ᠨᠡᠪᠲᠡᠷᠡᠨ ᠤᠷᠤᠬᠤ
ᠨᠠᠮᠤᠷ

ᠡᠭᠡᠮ᠎ᠡ ᠳᠡᠭᠡᠷ᠎ᠡ ᠮᠢᠨᠢ

ᠦᠯᠮᠠᠢ ᠳᠤᠤᠷ᠎ᠠ ᠮᠢᠨᠢ

ᠨᠠᠮᠤᠷ ᠣᠨᠠᠨ᠎ᠠ᠃


ᠦᠪᠴᠢ ᠪᠠᠢ᠌ᠭᠠᠯᠢ ᠳᠠᠷᠠ ᠭᠡᠪ ᠶᠢᠡᠷ ᠵᠢᠠᠨ

ᠥᠩᠭᠡ ᠨᠢ ᠰᠢᠷᠭᠠᠯᠳᠠᠵᠤ

ᠡᠭᠦᠯᠡ ᠰᠢᠭ᠌ ᠰᠠᠠᠰᠠᠷ ᠵᠥᠭ᠌ ᠭᠦᠶᠤᠨ᠎ᠡ᠃


ᠨᠠᠮᠢ᠋ᠢ ᠡᠨᠡ ᠣᠯᠠᠷᠢᠯ ᠤᠨ ᠨᠠᠷᠠ

ᠨᠠᠷ᠎ᠠ ᠬᠠᠢ᠌ᠷᠯᠠᠨ ᠪᠦᠤᠪᠠᠢ᠌ᠯᠠᠵᠠᠢ

ᠨᠠᠯᠠᠭᠠᠷ ᠶᠡᠭᠡ ᠬᠤᠷᠢᠶᠠᠯᠳᠠ ᠲᠡᠶ ᠪᠠᠨ ᠡᠪᠦᠷᠯᠡᠵᠡᠢ᠃


ᠨᠠᠮᠤᠷᠵᠢᠶ᠎ᠠ ᠳᠤ ᠮᠤᠷᠳᠠᠬᠤ ᠶᠢᠨ ᠨᠢᠭᠡ ᠳᠦᠷᠦᠭᠡ

ᠨᠠᠮᠤᠷ ᠬᠤᠷᠢᠶᠠᠬᠤ ᠶᠢᠨ ᠭᠠᠠᠵᠤᠭ᠎ᠠ ᠶᠢᠨ ᠨᠢᠭᠡ ᠰᠤᠷ

ᠨᠠᠮᠤᠷ ᠨᠠᠮᠢ᠋ᠢ ᠭᠦᠮᠤᠨ ᠭᠡᠳ ᠳᠠᠨᠢᠵᠠᠢ᠃


ᠭᠡᠢ᠌ᠴᠢ ᠶᠢᠨ ᠳᠠᠭᠤᠤ ᠪᠠᠷ ᠡᠭᠢᠯᠡᠭᠡᠳ

ᠭᠡᠢ᠌ᠴᠢ ᠶᠢᠨ ᠳᠠᠭᠤᠤ ᠪᠠᠷ ᠳᠡᠭᠦᠰᠳᠡᠭ᠌

ᠭᠡᠨᠡᠨ ᠲᠡᠶ ᠭᠢᠯᠪᠠᠭ᠎ᠠ ᠲᠡᠶ ᠴᠤ ᠣᠯᠠᠷᠢᠯ᠃


ᠬᠠᠪᠣᠷ ᠶᠢᠡᠷ ᠨᠠᠮᠤᠷ ᠳᠠᠷᠢᠯ᠎ᠠ

ᠬᠠᠷ᠎ᠠ ᠭᠦᠯᠦᠰᠤ ᠪᠠᠨ ᠬᠠᠮᠳᠤ ᠳᠠᠷᠢᠯ᠎ᠠ

ᠬᠠᠪᠳᠠᠭ᠎ᠠ ᠳᠦᠭᠦᠷᠡᠩ ᠬᠤᠷᠢᠶᠠᠯᠳᠠ ᠬᠠᠢ᠌ᠷᠠᠯᠠᠯ᠎ᠠ᠃


ᠦᠷᠦᠭᠡ ᠭᠡᠷ ᠡᠴᠡ ᠨᠢ ᠦᠨᠳᠦᠷ

ᠠᠷᠢᠭᠤᠨ ᠴᠠᠭᠠᠨ ᠭᠦᠪᠦᠩ ᠣᠪᠣᠭᠠᠯᠠᠭᠳᠠᠨ᠎ᠠ᠂

ᠠᠰᠬᠠᠷᠠᠭᠰᠠᠨ ᠭᠦᠯᠦᠰᠤ ᠴᠢᠯᠡᠭᠡ ᠮᠠᠷᠳᠠᠭᠳᠠᠯ᠎ᠠ᠃


ᠨᠠᠮᠤᠷ ᠰᠤᠯᠢᠭᠰᠠᠨ ᠡᠭᠦᠯᠳᠡᠷ

ᠬᠠᠪᠣᠷ ᠲᠦᠯ ᠪᠣᠯᠤᠯ᠎ᠠ

ᠬᠠᠰᠢᠷ ᠮᠠᠯᠴᠢᠨ ᠮᠠᠯ ᠪᠣᠯᠭᠠᠯ᠎ᠠ᠃


ᠰᠠᠢ᠌ᠬᠠᠨ ᠣᠯᠠᠷᠢᠯ

ᠰᠠᠨᠠᠭᠰᠠᠨ ᠭᠦᠰᠡᠭ᠍ᠰᠡᠨ ᠶᠢᠡᠨ ᠬᠤᠷᠢᠶᠠᠳᠠᠭ

ᠰᠡᠳᠭᠢᠯ ᠳᠦᠭᠦᠷᠡᠩ ᠰᠠᠢ᠌ᠬᠠᠨ ᠣᠯᠠᠷᠢᠯ᠃


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ ᠰᠢᠶᠠᠨ

ᠵᠤᠬᠢᠶᠠᠭᠴᠢ᠄ ᠳᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12350
ᠴᠠᠭ᠄ 2012 ᠤᠨ ᠤ 10 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ