☆ ᠰ·ᠤᠯᠠᠭᠠᠨᠪᠠᠲᠤ
ᠴᠤᠬᠤᠷ ᠤᠨ ᠭᠤᠤᠯ ᠮᠢᠨᠢ
ᠡᠷᠴᠢᠯᠡᠭ᠍ᠰᠡᠨ ᠣᠷᠤᠰᠬᠠᠯ ᠳᠤ ᠴᠢᠨᠢ ᠡᠯᠡᠭ᠍ᠳᠡᠴᠢᠭᠡᠭᠦ ᠪᠣᠢ ᠭᠡᠵᠤ
ᠡᠷᠭᠢ ᠶᠢᠨ ᠴᠢᠨᠢ ᠴᠢᠯᠠᠭᠤ ᠶᠢ ᠪᠢ
ᠪᠣᠳᠤᠯ ᠳᠠᠭᠠᠨ ᠭᠠᠮᠨᠠᠵᠤ ᠶᠠᠪᠣᠯ᠎ᠠ
ᠴᠤᠬᠤᠷ ᠤᠨ ᠭᠤᠤᠯ ᠮᠢᠨᠢ
ᠨᠠᠮᠵᠢᠭᠤᠬᠠᠨ ᠱᠤᠤᠭᠢᠬᠤ ᠣᠰᠤᠨ ᠤ ᠴᠢᠨᠢ
ᠨᠠᠷᠠᠨ ᠳᠤᠭᠯᠠᠭᠰᠠᠨ ᠣᠯᠠᠨ ᠥᠶᠡᠯᠵᠡᠭᠡ
ᠢᠨᠠᠭ ᠤᠨ ᠮᠢᠨᠢ ᠴᠢᠷᠠᠢ ᠰᠢᠭ᠌ ᠳᠤᠶᠠᠭᠠᠷᠠᠨ ᠬᠠᠷᠠᠭᠳᠠᠬᠤ
ᠶᠠᠮᠠᠷ ᠰᠠᠢ᠌ᠬᠠᠨ ᠠᠵᠠ ᠪᠠᠢ᠌ᠯ᠎ᠠ᠃
ᠵᠡᠭᠡᠰᠦᠳᠤ ᠴᠡᠭᠡᠯ ᠡᠴᠡ ᠴᠢᠨᠢ ᠣᠶᠠᠩᠭ᠋ᠠᠯᠠᠨ ᠪᠣᠰᠬᠤ
ᠬᠤᠨ ᠤ ᠰᠢᠩᠭᠡᠨ ᠡᠭᠡᠰᠢᠭ᠌ ᠭᠡᠮᠡᠷ
ᠬᠤᠷᠴᠠ ᠨᠠᠰᠤᠨ ᠤ ᠳᠤᠷᠠᠯᠠᠯ ᠭᠡᠳᠡᠭᠡᠯᠡᠭ᠍ᠰᠡᠨ
ᠳᠠᠭᠤᠤ ᠰᠢᠭ᠌ ᠢᠷᠠᠭᠤ ᠡᠳᠦᠷ ᠤᠳ ᠁
ᠴᠢ ᠬᠠᠮᠢᠭᠠᠰᠢ ᠣᠷᠤᠰᠤᠨ᠎ᠠ ᠪᠣᠢ
ᠬᠠᠮᠢᠭᠠᠰᠢ ᠣᠷᠤᠰᠤᠨ᠎ᠠ ᠪᠣᠢ︖
ᠴᠤᠬᠤᠷ ᠤᠨ ᠭᠤᠤᠯ ᠤᠨ ᠶᠢᠡᠨ ᠴᠡᠭᠡᠯ ᠳᠤ ᠪᠢ
ᠴᠢᠯᠠᠭᠤ ᠰᠢᠳᠠᠵᠤ ᠶᠠᠪᠣᠭ᠎ᠠ ᠦᠭᠡᠶ ᠡ᠃
ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 2820
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ