭᠦᠢᠴᠤᠨᠭᠡᠪᠡ᠃ ᠳᠡᠭᠡᠵᠤ ᠪᠠᠷᠠᠭᠠᠤᠨ ᠨᠢᠭᠡᠨ ᠨᠢᠭᠡ ᠪᠠᠨ ᠬᠠᠷᠠᠭᠠᠳ ᠶᠠᠭᠠᠭᠢᠬᠤ ᠪᠠᠨ ᠣᠯ ᠶᠠᠳᠠᠨ ᠠᠯᠮᠠᠢ᠌ᠷᠠᠪᠠ᠁

ᠡ᠊ᠨᠳᠡᠭᠢ ᠪᠣᠷᠭᠠᠰᠤ ᠭᠡᠵᠤ ᠭᠡᠷ ᠳᠡᠷᠭᠡ ᠶᠢᠨ ᠴᠢᠨᠡᠭᠡ ᠣᠷᠭᠤᠵᠤ᠂ ᠪᠣᠢ᠌ᠳᠠ ᠪᠠᠯᠠᠷ ᠶᠡᠭᠡᠳᠡᠢ᠃ ᠳᠠᠷᠠ ᠬᠤᠶᠠᠭᠤᠯᠠ ᠪᠣᠷᠭᠠᠰᠤ ᠳᠦᠯᠡᠭᠡ ᠬᠤᠭᠤᠯᠵᠤ ᠲᠦᠷ ᠬᠤᠷᠭᠤᠳᠠᠬᠤ ᠭᠡᠷ ᠪᠠᠷᠢᠵᠤ ᠰᠠᠭᠤᠬᠤ ᠪᠠᠷ ᠪᠣᠯᠪᠠ᠃ ᠭᠡᠳᠡᠯ᠎ᠡ ᠳᠠᠳᠠᠨ ᠳᠤ ᠪᠠᠰᠠ ᠨᠢᠭᠡᠨ ᠳᠦᠪᠠᠭ᠍ᠳᠡᠢ ᠠᠰᠠᠭᠤᠳᠠᠯ ᠳᠤᠯᠭᠠᠷᠠᠪᠠ᠃ ᠣᠴᠢᠷ ᠨᠢ 《ᠣᠰᠤ ᠳᠠᠭᠠᠵᠤ ᠠᠮᠢᠳᠤᠷᠠᠯ ᠪᠠᠢ᠌ᠳᠠᠭ》 ᠭᠡᠳᠡᠭ᠍ᠴᠢᠯᠡᠨ ᠡᠨᠡ ᠣᠷᠴᠢᠨ ᠳᠤ ᠣᠰᠤᠨ ᠤ ᠪᠠᠷ᠎ᠠ ᠶᠠᠷᠤ ᠥᠵᠡᠭ᠍ᠳᠡᠭᠦ ᠦᠭᠡᠶ ᠪᠠᠢ᠌ᠯ᠎ᠠ᠃ ᠬᠠᠮᠢᠭ᠎ᠠ ᠡᠴᠡ ᠣᠰᠤ ᠡᠷᠢᠳᠡᠭ᠌ ᠪᠢᠯᠠ ᠭᠡᠵᠤ ᠰᠠᠨᠠᠭᠠᠷᠬᠠᠵᠤ ᠲᠡᠳᠠ ᠡᠷᠭᠢᠨ ᠳᠤᠭᠤᠷᠢᠨ ᠶᠠᠪᠣᠵᠤ ᠣᠰᠤᠨ ᠤ ᠪᠠᠷ᠎ᠠ ᠡᠷᠢᠵᠤ ᠬᠠᠢ᠌ᠭᠰᠠᠭᠠᠷ ᠪᠦᠳᠦᠭᠦᠨ ᠣᠳᠠᠨ ᠡᠴᠡ ᠳᠦᠷᠪᠡ ᠳᠠᠪᠤᠨ ᠭᠠᠵᠠᠷ ᠤᠨ ᠠᠯᠤᠰ ᠲᠤ ᠳᠤᠯᠢ ᠰᠢᠭ ᠳᠦᠭᠦᠷᠢᠭ᠌ ᠨᠠᠭᠤᠷ ᠮᠠᠯᠠᠷᠠᠵᠤ ᠬᠠᠷᠠᠭᠳᠠᠬᠤ ᠳᠤ ᠳᠠᠳᠠ ᠬᠠᠭ᠎ᠠ ᠳᠠᠰᠢᠮ᠎ᠠ ᠪᠠᠶᠠᠷᠯᠠᠵᠤ᠂ ᠪᠣᠷᠬᠠᠨ ᠳᠡᠭ᠍ᠷᠢ ᠮᠠᠨ ᠢ ᠢᠪᠠᠭᠡᠵᠤ᠂ ᠡᠨᠡᠭᠦ ᠭᠠᠵᠠᠷ ᠢ ᠮᠠᠨ ᠳᠤ ᠰᠤᠶᠤᠷᠬᠠᠭᠰᠠᠨ ᠳ᠋ᠠ᠂ ᠠᠮᠢ ᠶᠢ ᠮᠢᠨᠢ ᠠᠪᠣᠷᠠᠪᠠ ᠭᠡᠤᠨ ᠣᠷᠤᠨ ᠬᠠᠩᠭ᠋ᠠᠢ ᠪᠠᠢ᠌ᠭᠠᠯᠢ ᠳᠡᠯᠡᠭᠡᠢ ᠳᠤ ᠪᠠᠨ ᠰᠦᠯᠳᠡ ᠪᠣᠯᠤᠭᠰᠠᠨ ᠣᠳᠠ ᠮᠤᠳᠤᠨ ᠳᠤ ᠪᠠᠨ ᠰᠥᠰᠦᠭᠯᠡᠨ ᠮᠥᠷᠭᠦᠪᠡ᠃ ᠣᠷᠭᠤᠮᠠᠯ ᠯᠠᠭᠰᠠᠢ᠌ᠵᠤ ᠣᠠᠳᠤᠷᠮᠠᠯ ᠮᠡᠯᠮᠡᠯᠵᠡᠭ᠍ᠰᠡᠨ ᠡᠨᠡ ᠭᠠᠵᠠᠷ ᠨᠤᠳᠤᠭ ᠣᠷᠤᠨ ᠳᠠᠩᠴᠢ ᠰᠠᠢ᠌ᠬᠠᠨ ᠪᠠᠢ᠌ᠭᠰᠠᠨ ᠶᠢᠡᠷ ᠳᠠᠳᠠ ᠪᠠᠶᠠᠰᠤᠯ ᠵᠢᠷᠭᠠᠯ ᠶᠢᠡᠷ ᠠᠵᠤ ᠲᠦᠷᠦᠵᠤ ᠡᠭᠢᠯᠡᠯ᠎ᠡ᠃ ᠠᠮᠢ ᠶᠢ ᠮᠢᠨᠢ ᠠᠪᠣᠷᠠᠭᠰᠠᠨ ᠠᠴᠢᠯᠠᠯ ᠲᠡᠶ ᠪᠣᠯᠠᠭ ᠭᠡᠵᠤ ᠡᠨᠡ ᠨᠠᠭᠤᠷ ᠶᠢᠡᠨ 《ᠠᠮᠢᠳᠤ ᠪᠣᠯᠠᠭ》 ᠭᠡᠵᠤ ᠨᠠᠷᠠᠢ᠌ᠤᠠᠪᠠ᠃

《ᠠᠭᠤᠯᠠᠨ ᠡᠴᠡ ᠣᠢ᠌ᠷᠠᠬᠠᠨ ᠨᠢ ᠮᠤᠳᠤ ᠳᠦᠯᠠᠵᠤ᠂ ᠣᠰᠤᠨ ᠡᠴᠡ ᠣᠢ᠌ᠷᠠᠬᠠᠨ ᠨᠢ ᠵᠢᠭᠠᠰᠤ ᠢᠳᠠᠨ᠎ᠠ》 ᠭᠡᠳᠡᠭ᠌ ᠶᠢᠡᠷ ᠳᠠᠳᠠ ᠠᠮᠢᠳᠤ ᠪᠣᠯᠠᠭ ᠤᠨ ᠣᠰᠤᠨ ᠡᠴᠡ ᠪᠠᠨ ᠣᠤᠭᠤᠬᠤ ᠣᠰᠤ ᠪᠠᠨ ᠳᠠᠮᠨᠠᠬᠤ ᠪᠠᠷ ᠪᠠᠷᠠᠬᠤ ᠦᠭᠡᠶ᠂ ᠬᠠᠶᠠ ᠴᠤᠯᠭᠢᠯᠠᠬᠤ ᠵᠢᠭᠠᠰᠤ ᠡᠴᠡ ᠪᠠᠷᠢᠵᠤ ᠪᠠᠶᠠᠨ ᠪᠠᠢ᠌ᠭᠠᠯᠢ ᠶᠢᠨ ᠭᠡᠰᠢᠭ᠌ ᠰᠢᠮ᠎ᠠ ᠶᠢ ᠠᠮᠳᠠᠷᠬᠠᠨ ᠭᠦᠷᠳᠡᠳᠡᠭ᠌ ᠪᠣᠯᠤᠯ᠎ᠠ᠃ ᠢᠭᠴᠢ ᠰᠠᠬᠤᠯᠠᠭ ᠪᠢᠳᠡᠭᠦᠤ ᠣᠢ ᠳᠤ ᠨᠢ ᠠᠮᠢᠳᠠᠨ ᠠᠷᠢᠶᠠᠳᠠᠨ ᠰᠥᠯᠵᠢᠳᠡᠭ᠌ ᠪᠦᠭᠡᠤᠨ ᠵᠢᠮᠢᠰ ᠤᠨ ᠮᠤᠳᠤᠳ ᠡᠯᠪᠠᠭ᠌ ᠪᠠᠢ᠌ᠳᠠᠭ ᠶᠢᠡᠷ ᠨᠠᠮᠤᠷ ᠴᠠᠭ ᠢ ᠨᠠᠩ ᠪᠠᠶᠠᠰᠤᠯᠳᠠᠢ ᠥᠶ‍ᠦᠭ᠌ ᠴᠠᠤᠠᠬᠤᠯᠠᠩ ᠥᠩᠭᠡᠷᠡᠭᠡᠭᠦ ᠪᠣᠯᠤᠭᠰᠠᠨ ᠪᠠᠢ᠌ᠯ᠎ᠠ᠃ ᠡᠭᠡ ᠶᠢᠨ ᠠᠷᠢᠭᠤᠨ ᠰᠦ᠋ ᠰᠢᠭ᠌ ᠰᠢᠮ᠎ᠠ ᠭᠦᠷᠳᠡᠭᠡᠯ ᠲᠡᠶ ᠡᠨᠡ ᠭᠠᠵᠠᠷ ᠨᠤᠳᠤᠭ ᠭᠡᠵᠤ ᠰᠠᠯᠵᠤ ᠶᠠᠪᠣᠮ᠎ᠠ ᠦᠭᠡᠶ ᠰᠠᠨᠠᠭᠳᠠᠭᠠᠤᠨ ᠪᠠᠢ᠌ᠬᠤᠯᠠᠷ ᠳᠠᠳᠠ ᠦᠶ᠎ᠡ ᠣᠯᠠᠷᠢᠨ ᠡ᠊ᠨᠳᠡ ᠨᠤᠳᠤᠭᠯᠠᠭᠰᠠᠭᠠᠷ᠃ ᠭᠦᠮᠤᠨ ᠠᠷᠠᠤᠨ ᠤᠨ ᠡᠷᠭᠢᠨ ᠬᠤᠷᠭᠤᠳᠠᠬᠤ ᠦᠨᠡᠳᠤ ᠡᠷᠭᠢᠮ ᠭᠠᠵᠠᠷ ᠤᠨ ᠨᠢᠭᠡ ᠭᠡᠵᠤ ᠦᠪᠯᠠᠨ ᠨᠠᠠᠳᠢᠩᠨᠠᠬᠤ ᠪᠣᠯᠵᠠᠢ᠃

ᠳᠡᠭᠦᠨ ᠡᠴᠡ ᠠᠪᠣᠭᠠᠤᠨ ᠪᠣᠷᠭᠠᠰᠤᠳᠤ ᠶᠢᠨ ᠡᠨᠡ ᠨᠤᠳᠤᠭ ᠲᠤ ᠳᠠᠳᠠ ᠬᠤᠶᠠᠭᠤᠯᠠ ᠠᠵᠤ ᠲᠦᠷᠦᠨ ᠠᠮᠢᠳᠤᠷᠠᠭᠰᠠᠨ ᠶᠢᠡᠷ ᠡᠨᠡ ᠨᠤᠳᠤᠭ ᠤᠨ ᠣᠨᠠᠭᠠᠨ ᠠᠢ᠌ᠯ ᠪᠣᠯᠤᠭᠰᠠᠨ᠃ ᠳᠠᠳᠠ ᠦᠷ᠎ᠡ ᠠᠴᠢᠷ ᠲᠤ ᠪᠠᠨ ᠥᠩᠭᠡᠷᠡᠭ᠍ᠴᠢ ᠣᠴᠢᠷ ᠢ ᠬᠠᠭᠤᠴᠢᠯᠠᠨ ᠶᠠᠷᠢᠵᠤ ᠦᠶ᠎ᠡ ᠳᠠᠮᠵᠢᠨ ᠣᠯᠠᠷᠢᠭᠰᠠᠭᠠᠷ ᠦᠨᠦᠴᠢᠨ ᠣᠳᠠᠨ ᠤ ᠳᠤᠬᠠᠢ ᠳᠤᠮᠤᠭ ᠳᠡᠯᠭᠡᠷᠡᠨ ᠳᠡᠯᠭᠡᠷᠡᠭ᠍ᠰᠡᠭᠡᠷ ᠣᠳᠤ ᠳᠤ ᠭᠦᠷᠴᠤ ᠢᠷᠠᠯ᠎ᠠ ᠭᠡᠯᠴᠡᠳᠡᠭ᠌᠃ ᠭᠡᠤᠨ ᠡᠵᠢ ᠰᠠᠠᠴᠢᠭ ᠶᠢᠡᠨ ᠢᠯᠢᠭ᠍ᠰᠡᠭᠡᠷ ᠦᠪᠡᠷ ᠶᠢᠡᠨ ᠴᠤ ᠳᠡᠷᠡᠭᠦ ᠳᠤᠮᠤᠭ ᠤᠨ ᠶ‍ᠢᠷᠳᠢᠠᠴᠤ ᠳᠤ ᠵᠤᠭᠠᠴᠠᠬᠤ ᠮᠠᠳᠤ ᠭᠠᠢ᠌ᠬᠠᠨ ᠪᠠᠬᠠᠳᠤᠭᠰᠠᠨ ᠬᠠᠷᠠᠴᠠ ᠪᠠᠷ ᠠᠯᠤᠰ ᠢ ᠪᠠᠷᠠᠯᠠᠯ᠎ᠠ᠃ ᠳᠡᠭᠡᠭ᠍ᠰᠡᠨ ᠶᠢᠡᠨ ᠣᠳᠠᠳᠠᠯ᠎ᠠ ᠥᠭᠡ ᠳᠠᠭᠤ ᠦᠭᠡᠶ ᠰᠠᠭᠤᠪᠠ᠃

《ᠳᠡᠭᠡᠭᠡᠤᠨ ᠶᠠᠭᠠᠭᠢᠭᠰᠠᠨ ᠪᠣᠢ 》 ᠭᠡᠵᠤ ᠪᠢ ᠪᠠᠴᠢᠮᠳᠠᠨ ᠠᠰᠠᠭᠤᠪᠠ᠃

ᠡᠵᠢ ᠄ 《ᠳᠡᠭᠡᠭᠡᠤᠨ ᠯᠠ ᠡᠨᠡ ᠭᠠᠵᠠᠷ ᠨᠤᠳᠤᠭ ᠲᠤ ᠭᠦᠮᠤᠨ ᠠᠷᠠᠤᠨ ᠦᠰᠦᠨ ᠦᠷᠡᠵᠢᠵᠤ ᠳᠡᠯᠭᠡᠷᠡᠭ᠍ᠰᠡᠭᠡᠷ ᠡᠳᠦᠭᠡ ᠳᠤ ᠭᠦᠷᠴᠤ ᠢᠷᠡᠭ᠍ᠰᠡᠨ ᠪᠠᠢ᠌ᠵᠠᠢ᠃》 ᠭᠡᠳ ᠪᠦᠷ ᠡᠨᠡ ᠭᠦᠭ᠍ᠰᠢᠨ ᠣᠳᠠᠨ ᠤ ᠠᠴᠢ ᠭᠠᠪᠢᠶ᠎ᠠ ᠪᠠᠷ ᠳᠠᠳᠠᠨ ᠤ ᠠᠮᠢ ᠨᠠᠰᠤ ᠡᠷᠡᠮᠡᠯᠵᠡᠯ ᠲᠡᠶ ᠪᠣᠯᠵᠤ᠂ ᠵᠠᠪᠢ ᠶᠢᠨ ᠳᠠᠯ᠎ᠠ ᠶᠢᠨ ᠪᠣᠯᠠᠭ ᠤᠨ ᠴᠡᠩᠭᠡᠭ᠌ ᠣᠰᠤᠨ ᠳᠠᠳᠠᠨ ᠳᠤ ᠣᠮᠳᠠ ᠪᠣᠯᠵᠤ᠂ ᠣᠩᠭ᠋ᠤᠨ ᠣᠳᠠᠨ ᠤ ᠯᠠᠭᠰᠠᠭᠠᠷ ᠨᠠᠮᠠᠭ᠎ᠠ ᠳᠠᠳᠠᠨ ᠤ ᠠᠮᠤᠷ ᠳᠠᠢ᠌ᠪᠣᠩ ᠳᠤ ᠳᠤᠰᠠᠯᠠᠵᠤ ᠰᠤᠶᠤᠷᠬᠠᠨ ᠢᠪᠠᠭᠡᠭ᠍ᠰᠡᠭᠡᠷ ᠶᠤᠰᠤᠳᠠᠢ 〈ᠦᠷ᠎ᠡ ᠪᠠᠨ ᠳᠠᠨᠢᠬᠤ ᠦᠭᠡᠶ ᠦᠨᠢᠷ ᠪᠣᠯᠵᠤ᠂ ᠦᠷᠢᠶ᠎ᠠ ᠪᠠᠨ ᠳᠠᠨᠢᠬᠤ ᠦᠭᠡᠶ ᠪᠠᠶᠠᠨ ᠪᠣᠯᠵᠤ〉 ᠣᠰᠤ ᠨᠢᠭᠤᠷᠯᠠᠨ ᠳᠠᠯ᠎ᠠ ᠶᠢ ᠬᠠᠷᠠᠵᠤ ᠠᠵᠤ ᠲᠦᠷᠦᠨ ᠣᠠᠳᠤᠷᠤᠭᠰᠠᠭᠠᠷ ᠡᠳᠦᠭᠡ ᠳᠤ ᠢᠷᠡᠭ᠍ᠰᠡᠨ ᠳ᠋ᠠ᠃》 ᠭᠡᠵᠤ ᠪᠣᠰᠤᠭᠠᠤᠨ ᠵᠠᠮ ᠶᠢᠡᠨ ᠡᠯᠭᠦᠭ᠍ᠰᠡᠨ ᠪᠢᠯᠠ᠃

ᠠᠢ᠌ᠯ ᠤᠨ ᠡᠮᠦᠨᠡᠭᠢ ᠣᠯᠠᠨ ᠣᠯᠠᠨ ᠪᠣᠷᠤ ᠳᠤᠯᠤᠭᠠᠤᠨ ᠢ ᠬᠠᠷᠠᠬᠤ ᠳᠤ ᠠᠯᠢ ᠡᠷᠳᠡᠨ ᠤ ᠳᠠᠷᠠ ᠬᠤᠶᠠᠷ ᠮᠤᠩᠭ᠋ᠤᠯ ᠳᠡᠭᠡᠳᠦᠰ ᠡᠴᠡᠩᠭᠡᠷ ᠳᠤᠷᠠᠩᠬᠠᠢ ᠪᠠᠶ᠎ᠠ ᠴᠤᠭᠴᠠ᠂ ᠣᠷᠠᠭᠳᠠᠵᠤ ᠨᠠᠪᠳᠠᠷᠠᠭᠰᠠᠨ ᠬᠤᠪᠴᠠᠰᠤ ᠬᠤᠨᠠᠷ᠂ ᠶᠠᠳᠠᠷᠠᠵᠤ ᠳᠣᠢ᠌ᠯᠳᠤᠭᠰᠠᠨ ᠪᠠᠷ᠎ᠠ ᠳᠦᠷᠭᠦ ᠨᠢ ᠡᠨᠡ ᠣᠷᠴᠢᠨ ᠡᠴᠡ ᠣᠰᠤ ᠬᠠᠢ᠌ᠵᠤ ᠶᠠᠪᠣᠵᠤ ᠪᠠᠢ᠌ᠭ᠎ᠠ ᠳᠦᠷᠢ ᠨᠢ ᠬᠠᠷᠠᠭᠠᠨ ᠳᠤ ᠳᠤᠳᠤᠷᠠᠬᠤ ᠰᠢᠭ ᠪᠣᠯᠤᠭᠠᠤᠨ ᠢᠷᠠᠯ᠎ᠠ᠃ ᠡᠵᠢ ᠶᠢᠨ ᠶᠢᠡᠨ ᠠᠷᠤ ᠡᠴᠡ ᠳᠠᠭᠠᠵᠤ ᠴᠠᠭᠠᠰᠢᠯᠠᠵᠤ ᠶᠠᠪᠣᠬᠤ ᠳᠤ ᠪᠠᠨ ᠡᠷᠭᠢᠵᠤ ᠬᠠᠷᠠᠬᠤ ᠦᠶ᠎ᠡ ᠳᠤ ᠶᠠᠭᠰᠢᠷᠠᠭᠰᠠᠨ ᠰᠠᠯᠠᠭ᠎ᠠ ᠨᠠᠮᠠᠭ᠎ᠠ ᠨᠢ ᠰᠠᠭᠰᠠᠯᠵᠠᠭᠠᠤᠨ ᠡᠪᠦᠭᠡᠨ ᠣᠳᠠ ᠣᠯᠠᠮ ᠴᠤ ᠰᠥᠷᠯᠢᠭ᠌ ᠪᠣᠯᠤᠭᠰᠠᠨ ᠮᠠᠳᠤ ᠨᠤᠮᠢᠷᠠᠨ ᠴᠡᠩᠭᠡᠷᠯᠡᠭᠡᠤᠨ ᠨᠢᠯᠬ᠎ᠠ ᠣᠶᠤᠨ ᠤ ᠮᠢᠨᠢ ᠭᠦᠨ ᠳᠤ ᠰᠠᠢ᠌ᠯᠠᠪᠣᠷᠢ ᠵᠢᠷᠤᠭ ᠪᠣᠯᠵᠤ ᠬᠤᠨᠤᠭᠰᠢᠭᠰᠠᠭᠠᠷ ᠡᠪᠴᠢᠭᠦᠤ ᠳᠦᠭᠦᠷᠡᠩ ᠴᠠᠭᠠᠨ ᠰᠠᠬᠠᠯᠳᠤ ᠡᠪᠦᠭᠡᠨ ᠤ ᠳᠦᠷᠢ ᠳᠦᠷᠭᠦ ᠣᠳᠠ ᠮᠤᠳᠤᠨ ᠤ ᠰᠥᠷᠯᠢᠭ᠌ ᠪᠠᠢ᠌ᠳᠠᠯ ᠲᠡᠶ ᠳᠠᠪᠬᠤᠷᠳᠠᠨ ᠥᠵᠡᠭ᠍ᠳᠡᠭᠦ ᠠᠳᠠᠯᠢ ᠪᠣᠯᠤᠭᠠᠤᠨ ᠢᠷᠠᠨ᠎ᠠ ᠡ᠃

ᠨᠠᠭᠠᠴᠤ ᠡᠮᠡᠭᠡ ᠶᠢᠨ ᠳᠤ ᠣᠴᠢᠭᠰᠠᠨ ᠳᠠᠷᠠ ᠰᠦᠨᠢ ᠪᠢ ᠰᠤᠨᠢᠨ ᠭᠠᠢ᠌ᠬᠠᠯᠳᠠᠢ ᠵᠡᠭᠦᠳᠤ ᠵᠡᠭᠦᠳᠦᠯᠡᠪᠡ᠃ ᠳᠡᠷᠡᠭᠦ ᠭᠦᠭ᠍ᠰᠢᠨ ᠣᠳᠠ ᠮᠤᠳᠤᠨ ᠤ ᠳᠡᠷᠭᠡᠳᠡ ᠨᠠᠭᠠᠤᠠᠴᠤ ᠪᠠᠢ᠌ᠭᠠᠤᠨ ᠰᠠᠨᠠᠭᠠᠨ ᠳᠤ ᠦᠭᠡᠶ ᠣᠢ᠌ᠴᠢᠭᠰᠠᠨ ᠳᠤ ᠨᠢᠭᠡᠨ ᠨᠠᠰᠤᠳᠠᠢ ᠡᠪᠦᠭᠡᠨ ᠨᠠᠮ᠎ᠠ ᠶᠢ ᠡᠷᠭᠦᠨ ᠳᠤᠰᠴᠤ ᠪᠣᠰᠬᠠᠪᠠ᠃ ᠰᠠᠢ᠌ᠬᠠᠨ ᠠᠵᠢᠭᠯᠠᠭᠰᠠᠨ ᠳᠤ ᠦᠨᠦᠭᠢ ᠡᠵᠢ ᠶᠢᠨ ᠶᠠᠷᠢᠭᠰᠠᠨ ᠳᠤᠮᠤᠭ ᠲᠤ ᠭᠠᠷᠳᠠᠭ ᠰᠠᠭᠢᠭᠤᠯᠰᠤᠨ ᠡᠪᠦᠭᠡᠨ ᠪᠠᠢ᠌ᠭᠰᠠᠨ ᠠᠵᠠᠢ᠃ ᠪᠢ 《ᠡᠪᠦᠭᠡᠨ ᠪᠣᠷᠬᠠᠨ ᠳᠤ ᠳᠠᠯᠠᠷᠬᠠᠯ᠎ᠠ 》 ᠭᠡᠵᠤ ᠭᠡᠯᠡᠭᠦ ᠶᠢᠨ ᠳᠠᠭᠠᠤ ᠰᠤᠴᠢᠨ ᠰᠡᠷᠢᠭ᠍ᠰᠡᠨ ᠪᠠᠢ᠌ᠯ᠎ᠠ᠃ ᠳᠡᠭᠡᠭᠡᠤᠨ ᠡᠨᠡ ᠵᠡᠭᠦᠳᠤ ᠪᠠᠨ ᠡᠮᠡᠭᠡ ᠳᠤ ᠪᠠᠨ ᠭᠡᠯᠡᠭᠦ ᠳᠤ ᠡᠮᠡᠭᠡ ᠢᠨᠢᠶᠡᠭᠡᠤᠨ 《ᠰᠠᠢ᠌ᠬᠠᠨ ᠵᠡᠭᠦᠳᠤ ᠪᠠᠢ᠌ᠨ᠎ᠠ᠂ ᠪᠣᠷᠬᠠᠨ ᠴᠢᠮ᠎ᠠ ᠶᠢ ᠢᠪᠠᠭᠡᠵᠤ ᠪᠠᠢ᠌ᠭ᠎ᠠ ᠪᠠᠯᠭᠡ ᠳᠠᠮᠪᠠᠷᠢᠯ ᠪᠠᠢ᠌ᠭ᠎ᠠ ᠳ᠋ᠠ 》 ᠭᠡᠳ ᠮᠡᠩᠨᠡᠢ ᠳᠡᠭᠡᠷ᠎ᠡ ᠮᠢᠨᠢ ᠵᠥᠭᠡᠯᠡᠭᠡᠨ ᠥᠨᠦᠰᠦᠭᠡᠤᠨ ᠬᠠᠯᠠᠭᠤᠨ ᠴᠠᠢ ᠪᠠᠨ ᠠᠮᠳᠠᠷᠬᠠᠨ ᠣᠭᠤᠴᠢᠪᠠ᠃

ᠳᠡᠭᠦᠨ ᠡᠴᠡ ᠬᠣᠢ᠌ᠰᠢ ᠡᠨᠡᠭᠦ ᠭᠦᠭ᠍ᠰᠢᠨ ᠣᠳᠠᠨ ᠤ ᠨᠤᠭᠤᠭᠠᠨ ᠵᠡᠭᠦᠳᠤ ᠪᠣᠳᠤᠯ ᠤᠨ ᠳᠡᠯᠡᠭᠡᠢ ᠳᠤ ᠬᠠᠷᠪᠣᠭᠳᠠᠨ ᠢᠷᠡᠭᠡᠤᠨ ᠯᠠ ᠪᠠᠭ᠎ᠠ ᠶᠢᠨ ᠰᠤᠨᠢᠷᠬᠠᠯ ᠢ ᠳᠠᠳᠠᠵᠤ᠂ ᠬᠤᠯᠠ ᠶᠢᠨ ᠭᠦᠰᠡᠯ ᠳᠤ ᠵᠢᠭᠦᠷ ᠣᠷᠭᠤᠭᠤᠯᠵᠤ ᠬᠤᠨᠤᠭ ᠤᠨ ᠵᠡᠭᠦᠳᠤᠨ ᠳᠤ ᠨᠣᠢ᠌ᠷ ᠰᠠᠭᠠᠳᠠᠭᠠᠵᠤ ᠪᠠᠢ᠌ᠭᠰᠠᠭᠠᠷ ᠨᠢᠭᠡ ᠮᠡᠳᠡᠭᠦ ᠳᠤ ᠪᠣᠷᠭᠠᠰᠤᠨ ᠭᠦᠯᠦᠭ᠌ ᠨᠢᠰᠭᠡᠵᠤ ᠨᠢᠴᠦᠭᠦᠨ ᠳᠠᠪᠠᠬᠠᠢ ᠭᠢᠯᠠᠯᠵᠠᠭᠤᠯᠤᠭᠰᠠᠨ ᠭᠡᠦᠭᠡᠤᠨ ᠨᠠᠰᠤ ᠮᠢᠨᠢ ᠨᠠᠳᠠ ᠡᠴᠡ ᠪᠠᠨ ᠬᠤᠯᠠᠳᠠᠭᠠᠤᠨ ᠪᠢᠴᠢᠭ᠌ ᠡᠷᠳᠡᠮ ᠤᠨ ᠰᠠᠢ᠌ᠬᠠᠨ ᠬᠠᠷᠭᠤᠢ ᠪᠠᠷ ᠵᠤᠷᠴᠢᠬᠤ ᠪᠣᠯᠤᠭᠠᠤᠨ ᠡᠷᠭᠢᠵᠤ ᠰᠠᠨᠠᠭᠳᠠᠬᠤ ᠳᠠᠷᠠ ᠰᠠᠢ᠌ᠬᠠᠨ ᠳᠤᠷᠠᠰᠤᠯᠳᠤ ᠬᠤᠨᠤᠭ ᠤᠳ ᠤᠨ ᠵᠠᠢ ᠪᠠᠷ ᠮᠢᠨᠤ ᠰᠠᠢ᠌ᠬᠠᠨ ᠵᠠᠯᠠᠭᠤ ᠨᠠᠰᠤᠨ ᠤ ᠳᠦᠷᠦᠭᠡ ᠬᠠᠩᠭᠢᠨᠠᠨ ᠵᠢᠩᠭᠢᠨᠡᠭ᠍ᠰᠡᠭᠡᠷ ᠣᠢ᠌ᠷᠠᠳᠤᠨ ᠠᠢ᠌ᠰᠤᠢ᠃

ᠬᠤᠶᠠᠷ᠂ ᠨᠤᠳᠤᠭ ᠲᠠᠭᠠᠨ ᠳᠦᠭᠡᠷᠢᠭ᠍ᠰᠡᠨ ᠪᠠᠯᠴᠢᠷ ᠮᠦᠷ

ᠭᠠᠴᠠᠭᠠᠨ ᠡᠴᠡ ᠪᠠᠨ ᠬᠤᠯᠠ ᠳᠠᠪᠢᠨ ᠭᠠᠵᠠᠷ ᠤᠨ ᠠᠯᠤᠰ ᠲᠤ ᠰᠤᠮᠤ ᠶᠢᠨ ᠳᠤᠮᠳᠠᠳᠤ ᠰᠤᠷᠭᠠᠭᠤᠯᠢ ᠪᠠᠢ᠌ᠵᠤ᠂ ᠪᠢ ᠠᠷᠪᠠᠨ ᠬᠤᠶᠠᠷᠳᠠᠢ ᠳᠠᠷᠠ ᠵᠢᠯ ᠤᠨ ᠨᠠᠮᠤᠷ ᠳᠠᠠᠳᠠ ᠰᠢᠯᠭᠠᠭᠤᠯᠤᠨ ᠣᠷᠤᠭᠰᠠᠨ ᠶᠤᠮ᠃ ᠣᠯᠠᠨ ᠬᠠᠮᠳᠤ ᠰᠤᠷᠤᠭᠴᠢ ᠶᠢᠨ ᠳᠤᠳᠤᠷ᠎ᠠ ᠨᠠᠰᠤ ᠪᠠᠷ ᠪᠠᠭ᠎ᠠ ᠳᠤᠯᠠ ᠪᠠᠭᠰᠢ ᠶᠡᠭᠡ ᠯᠠ ᠬᠠᠷᠠᠭᠠᠯᠵᠠᠳᠠᠭ ᠪᠠᠢ᠌ᠭᠰᠠᠨ᠃ ᠮᠠᠨ ᠤ ᠠᠢ᠌ᠯ ᠤᠨ ᠭᠢᠨ ᠵᠢᠯ ᠠᠯᠤᠰᠯᠠᠭᠠᠤᠨ ᠰᠠ‍‌ᠶᠢ ᠨᠢᠭᠡ ᠠᠩᠭᠢ ᠰᠤᠷᠤᠭᠴᠢ ᠡᠯᠰᠡᠳᠡᠭ᠌ ᠳᠤᠯᠠ ᠳᠤᠯᠤᠭᠠᠨ ᠨᠠᠰᠤᠳᠠᠢ ᠪᠣᠯᠪᠠᠴᠤ ᠭᠤᠶᠤᠵᠤ ᠪᠠᠢ᠌ᠭᠠᠤᠨ ᠰᠤᠷᠭᠠᠭᠤᠯᠢ ᠳᠤ ᠣᠷᠤᠭᠰᠠᠨ ᠳᠠᠷᠠ ᠡᠳᠦᠷ ᠤᠨ ᠪᠠᠶᠠᠰᠤᠯ ᠢ ᠣᠳᠤ ᠮᠦᠨ ᠴᠡᠭᠡᠵᠢᠯᠡᠭ᠍ᠰᠡᠭᠡᠷ ᠪᠠᠢ᠌ᠨ᠎ᠠ᠃ ᠮᠢᠨᠤ ᠰᠤᠷᠤᠯᠭ᠎ᠠ ᠡᠭᠢᠨ ᠳᠤ ᠪᠠᠨ ᠡᠮᠦᠨ᠎ᠡ ᠭᠤᠷᠪᠠᠨ ᠨᠠᠷ᠎ᠠ ᠳᠤ ᠣᠷᠤᠭᠰᠠᠨ ᠪᠣᠯᠬᠤᠷ ᠪᠠᠭᠰᠢ ᠨᠠᠮ᠎ᠠ ᠳᠤ ᠳᠤᠩ ᠢᠳᠡᠭᠡᠯ ᠦᠭ‍ᠭᠦᠭ᠍ᠰᠡᠨ ᠪᠢᠯᠠ᠃ ᠳᠠᠮᠠᠢ ᠣᠳᠠᠯ ᠦᠭᠡᠶ ᠪᠢ ᠭᠢᠴᠢᠶᠠᠯ ᠲᠦᠷᠦᠯ ᠶᠢᠡᠨ ᠰᠠᠢ᠌ᠨ ᠰᠤᠷᠴᠤ ᠠᠩᠭᠢ ᠳᠤ ᠪᠠᠨ ᠣᠷᠣᠢ᠌ᠯᠠᠬᠤ ᠪᠣᠯᠤᠭᠰᠠᠨ ᠡᠴᠡ ᠪᠠᠭᠰᠢ ᠮᠢᠨᠤ ᠠᠪᠠᠭ᠎ᠠ ᠶᠢᠨ ᠳᠤ ᠪᠠᠨ ᠰᠠᠭᠤᠬᠤ ᠶᠢ ᠭᠦᠯᠢᠶᠡᠭᠦ ᠦᠭᠡᠶ ᠪᠣᠯᠵᠤ ᠪᠢ ᠰᠤᠷᠭᠠᠭᠤᠯᠢ ᠶᠢᠨ ᠪᠠᠢ᠌ᠷᠢᠨ ᠳᠤ ᠨᠡᠭᠦᠵᠤ ᠢᠷᠡᠭ᠍ᠰᠡᠨ ᠪᠠᠢ᠌ᠪᠠ᠃ ᠭᠠᠷᠠᠭ ᠪᠣᠯᠤᠭᠰᠠᠭᠠᠷ ᠯᠠ ᠨᠥᠭᠦᠤᠨ ᠴᠦᠮ ᠬᠠᠷᠢᠬᠤ ᠭᠡᠵᠤ ᠳᠡᠪᠵᠢᠶᠡᠷᠡᠳᠡᠭ᠌᠃ ᠪᠢ ᠯᠠ ᠭᠠᠭᠴᠠᠭᠠᠷ ᠭᠤᠩᠰᠣᠢ᠌ᠨ ᠬᠤᠴᠤᠷᠳᠠᠭ ᠡᠴᠡ ᠠᠪᠠᠭ᠎ᠠ ᠶᠢᠨ ᠳᠤ ᠣᠴᠢᠵᠤ ᠭᠡᠳᠡᠰᠤ ᠪᠠᠨ ᠳᠦᠭᠦᠷᠭᠡᠭᠦ ᠭᠡᠵᠤ ᠮᠤᠩᠭ᠋ᠠᠨᠢᠳᠠᠭ᠃ ᠣᠴᠢᠷ ᠨᠢ ᠭᠠᠷᠠᠭ ᠤᠨ ᠡᠳᠦᠷ ᠲᠤ ᠬᠤᠭᠤᠯᠠᠨ ᠭᠡᠷ ᠨᠡᠭᠡᠭᠡᠳᠡᠭ᠌ ᠦᠭᠡᠶ ᠳᠤᠯᠠ ᠰᠤᠷᠭᠠᠭᠤᠯᠢ ᠳᠤ ᠰᠠᠭᠤᠪᠠᠯ ᠦᠯᠦᠨ ᠬᠤᠨᠤᠬᠤ ᠭᠡᠷᠡᠭ᠌ ᠭᠡᠵᠤ ᠮᠠᠳᠠ᠃

ᠴᠡᠭᠡᠵᠢᠯᠡᠵᠤ ᠪᠠᠢ᠌ᠬᠤ ᠪᠠᠷ ᠠᠩᠬ᠎ᠠ ᠬᠤᠶᠠᠳᠤᠭᠠᠷ ᠣᠨ ᠤ ᠦᠶ᠎ᠡ ᠳᠤ ᠭᠠᠷᠤᠭᠰᠠᠨ ᠭᠡᠷᠡᠭ᠌ ᠶᠤᠮᠰᠠᠨ᠃ ᠪᠢ ᠠᠪᠠᠭ᠎ᠠ ᠶᠢᠨ ᠠᠷᠪᠠᠨ ᠨᠠᠰᠤᠳᠠᠢ ᠭᠦᠤ ᠶᠢ ᠨᠢ ᠬᠠᠨᠢ ᠪᠣᠯᠭᠠᠵᠤ᠂ ᠭᠡᠷ ᠲᠤ ᠪᠠᠨ ᠬᠠᠷᠢᠬᠤ ᠪᠠᠷ ᠠᠪᠠᠭ᠎ᠠ ᠡᠵᠢ ᠡᠴᠡ ᠪᠠᠨ ᠵᠦᠪᠰᠢᠶᠠᠷᠠᠯ ᠣᠯᠤᠭᠠᠤᠨ ᠪᠠᠶᠠᠷᠯᠠᠭᠰᠠᠨ ᠢ ᠭᠡᠯᠡᠭᠦ ᠶᠤᠮ ᠪᠣᠯ ᠭᠡᠯᠡᠭᠦ ᠭᠠᠵᠠᠷ ᠦᠭᠡᠶ᠂ ᠳᠠᠷᠠ ᠭᠠᠷᠠᠭ ᠤᠨ ᠦᠳᠡ ᠶᠢᠨ ᠠᠮᠠᠷᠠᠯᠳᠠ ᠶᠢ ᠳᠠᠰᠴᠤ ᠶᠠᠳᠠᠨ ᠭᠦᠯᠢᠶᠡᠭᠡᠤᠨ ᠦᠳᠡ ᠶᠢᠨ ᠭᠢᠴᠢᠶᠠᠯ ᠪᠠᠭᠤᠮᠠᠭᠴᠠ ᠪᠣᠳᠠᠭ᠎ᠠ ᠴᠤ ᠢᠳᠡᠭ᠍ᠰᠡᠨ ᠦᠭᠡᠶ ᠪᠠᠷ ᠭᠡᠷ ᠶᠢᠡᠨ ᠵᠥᠭᠯᠡᠵᠤ ᠵᠠᠮ ᠶᠢᠡᠨ ᠡᠯᠭᠦᠯ᠎ᠡ᠃ 《ᠶᠠᠳᠠᠷᠠᠭᠰᠠᠨ ᠭᠦᠮᠤᠨ ᠳᠤ ᠴᠢᠭᠢ ᠭᠦᠡᠳᠤ᠂ ᠡᠴᠡᠭ᠍ᠰᠡᠨ ᠮᠤᠷᠢᠨ ᠳᠤ ᠬᠠᠵᠠᠭᠠᠷ ᠭᠦᠡᠳᠤ》 ᠭᠡᠳᠡᠭ᠌ ᠶᠢᠡᠷ ᠳᠡᠭᠦᠤ ᠪᠢᠳᠠ ᠬᠤᠶᠠᠭᠤᠯᠠ ᠳᠣᠢ᠌ᠯ ᠶᠢᠡᠷ ᠶᠠᠳᠠᠷᠠᠭᠠᠤᠨ ᠥᠯᠦᠰᠭᠦ ᠣᠮᠳᠠᠭᠠᠰᠬᠤ ᠲᠡᠶ ᠳᠠᠪᠬᠤᠴᠠᠭᠠᠤᠨ ᠳᠠᠮᠢᠷ ᠳᠡᠩᠭᠡᠭᠡ ᠦᠭᠡᠶ ᠪᠣᠯᠵᠤ ᠠᠮᠤᠰᠭᠢᠪᠠ᠃ ᠣᠤᠯ ᠨᠢ ᠡᠨᠡ ᠵᠠᠮ ᠶᠢᠡᠷ ᠡᠵᠢ ᠲᠡᠶ ᠪᠠᠨ ᠨᠢᠭᠡ ᠣᠳᠠᠭ᠎ᠠ ᠶᠠᠪᠣᠭᠰᠠᠨ ᠪᠣᠯᠪᠠᠴᠤ ᠬᠠᠮᠢᠭ᠎ᠠ ᠨᠢ ᠶᠠᠭᠤ ᠪᠠᠢ᠌ᠳᠠᠭ ᠳᠤᠬᠠᠢ ᠴᠡᠭᠡᠵᠢᠯᠡᠯ ᠦᠭᠡᠶ ᠨᠢᠭᠡ ᠮᠡᠳᠡᠭᠦ ᠳᠤ ᠵᠠᠮ ᠶᠢᠡᠨ ᠠᠯᠳᠠᠭᠰᠠᠨ ᠶᠢᠡᠨ ᠰᠠᠷᠠᠵᠤ ᠮᠠᠳᠠᠪᠠ᠃ ᠨᠠᠰᠤ ᠪᠠᠭ᠎ᠠ ᠳᠡᠭᠦᠤ ᠪᠠᠨ ᠠᠶᠤᠵᠤ ᠰᠠᠠᠳᠤᠷᠬᠤ ᠡᠴᠡ ᠡᠮᠢᠶᠡᠵᠤ ᠵᠠᠮ ᠬᠠᠵᠠᠢ᠌ᠭᠰᠠᠨ ᠶᠠᠪᠣᠳᠠᠯ ᠢ ᠰᠠᠪ ᠮᠡᠳᠡᠭ᠍ᠳᠡᠭ᠍ᠰᠡᠨ ᠦᠭᠡᠶ ᠶᠠᠪᠣᠵᠤ ᠯᠠ ᠪᠠᠢ᠌ᠯ᠎ᠠ᠃

ᠵᠤᠨ ᠤ ᠬᠠᠯᠠᠭᠤᠨ ᠨᠠᠷᠠᠨ ᠤ ᠢᠳᠠ ᠪᠠᠭᠤᠷᠠᠵᠤ ᠨᠠᠮᠤᠷ ᠤᠨ ᠰᠢᠷᠭᠠᠯ ᠨᠠᠷᠠᠨ ᠤ ᠢᠯᠴᠢ ᠴᠢᠩᠭ᠋ᠠᠷᠠᠨ ᠥᠭᠡᠳᠡ ᠡᠴᠡ ᠨᠢᠯᠴᠢᠭᠢᠨᠡᠭᠦ ᠡᠯᠡᠰᠤᠨ ᠤ ᠬᠠᠯᠠᠭᠤᠨ ᠠᠮᠢᠰᠬᠤᠯ ᠥᠭᠡᠳᠡ ᠡᠴᠡ ᠴᠤᠷᠭᠢᠵᠤ ᠭᠡᠴᠡᠭᠦᠤ ᠬᠠᠯᠠᠭᠤᠳᠠᠵᠤ ᠶᠠᠪᠣᠯ᠎ᠠ ᠳ᠋ᠠ᠃ ᠳᠡᠷᠳᠡᠭᠡ ᠳᠠᠯ᠎ᠠ ᠳ᠋ᠤ ᠡᠩ ᠦᠭᠡᠶ ᠥᠷᠭᠦᠯᠵᠢᠯᠡᠭ᠍ᠰᠡᠨ ᠭᠤᠧᠨ ᠶᠢᠨ ᠳᠠᠷᠢᠶ᠎ᠠ ᠪᠠᠢ᠌ᠬᠤ ᠪᠦᠭᠡᠤᠨ ᠭᠤᠧᠨ ᠮᠠᠨᠠᠳᠠᠭ ᠨᠢᠭᠡᠨ ᠵᠢᠵᠢᠭ᠌ ᠳᠤᠪᠣ ᠬᠠᠷᠠᠭᠳᠠᠪᠠ᠃ ᠪᠢ ᠳᠤᠳᠤᠷ᠎ᠠ ᠪᠠᠨ ᠠᠯᠠᠰᠭᠢᠨ ᠪᠠᠶᠠᠷᠯᠠᠵᠤ᠂ ᠣᠳᠤ ᠨᠢᠭᠡ ᠣᠰᠤ ᠣᠯᠵᠤ ᠣᠤᠭᠤᠬᠤ ᠶᠤᠮ ᠪᠠᠢ᠌ᠨ᠎ᠠ ᠳ᠋ᠠ ᠭᠡᠵᠤ ᠪᠣᠳᠤᠨ ᠶᠠᠪᠣᠵᠤ ᠪᠠᠢ᠌ᠳᠠᠯ᠎ᠠ ᠨᠢᠭᠡᠨ ᠡᠪᠦᠭᠡᠵᠢᠶᠡᠷ ᠭᠦᠮᠤᠨ ᠠᠭᠤᠯᠵᠠᠪᠠ᠃ ᠳᠡᠭᠡᠭᠡᠤᠨ ᠪᠢᠳᠠᠨ ᠡᠴᠡ ᠬᠠᠮᠢᠭ᠎ᠠ ᠣᠴᠢᠬᠤ ᠭᠦᠮᠤᠨ ᠪᠣᠯᠬᠤ ᠶᠢ ᠠᠰᠠᠭᠤᠵᠤ ᠮᠡᠳᠡᠭᠡᠤᠨ 《ᠭᠦᠢ ᠠᠩᠭ᠋᠎ᠠ ᠨᠡᠷ ᠡ᠂ ᠳᠠᠨᠤᠰ ᠵᠠᠮ ᠳᠦᠭᠡᠷᠢᠭ᠍ᠰᠡᠨ ᠰᠢᠪ ᠳ᠋ᠠ᠂ ᠪᠣᠷᠭᠠᠰᠤᠳᠠᠯ᠎ᠠ ᠶᠢᠨ ᠭᠡᠨ ᠤ ᠦᠬᠢᠨ ᠪᠣᠯᠪᠠ 》 ᠭᠡᠵᠤ ᠥᠭᠡ ᠣᠭᠤᠴᠢᠯᠠᠪᠠ᠃ ᠪᠢ ᠭᠡᠯᠡᠵᠤ ᠦᠭ‍ᠭᠦᠭ᠍ᠰᠡᠨ ᠴᠢᠨᠢ ᠬᠠᠷᠢᠨ ᠠᠪᠣ ᠶᠢ ᠳᠠᠨᠢᠬᠤ ᠪᠦᠭᠡᠤᠨ ᠬᠤᠯᠠ ᠶᠢᠨ ᠰᠠᠳᠤᠨ ᠪᠣᠯᠬᠤ ᠭᠦᠮᠤᠨ ᠪᠠᠢ᠌ᠯ᠎ᠠ᠃ ᠠᠪᠣᠷᠠᠯ ᠡᠷᠢᠭ᠍ᠰᠡᠨ ᠮᠥᠷᠭᠦᠯᠴᠢᠨ ᠰᠢᠭ᠌ ᠳᠤᠳᠤᠷ᠎ᠠ ᠪᠠᠨ ᠪᠠᠶᠠᠷᠯᠠᠵᠤ ᠣᠴᠢᠪᠠ᠃ ᠳᠠᠷᠠ ᠭᠦᠮᠤᠨ ᠳᠡᠭᠦᠤ ᠪᠢᠳᠠ ᠬᠤᠶᠠᠭᠤᠯᠠ ᠳᠤ ᠠᠮᠳᠠᠳᠠᠢ ᠭᠤᠧᠨ ᠡᠴᠡ ᠢᠯᠭᠠᠵᠤ ᠪᠠᠢ᠌ᠭᠠᠤᠨ ᠬᠠᠭᠠᠯᠵᠤ ᠢᠳᠡᠭᠦᠯᠪᠡ᠃ ᠮᠢᠨᠤ ᠡᠪᠦᠭᠡ ᠴᠤ ᠪᠠᠷᠢᠭᠠᠳᠠ ᠶᠢᠨ ᠭᠤᠧᠨ ᠶᠢᠨ ᠳᠠᠷᠢᠶ᠎ᠠ ᠶᠢ ᠰᠠᠭᠢᠵᠤ ᠪᠠᠢ᠌ᠳᠠᠭ ᠡᠴᠡ ᠪᠢ ᠳᠠᠩᠳᠠ ᠪᠠᠨ ᠭᠤᠧᠨ ᠶᠢᠨ ᠳᠠᠷᠢᠶᠠᠨ ᠳᠤ ᠣᠴᠢᠵᠤ ᠭᠤᠧᠨ ᠢᠳᠡᠳᠡᠭ᠌ ᠪᠦᠭᠡᠤᠨ ᠳᠤᠮᠤ ᠰᠢᠭ ᠭᠤᠧᠨ ᠪᠠᠷ ᠪᠣᠳᠤᠩ ᠰᠢᠭ ᠶᠠᠭᠤᠮ᠎ᠠ ᠵᠤᠬᠢᠶᠠᠵᠤ ᠳᠤᠳᠤᠷ᠎ᠠ ᠨᠢ ᠥᠭᠡᠭᠦ ᠶᠢ ᠨᠢ ᠭᠢᠵᠤ ᠭᠡᠷ ᠲᠤ ᠪᠠᠨ ᠠᠪᠠᠴᠢᠭᠠᠤᠨ ᠳᠡᠭᠦᠤ ᠨᠡᠷ ᠲᠤ ᠪᠠᠨ ᠢᠳᠡᠭᠦᠯᠳᠡᠭ᠌ ᠪᠠᠢ᠌ᠭᠰᠠᠨ ᠶᠤᠮ᠃ ᠡᠢ᠌ᠮᠤ ᠡᠴᠡ ᠪᠢ ᠶᠠᠮᠠᠷ ᠵᠢᠵᠤ ᠲᠡᠶ ᠭᠤᠧᠨ ᠠᠮᠳᠠᠳᠠᠢ ᠭᠡᠳᠡᠭ᠌ ᠢ ᠮᠠᠨᠠᠭᠠᠴᠢ ᠡᠪᠦᠭᠡᠨ ᠡᠴᠡ ᠴᠤ ᠰᠠᠢ᠌ᠨ ᠮᠠᠳᠠᠵᠤ ᠮᠠᠭᠠᠤᠨ ᠭᠡᠵᠤ ᠪᠠᠶ᠎ᠠ ᠳᠤ ᠪᠠᠨ ᠢᠳᠡᠭᠡᠯ ᠲᠡᠶ ᠪᠣᠳᠤᠵᠤ ᠭᠤᠧᠨ ᠢᠳᠠᠯ᠎ᠠ᠃ 《ᠦᠯᠦᠰᠦᠭ᠍ᠰᠡᠨ ᠦᠶ᠎ᠡ ᠳᠤ ᠦᠯ ᠪᠣᠯᠤᠮ᠎ᠠ᠂ ᠳᠠᠭᠠᠷᠠᠭᠰᠠᠨ ᠦᠶ᠎ᠡ ᠳᠤ ᠳᠠᠬᠤ ᠪᠣᠯᠤᠮ᠎ᠠ》 ᠡᠨᠡ ᠰᠠᠢ᠌ᠬᠠᠨ ᠲᠤᠬᠢᠶᠠᠯ ᠶᠢᠡᠷ ᠪᠢᠳᠠᠨ ᠵᠠᠮ ᠶᠢᠡᠨ ᠳᠠᠭᠢᠨ ᠡᠯᠭᠦᠵᠤ ᠠᠪᠣᠭᠠᠤᠨ ᠭᠡᠷ ᠶᠢᠡᠨ ᠴᠢᠭᠯᠡᠭ᠍ᠰᠡᠨ ᠪᠠᠢ᠌ᠯ᠎ᠠ᠃ ᠠᠪᠣ ᠶᠢᠨ ᠳᠦᠰᠢᠭ᠌ ᠰᠢᠭ᠌ ᠣᠯᠠᠨ ᠣᠯᠠᠨ ᠪᠣᠷᠤ ᠳᠤᠯᠤᠭᠠᠤᠨ ᠶᠢᠡᠨ ᠬᠠᠷᠠᠬᠤᠯᠠᠷ ᠲ᠋ᠠᠨᠢᠯ ᠢᠵᠢᠯᠢ ᠰᠠᠨᠠᠭᠳᠠᠭᠠᠤᠨ ᠪᠣᠯᠬᠤ ᠦᠭᠡᠶ ᠪᠢ ᠶᠠᠭᠤ ᠬᠠᠢ ᠦᠭᠡᠶ ᠴᠤᠷᠭᠢᠷᠠᠨ ᠣᠭᠢᠯᠠᠭᠰᠠᠨ ᠰᠢᠤ᠃ ᠣᠴᠢᠷ ᠨᠢ ᠪᠢ ᠳᠤᠯᠤᠭᠠᠨ ᠭᠠᠷᠠᠭ ᠪᠣᠯᠤᠭᠠᠤᠨ ᠰᠠ‍‌ᠶᠢ ᠨᠢᠭᠡ ᠣᠳᠠᠭ᠎ᠠ ᠭᠡᠷ ᠲᠤ ᠪᠠᠨ ᠬᠠᠷᠢᠬᠤ ᠪᠠᠷ ᠪᠠᠢ᠌ᠭ᠎ᠠ ᠨᠢ ᠡᠨᠡ᠃ ᠠᠩᠬ᠎ᠠ ᠨᠢᠭᠡ ᠳᠤ ᠰᠤᠷᠴᠤ ᠪᠠᠢ᠌ᠬᠤ ᠳᠤ ᠪᠠᠨ ᠨᠠᠢ᠌ᠳᠠᠮ ᠣᠭᠢᠯᠠᠳᠠᠭ ᠪᠠᠢ᠌ᠭᠰᠠᠨ ᠢ ᠰᠠᠨᠠᠬᠤ ᠳᠤ ᠣᠳᠤ ᠮᠦᠨ ᠬᠤᠯᠠ ᠵᠥᠭᠡᠷ ᠪᠣᠯᠵᠠᠢ᠃ ᠳᠠᠷᠠ ᠦᠶ᠎ᠡ ᠳᠤ ᠪᠢ ᠠᠢ᠌ᠯ ᠡᠴᠡ ᠪᠠᠨ ᠭᠠᠭᠴᠠᠭᠠᠷ ᠶᠢᠡᠨ ᠪᠦᠭᠡᠤᠨ ᠥᠭᠡᠷ᠎ᠡ ᠳᠠᠨᠢᠯ ᠳᠠᠰᠤᠯ ᠭᠦᠮᠤᠨ ᠪᠠᠰᠠ ᠪᠠᠢ᠌ᠬᠤ ᠦᠭᠡᠶ ᠳᠤᠯᠠ ᠨᠠᠳᠠᠳᠤ ᠳᠠᠮᠤ ᠶᠢᠨ ᠣᠷᠤᠨ ᠰᠢᠭ ᠰᠠᠨᠠᠭᠳᠠᠭᠠᠤᠨ ᠪᠠᠢ᠌ᠵᠠᠢ᠃ ᠵᠠᠷᠢᠮ ᠳᠤ ᠪᠠᠨ ᠭᠢᠴᠢᠶᠠᠯ ᠤᠨ ᠴᠠᠭ ᠲᠤ ᠣᠭᠢᠯᠠᠭᠠᠤᠨ ᠳᠠᠰᠬᠠᠯ ᠤᠨ ᠳᠠᠪᠳᠠᠷ ᠶᠢᠡᠨ ᠨᠤᠷᠭᠠᠵᠤ ᠳᠠᠭᠢᠵᠤ ᠭᠢᠭᠦ ᠶᠠᠪᠣᠳᠠᠯ ᠴᠤ ᠭᠠᠷᠴᠤ ᠥᠩᠭᠡᠷᠡᠪᠡ᠃ ᠠᠩᠬ᠎ᠠ ᠨᠢᠭᠡ ᠳᠤ ᠰᠤᠷᠴᠤ ᠪᠠᠢ᠌ᠬᠤ ᠳᠤ ᠪᠠᠨ ᠪᠠᠭᠰᠢ ᠡᠴᠡ ᠴᠢᠯᠦᠭᠡ ᠭᠤᠶᠤᠵᠤ ᠣᠯᠤᠭᠰᠠᠨ ᠦᠭᠡᠶ ᠳᠤ ᠪᠠᠨ ᠭᠤᠮᠤᠳᠠᠭᠠᠤᠨ ᠬᠠᠭᠠᠰ ᠡᠳᠦᠷ ᠢ ᠣᠭᠢᠯᠠᠭᠠᠤᠨ ᠯᠠ ᠥᠩᠭᠡᠷᠡᠭᠡᠭ᠍ᠰᠡᠨ ᠶᠢᠡᠨ ᠣᠳᠤ ᠪᠣᠳᠤᠪᠠᠯ ᠢᠨᠢᠶᠠᠳᠤ ᠲᠡᠶ ᠬᠠᠨᠢᠶᠠᠳᠤ ᠲᠡᠶ ᠪᠠᠭ᠎ᠠ ᠨᠠᠰᠤ ᠮᠢᠨᠢ ᠭᠦᠭᠡᠷᠦᠭᠦᠢ ᠪᠠᠢ᠌ᠵᠤ ᠰᠢᠤ᠃

ᠨᠠᠷᠠ ᠵᠢᠷᠭᠠᠬᠤ ᠦᠶ᠎ᠡ ᠪᠠᠷ ᠪᠢ ᠨᠤᠳᠤᠭ ᠤᠨ ᠰᠦᠯᠳᠡ ᠪᠣᠯᠤᠭᠰᠠᠨ ᠣᠩᠭ᠋ᠤᠨ ᠣᠳᠠᠨ ᠤ ᠳᠡᠷᠭᠡᠳᠡ ᠭᠦᠷᠴᠤ ᠢᠷᠠᠪᠠ᠃ ᠰᠥᠷᠦᠭ᠌ ᠶᠢᠡᠨ ᠳᠠᠭᠤᠭᠰᠠᠨ ᠠᠪᠣ ᠶᠢᠨ ᠪᠠᠷ᠎ᠠ ᠬᠠᠷᠠᠭᠳᠠᠬᠤᠯᠠᠷ ᠪᠢ ᠨᠢᠯᠪᠣᠰᠤ ᠪᠠᠨ ᠠᠷᠴᠢᠨ 《ᠠᠪᠣ ᠡ 》 ᠭᠡᠵᠤ ᠳᠠᠭᠤᠤ ᠠᠯᠳᠠᠭᠠᠤᠨ ᠴᠢᠨᠠᠭᠰᠢ ᠠᠮᠢ ᠠᠪᠬᠤ ᠦᠭᠡᠶ ᠭᠦᠶ‍ᠦᠭ᠍ᠰᠡᠨ᠃ ᠠᠪᠣ ᠮᠢᠨᠢ ᠨᠢᠭᠡ ᠪᠣᠭᠤᠵᠢ ᠳᠦᠯᠡᠭᠡ ᠡᠭᠦᠷᠴᠢᠭᠡᠭᠡᠤᠨ ᠬᠤᠨᠢ ᠪᠠᠨ ᠳᠠᠭᠤᠵᠤ ᠶᠠᠪᠣᠵᠤ ᠪᠠᠢ᠌ᠭᠰᠠᠨ ᠶᠢᠡᠨ ᠳᠡᠭᠦᠤ ᠪᠢᠳᠠ ᠬᠤᠶᠠᠭᠤᠯᠠ ᠶᠢ ᠥᠵᠡᠭᠡᠤᠨ ᠣᠭᠳᠤᠨ ᠳᠤᠰᠤᠯ᠎ᠠ᠁ ᠳᠠᠷᠠ ᠣᠳᠠᠭᠠᠨ ᠤ ᠠᠶᠠᠯᠠᠯ ᠡᠴᠡ ᠰᠡᠭᠦᠯᠡᠷ ᠳᠡᠭᠦᠤ ᠮᠢᠨᠢ ᠨᠠᠮ᠎ᠠ ᠶᠢ ᠳᠠᠭᠢᠵᠤ ᠳᠠᠭᠠᠵᠤ ᠢᠷᠡᠭ᠍ᠰᠡᠨ ᠦᠭᠡᠶ ᠪᠢᠯᠠ᠃ ᠳᠠᠷᠠ ᠡᠳᠦᠷ ᠤᠨ ᠠᠶᠠᠯᠠᠯ ᠡᠴᠡ ᠰᠡᠭᠦᠯᠡᠷ ᠪᠢ ᠠᠮᠢ ᠨᠠᠰᠤᠨ ᠤ ᠣᠷᠳᠤ ᠶᠢᠨ ᠵᠠᠮ ᠶᠢᠡᠨ ᠡᠷᠭᠢᠨ ᠬᠠᠷᠠᠬᠤᠶ᠎ᠠ ᠪᠠᠯᠴᠢᠷ ᠨᠠᠰᠤᠨ ᠤ ᠣᠨᠠᠭᠠᠨ ᠮᠦᠷ ᠮᠢᠨᠢ ᠮᠠᠩᠬᠠᠨ ᠨᠤᠳᠤᠭ ᠤᠨ ᠳᠤᠯᠠᠭᠠᠨ ᠦᠷᠦᠴᠠᠨ ᠳᠤ ᠳᠤᠷᠠᠢ᠌ᠨ ᠳᠤᠷᠠᠢ᠌ᠭᠰᠠᠭᠠᠷ ᠣᠩᠭ᠋ᠤᠨ ᠣᠳᠠᠨ ᠤ ᠨᠤᠮᠢᠨ ᠵᠡᠭᠦᠳᠤ ᠶᠢ ᠮᠠᠨᠠᠭᠰᠠᠭᠠᠷ ᠳᠠᠠᠳᠠ ᠪᠠᠨ ᠬᠤᠴᠤᠷᠤᠯ᠎ᠠ᠃ ᠳᠠᠠᠳᠠ ᠡᠴᠡ ᠪᠢ ᠭᠢᠴᠢᠶᠠᠨ ᠰᠤᠷᠬᠤ ᠶᠢᠨ ᠵᠤᠷᠢᠭ ᠣᠯᠵᠤ᠂ ᠭᠡᠷᠰᠡᠤ ᠠᠮᠢᠳᠤᠷᠠᠬᠤ ᠶᠢᠨ ᠣᠬᠠᠭᠠᠨ ᠳᠠᠮᠠᠴᠠᠵᠤ᠂ ᠭᠦᠮᠤᠨ ᠪᠣᠯᠬᠤ ᠶᠢᠨ ᠶᠤᠰᠤ ᠶᠢ ᠬᠠᠢ᠌ᠵᠤ᠂ ᠡᠷᠳᠡᠮ ᠤᠨ ᠬᠠᠷᠭᠤᠢ ᠣᠢ᠌ᠯᠠᠰ ᠤᠨ ᠮᠦᠷ ᠶᠢᠡᠨ ᠡᠯᠭᠦᠵᠤ ᠠᠪᠣᠭᠰᠠᠨ ᠪᠢᠯᠠ᠃

ᠭᠤᠷᠪᠠ᠂ ᠣᠷᠢ ᠨᠠᠰᠤᠨ ᠤ ᠠᠯᠳᠠᠨ ᠳᠦᠷᠦᠭᠡ

ᠭᠦᠮᠤᠨ ᠤ ᠠᠮᠢᠳᠤᠷᠠᠯ ᠤᠨ ᠣᠷᠳᠤ ᠶᠢᠨ ᠠᠶᠠᠨ ᠳᠤ ᠪᠠᠨ ᠪᠢ ᠠᠷᠪᠠᠨ ᠳᠠᠪᠣᠳᠠᠢ ᠳᠠᠷᠠ ᠨᠠᠮᠤᠷ ᠤᠨ ᠳᠠᠷᠠ ᠨᠢᠭᠡ ᠡᠳᠦᠷ ᠢ 《ᠪᠦᠳᠤᠨ ᠰᠠᠢ᠌ᠨ ᠡᠳᠦᠷ》 ᠭᠡᠵᠤ ᠰᠠᠤᠠᠭᠢᠯ ᠳᠤ ᠪᠠᠨ ᠦᠨᠢ ᠬᠠᠳᠠᠵᠤ ᠶᠠᠪᠣᠳᠠᠭ ᠳ᠋ᠠ᠃ ᠳᠠᠷᠤᠢ 1984 ᠣᠨ ᠤ 9 ᠰᠠᠷ᠎ᠠ ᠶᠢᠨ 1᠊ᠤ ᠡᠳᠦᠷ ᠮᠢᠨᠤ ᠰᠤᠷᠤᠯᠴᠠᠵᠤ ᠪᠠᠢ᠌ᠭᠰᠠᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠶᠢᠨ ᠵᠠᠭᠢᠷᠤᠯ ᠭᠤᠮᠪᠣᠵᠠᠪ ᠪᠠᠭᠰᠢ ᠳᠠᠪᠢᠨ ᠭᠠᠵᠠᠷ ᠤᠨ ᠠᠯᠤᠰ ᠡᠴᠡ ᠶᠠᠪᠠᠭᠠᠨ ᠶᠢᠡᠷ ᠶᠠᠪᠣᠵᠤ᠂ ᠮᠢᠨᠤ ᠪᠠᠭᠰᠢ ᠶᠢᠨ ᠰᠤᠷᠭᠠᠭᠤᠯᠢ ᠳᠤ ᠰᠢᠯᠭᠠᠭᠤᠯᠵᠤ ᠣᠷᠤᠭᠰᠠᠨ ᠮᠡᠳᠡᠭ᠍ᠳᠡᠯ ᠤᠨ ᠪᠢᠴᠢᠭ᠌ ᠢ ᠭᠦᠷᠭᠡᠵᠤ ᠢᠷᠡᠭ᠍ᠰᠡᠨ ᠪᠠᠢ᠌ᠵᠠᠢ᠃ ᠡᠨᠡ ᠪᠠᠶᠠᠷ ᠠᠢ᠌ᠯ ᠳᠠᠶᠠᠭᠠᠷ ᠳᠠᠭᠤᠷᠢᠰᠤᠯ᠎ᠠ᠃ ᠠᠪᠣ ᠡᠵᠢ ᠮᠢᠨᠢ ᠭᠦᠯ ᠨᠢ ᠭᠠᠵᠠᠷ ᠭᠦᠷᠭᠦ ᠦᠭᠡᠶ ᠪᠠᠶᠠᠷᠯᠠᠵᠤ᠂ ᠭᠦᠡᠳᠦᠳᠤ ᠵᠤᠴᠢᠨ ᠶᠢᠡᠨ ᠪᠣᠳᠠᠭ᠎ᠠ ᠪᠠᠯᠡᠳᠭᠡᠵᠤ ᠮᠠᠩᠳᠠᠨ᠎ᠠ᠃ ᠭᠡᠳᠡᠯ᠎ᠡ ᠭᠤ᠋ ᠪᠠᠭᠰᠢ ᠴᠠᠢ ᠣᠤᠭᠤᠵᠤ ᠵᠥᠭᠡᠭᠡᠢ ᠲᠡᠶ ᠬᠤᠭᠤᠯᠠ ᠢᠳᠡᠭᠡᠤᠨ ᠳᠠᠷᠤᠢ ᠮᠤᠷᠳᠠᠵᠤ ᠪᠢᠯᠠ᠃ ᠭᠡᠦᠭᠡᠤᠨ ᠨᠠᠰᠤᠨ ᠤ ᠪᠠᠯᠴᠢᠷ ᠣᠶᠤᠨ ᠳᠤ ᠪᠠᠨ ᠪᠠᠭᠰᠢ ᠳᠤ ᠪᠠᠨ ᠬᠠᠯᠠᠮᠵᠢ ᠶᠢᠨ ᠬᠤᠶᠠᠷ ᠥᠭᠡ ᠴᠤ ᠭᠡᠯᠡᠭ᠍ᠰᠡᠨ ᠦᠭᠡᠶ ᠪᠠᠷ ᠶᠠᠪᠣᠭᠤᠯᠤᠭᠰᠠᠨ ᠳᠤ ᠪᠠᠨ ᠳᠤᠳᠤᠷ᠎ᠠ ᠳᠤᠩ ᠡᠡᠶᠡᠭᠦᠢ ᠰᠠᠨᠠᠭᠳᠠᠯ᠎ᠠ᠃ ᠣᠴᠢᠷ ᠨᠢ ᠰᠤᠷᠤᠭᠴᠢ ᠳᠤ ᠪᠠᠨ ᠬᠠᠯᠠᠮᠵᠢ ᠲᠡᠶ᠂ ᠰᠢᠯᠤᠭᠤᠨ ᠪᠣᠷᠤᠭᠵᠢᠭᠤᠨ ᠵᠠᠩ ᠲᠡᠶ ᠭᠤ᠋ ᠪᠠᠭᠰᠢ ᠮᠢᠨᠢ ᠭᠦᠮᠤᠨ ᠤ ᠠᠮᠢᠳᠤᠷᠠᠯ ᠤᠨ ᠪᠠᠶᠠᠰᠤᠯ ᠭᠤᠨᠢᠭ ᠢ ᠣᠷᠭᠢᠭᠠᠳ ᠬᠤᠷᠸ᠎ᠠ ᠡᠴᠡ ᠠᠩᠭᠢᠵᠢᠷᠠᠵᠤ᠂ ᠣᠢ᠌ᠯᠠᠰ ᠤᠨ ᠨᠠᠷᠠ ᠡᠷᠭᠦᠵᠤ ᠶᠠᠪᠣᠭᠰᠠᠨ ᠰᠠᠢ᠌ᠬᠠᠨ ᠭᠦᠰᠡᠯ ᠲᠡᠶ ᠪᠠᠨ ᠡᠷᠭᠢᠰᠢ ᠦᠭᠡᠶ ᠪᠣᠴᠠᠵᠤ ᠣᠳᠤᠯ᠎ᠠ᠃ ᠳᠤᠷᠠᠰᠤᠯ ᠳᠤ ᠦᠨᠢ ᠳᠤᠳᠤᠷᠠᠳᠠᠭ ᠭᠡᠦᠭᠡᠤᠨ ᠨᠠᠰᠤᠨ ᠳᠤ ᠪᠠᠨ ᠭᠦᠰᠡᠯ ᠤᠨ ᠳᠦᠷᠦᠭᠡ ᠢᠰᠭᠦᠯᠵᠤ ᠣᠢ᠌ᠯᠠᠰ ᠤᠨ ᠳᠠᠯᠠᠯᠭ᠎ᠠ ᠬᠤᠷᠣᠢ᠌ᠯᠠᠭᠰᠠᠨ ᠳᠠᠷᠠ ᠰᠠᠢ᠌ᠬᠠᠨ ᠬᠤᠷᠤᠮ ᠢ ᠭᠡᠵᠢᠶᠡᠳᠡ ᠪᠢ ᠰᠠᠤᠠᠭᠢᠯ ᠳᠤᠳᠤᠷ᠎ᠠ ᠪᠠᠨ ᠰᠡᠢ᠌ᠯᠦᠭ᠍ᠰᠡᠨ ᠶᠤᠮ᠃ ᠣᠴᠢᠷ ᠨᠢ ᠮᠢᠨᠤ ᠰᠤᠷᠭᠠᠭᠤᠯᠢ ᠳᠤ ᠡᠯᠰᠡᠭ᠍ᠳᠡᠭ᠍ᠰᠡᠨ ᠪᠠᠶᠠᠷ ᠶᠢᠡᠷ ᠮᠠᠨ ᠤ ᠭᠢᠨ ᠪᠦᠭᠡᠮ ᠭᠦᠯ ᠪᠣᠯᠵᠠᠭᠠᠨ᠂ ᠳᠠᠷᠠᠭ᠎ᠠ ᠡᠳᠦᠷ ᠨᠢ ᠠᠪᠣ ᠮᠢᠨᠢ ᠰᠥᠷᠦᠭ᠌ ᠤᠨ ᠳᠤᠳᠤᠷᠠᠭᠢ ᠬᠠᠮᠤᠭ ᠤᠨ ᠰᠠᠢ᠌ᠨ ᠰᠡᠷᠭᠡ ᠪᠠᠨ ᠠᠯᠠᠵᠤ ᠠᠢ᠌ᠯ ᠠᠢ᠌ᠮᠠᠭ ᠤᠨ ᠠᠬᠠᠰ ᠵᠠᠬᠠᠰ ᠲᠦᠷᠦᠯ ᠰᠠᠳᠤᠨ ᠶᠢᠡᠨ ᠳᠠᠢ᠌ᠯᠠᠭᠰᠠᠨ ᠳ᠋ᠠ᠃ ᠨᠠᠢ᠌ᠷ ᠳᠡᠭᠡᠷ᠎ᠡ ᠭᠦᠮᠦᠰ ᠭᠦᠭ᠍ᠵᠢᠶᠡᠨ ᠲᠡᠶ ᠵᠤᠭᠤᠭᠳᠠᠵᠤ ᠪᠠᠢ᠌ᠯ᠎ᠠ᠃ ᠪᠠᠭ᠎ᠠ ᠡᠪᠦᠭᠡ 《ᠦᠭᠢᠨ ᠭᠦᠮᠤᠨ ᠬᠠᠮᠢᠭ᠎ᠠ ᠭᠦᠷᠳᠡᠯ᠎ᠡ ᠪᠢᠴᠢᠭ᠌ ᠥᠵᠡᠭ᠍ᠰᠡᠨ ᠴᠤ ᠶᠠᠭᠠᠭᠢᠳᠠᠭ ᠪᠢᠯᠠ》 ᠭᠡᠪᠡ᠃ ᠡᠭᠦᠨ ᠳᠤ ᠠᠪᠣ ᠮᠢᠨᠢ 《ᠡᠨᠡ ᠴᠢᠨᠢ ᠭᠦᠤ ᠪᠠᠷ ᠰᠤᠯᠢᠬᠤ ᠦᠭᠡᠶ ᠦᠬᠢᠨ ᠰᠢᠤ 》 ᠭᠡᠵᠤ ᠪᠠᠷᠳᠠᠮ ᠭᠡᠯᠡᠯ᠎ᠡ᠃ ᠮᠢᠨᠤ ᠰᠤᠷᠭᠠᠭᠤᠯᠢ ᠳᠤ ᠣᠷᠤᠭᠰᠠᠨ ᠶᠠᠪᠣᠳᠠᠯ ᠨᠢ ᠠᠢ᠌ᠯ ᠬᠤᠳᠠ ᠶᠢᠨ ᠴᠠᠢ ᠶᠢᠨ ᠵᠤᠭᠤᠭ ᠪᠣᠯᠵᠤ ᠭᠦᠭᠡᠷᠦᠭᠦᠢ ᠠᠪᠣ ᠶᠢᠨ ᠮᠢᠨᠢ ᠭᠦᠯᠦᠰᠤ ᠪᠠᠨ ᠣᠷᠤᠰᠬᠠᠵᠤ ᠭᠦᠴᠤ ᠪᠠᠨ ᠰᠢᠪᠬᠠᠵᠤ ᠶᠠᠪᠣᠭᠰᠠᠨ ᠤ ᠠᠴᠢ ᠬᠠᠷᠢᠭᠤ ᠶᠢ ᠢᠩᠭᠢᠵᠤ ᠮᠢᠯᠢᠶᠠᠭᠰᠠᠨ ᠳᠤ ᠪᠠᠨ ᠮᠢᠨᠤ ᠰᠠᠤᠠᠭᠢᠯ ᠴᠤ ᠳᠦᠭᠦᠷᠡᠩ ᠪᠠᠢ᠌ᠯ᠎ᠠ᠃ ᠳᠠᠷᠠ ᠨᠢᠭᠡ ᠡᠳᠦᠷ ᠡᠴᠡ ᠪᠢ ᠠᠴᠢ ᠶᠢᠨ ᠳᠡᠭ᠍ᠷᠢ ᠠᠪᠣ ᠪᠣᠯᠤᠨ ᠠᠷᠢᠭᠤᠨ ᠰᠠᠤᠠᠭᠢᠯᠳᠤ ᠪᠠᠭᠰᠢ ᠶᠢ ᠪᠠᠨ ᠰᠠᠤᠠᠭᠢᠯ ᠵᠢᠷᠦᠭᠡᠨ ᠤ ᠳᠤᠯᠳᠤ ᠳᠤ ᠪᠠᠨ ᠡᠭᠦᠷᠢᠳᠡ ᠰᠡᠢ᠌ᠯᠦᠭ᠍ᠰᠡᠨ ᠶᠤᠮ᠃

ᠰᠤᠷᠭᠠᠭᠤᠯᠢ ᠳᠤ ᠪᠠᠨ ᠮᠤᠷᠳᠠᠬᠤ ᠡᠳᠦᠷ ᠤᠨ ᠨᠠᠷᠠ ᠦᠨᠳᠦᠷ ᠲᠤ ᠭᠦᠭᠡᠷᠴᠤ᠂ ᠠᠯᠢ ᠣᠯᠠᠨ ᠳᠤᠷᠠᠰᠤᠯᠳᠤ ᠮᠦᠴᠡ ᠲᠡᠶ ᠴᠤᠭ ᠨᠠᠳᠠᠳᠤ ᠡᠷᠢᠭ᠍ᠳᠡᠨ᠎ᠡ᠃ ᠳᠠᠷᠠ ᠡᠳᠦᠷ ᠠᠬ᠎ᠠ ᠨᠠᠮ᠎ᠠ ᠶᠢ ᠭᠦᠷᠭᠡᠵᠤ ᠦᠭ‍ᠭᠦ ᠪᠠᠷ ᠪᠣᠯᠤᠭᠰᠠᠨ ᠶᠤᠮ᠃ ᠶᠠᠭᠤᠮ᠎ᠠ ᠭᠡᠦᠮ᠎ᠡ ᠪᠠᠨ ᠪᠠᠭᠴᠠᠯᠠᠭᠠᠤᠨ ᠮᠤᠷᠳᠠᠬᠤ ᠪᠠᠷ ᠪᠠᠢ᠌ᠳᠠᠯ᠎ᠠ ᠡᠮᠡᠭᠡ ᠮᠢᠨᠢ ᠬᠤᠶᠠᠷ ᠳᠦᠭᠦᠷᠢᠭ᠌ ᠴᠠᠭᠠᠰᠤᠨ ᠵᠤᠭᠤᠰ ᠪᠠ ᠠᠷᠪᠠᠨ ᠴᠢᠨᠠᠭᠰᠠᠨ ᠳᠠᠭᠢᠶᠠᠨ ᠥᠡᠳᠡᠭᠡ ᠠᠪᠴᠢᠷᠠᠵᠤ ᠦᠭ‍ᠭᠦᠭᠡᠤᠨ 《ᠳᠡᠭᠡᠷ᠎ᠡ ᠦᠶ᠎ᠡ ᠳᠤ ᠪᠠᠨ ᠬᠤᠶᠠᠳᠤᠭᠠᠷ ᠠᠪᠠᠭ᠎ᠠ ᠴᠢᠨᠢ ᠪᠠᠭᠰᠢ ᠶᠢᠨ ᠰᠤᠷᠭᠠᠭᠤᠯᠢ ᠳᠤ ᠣᠷᠤᠭᠠᠤᠨ ᠭᠡᠷ ᠤᠨ ᠭᠦᠴᠢᠷᠳᠡᠯ ᠡᠴᠡ ᠪᠣᠯᠵᠤ ᠬᠠᠭᠠᠰ ᠵᠤᠭᠰᠤᠭᠰᠠᠨ ᠰᠢᠤ᠂ ᠦᠬᠢᠨ ᠮᠢᠨᠢ᠂ ᠠᠪᠠᠭ᠎ᠠ ᠠᠪᠣ ᠶᠢᠨ ᠶᠢᠡᠨ ᠬᠤᠪᠢ ᠲᠡᠶ ᠰᠤᠷ 》 ᠭᠡᠵᠤ ᠰᠠᠢ᠌ᠬᠠᠨ ᠤ ᠢᠷᠦᠭᠡᠯ ᠬᠠᠢ᠌ᠷᠠᠯᠠᠭᠰᠠᠨ ᠶᠤᠮ᠃ ᠠᠪᠣ ᠴᠤ ᠶᠠᠷᠤ ᠶᠢᠨ ᠡᠳᠦᠷ ᠲᠡᠶ ᠪᠠᠨ ᠠᠳᠠᠯᠢ ᠪᠢᠰᠢ ᠶᠡᠭᠡ ᠯᠠ ᠥᠭᠡ ᠳᠠᠭᠤ ᠲᠡᠶ ᠪᠣᠯᠵᠤ 《ᠰᠤᠷᠤᠭᠰᠠᠨ ᠡᠷᠳᠡᠮ ᠢ ᠭᠦᠮᠤᠨ ᠴᠢᠮ᠎ᠠ ᠡᠴᠡ ᠪᠣᠯᠢᠶᠠᠵᠤ ᠴᠢᠳᠠᠳᠠᠭ ᠦᠭᠡᠶ᠂ ᠭᠦᠮᠤᠨ ᠪᠣᠯᠬᠤ ᠭᠡᠳᠡᠭ᠌ ᠪᠣᠷᠬᠠᠨ ᠪᠣᠯᠬᠤ ᠡᠴᠡ ᠭᠦᠴᠢᠷ ᠰᠢᠤ 》 ᠭᠡᠵᠤ ᠪᠣᠳᠤᠯ ᠶᠢᠡᠨ ᠢᠯᠡᠷᠭᠡᠢ᠌ᠯᠡᠪᠡ᠃ ᠡᠵᠢ ᠴᠤ 《ᠣᠴᠢᠷ ᠪᠠᠢ᠌ᠪᠠᠯ ᠵᠠᠭᠢᠳᠠᠯ ᠪᠢᠴᠢ᠂ ᠭᠡᠷᠡᠭ᠍ᠰᠡᠯ ᠶᠠᠭᠤᠮ᠎ᠠ ᠪᠠᠨ ᠰᠠᠢ᠌ᠬᠠᠨ ᠬᠠᠮᠢᠶᠠᠷ ᠳ᠋ᠠ᠃》 ᠭᠡᠵᠤ ᠬᠤᠪᠢ ᠪᠠᠨ ᠶᠠᠷᠢᠨ᠎ᠠ᠃ ᠪᠢ ᠡᠮᠡᠭᠡ ᠶᠢᠨ ᠭᠦᠰᠡᠯ ᠢ ᠴᠡᠭᠡᠵᠢᠯᠡᠵᠤ᠂ ᠠᠪᠣ ᠶᠢᠨ ᠰᠤᠷᠭᠠᠯ ᠢ ᠳᠤᠭᠳᠠᠭᠠᠵᠤ᠂ ᠡᠵᠢ ᠶᠢᠨ ᠵᠠᠭᠢᠶ᠎ᠠ ᠶᠢ ᠠᠪᠣᠭᠠᠤᠨ ᠦᠰᠴᠦ ᠳᠦᠷᠦᠭ᠍ᠰᠡᠨ ᠡᠭᠡ ᠥᠯᠦᠭᠡᠢ᠂ ᠥᠰᠭᠡᠵᠤ ᠭᠦᠮᠦᠵᠢᠭᠦᠯᠦᠭ᠍ᠰᠡᠨ ᠡᠴᠢᠭᠡ ᠡᠭᠡ᠂ ᠡᠨᠡᠷᠢᠯ ᠶᠡᠭᠡᠳᠡᠢ ᠬᠠᠢ᠌ᠷᠠᠳᠠᠢ ᠪᠠᠭᠰᠢ ᠨᠡᠷ ᠡᠴᠡ ᠪᠠᠨ ᠬᠤᠯᠠᠤᠠᠴᠤ ᠰᠠᠢ᠌ᠨ ᠤ ᠢᠷᠦᠭᠡᠯ ᠳᠡᠭᠡᠵᠢᠯᠡᠭ᠍ᠰᠡᠨ ᠵᠢᠷᠢᠮ ᠤᠨ ᠪᠠᠭᠰᠢ ᠶᠢᠨ ᠰᠤᠷᠭᠠᠭᠤᠯᠢ ᠶᠢᠨ ᠪᠣᠱᠤᠭ᠎ᠠ ᠠᠯᠬᠤᠵᠤ᠂ ᠡᠷᠳᠡᠮ ᠴᠢᠳᠠᠪᠣᠷᠢ ᠳᠡᠭᠦᠰ ᠪᠠᠢ ᠶᠦᠩ ᠽᠧ ᠪᠠᠭᠰᠢ ᠡᠴᠡ ᠪᠠᠨ ᠮᠡᠳᠡᠯᠭᠡ ᠶᠢᠨ ᠳᠠᠯᠠᠢ ᠳᠤ ᠰᠤᠪᠣᠤᠨ ᠱᠥᠭᠦᠵᠤ ᠣᠢ᠌ᠯᠠᠰ ᠤᠨ ᠠᠩᠬᠠᠨ ᠤ ᠠᠯᠬᠤᠴᠠ ᠪᠠᠨ ᠢᠳᠡᠷᠡᠭᠦᠨ ᠡᠭᠢᠯᠡᠭᠦᠯᠦᠭ᠍ᠰᠡᠨ ᠪᠢᠯᠠ᠃ ᠳᠦᠷᠪᠡᠨ ᠵᠢᠯ ᠤᠨ ᠰᠠᠢ᠌ᠬᠠᠨ ᠮᠦᠴᠡ ᠨᠠᠳᠠ ᠡᠴᠡ ᠬᠤᠯᠠᠬᠠᠨ ᠶᠠᠪᠣᠭᠰᠠᠨ ᠪᠣᠯᠪᠠᠴᠤ ᠳᠡᠳᠡᠭᠡᠷ ᠳᠤᠷᠠᠰᠤᠯ ᠤᠨ ᠭᠤᠭᠴᠤᠭ᠎ᠠ ᠪᠣᠯᠤᠭᠰᠠᠨ ᠬᠠᠮᠳᠤ ᠨᠥᠭᠦᠤᠨ ᠲᠡᠶ ᠪᠠᠨ ᠢᠵᠢᠯᠢ ᠪᠠᠭᠰᠢ ᠡᠴᠡ ᠨᠤᠮ ᠰᠤᠷᠴᠤ ᠪᠠᠢ᠌ᠭᠰᠠᠨ ᠬᠠᠷᠠᠬᠠᠨ ᠡᠳᠦᠷ ᠤᠳ ᠠᠶᠠᠨ ᠤ ᠴᠥᠷᠭᠡᠯᠭᠡ ᠰᠢᠭ᠌ ᠠᠷᠤ ᠠᠷᠤ ᠡᠴᠡ ᠪᠠᠨ ᠴᠤᠪᠣᠭᠰᠠᠭᠠᠷ ᠨᠠᠮ᠎ᠠ ᠶᠢ ᠳᠤᠷᠠᠤᠠᠬᠠᠯ ᠮᠥᠷᠦᠭᠡᠳᠦᠯ ᠤᠨ ᠭᠦᠨ ᠴᠡᠭᠡᠯ ᠣᠷᠤᠭᠤ ᠳᠠᠯᠠᠯᠤᠨ ᠳᠠᠭᠤᠳᠠᠭᠰᠠᠭᠠᠷ᠁


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠪᠠᠢ᠌ᠰᠢᠩᠳᠤ ᠮᠤᠩᠭ᠋ᠤᠯ ᠳᠤᠮᠳᠠᠳᠤ ᠰᠤᠷᠭᠠᠭᠤᠯᠢ


ᠵᠤᠬᠢᠶᠠᠭᠴᠢ᠄ ᠦ᠋ ᠰᠢᠶᠤᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ