☆ ᠪᠠ᠊·ᠤᠶᠤᠨᠴᠡᠴᠡᠭ᠌
ᠠᠷᠤ ᠭᠠᠵᠠᠷ ᠤᠨ ᠭᠡᠦᠭᠡᠡᠴᠦᠳ ᠴᠡᠪᠠᠷᠭᠡᠨ ᠳᠦᠷᠦᠳᠡᠭ᠌ ᠶᠤᠮ
ᠠᠷᠤ ᠭᠠᠵᠠᠷ ᠤᠨ ᠭᠡᠦᠭᠡᠡᠴᠦᠳ ᠴᠡᠪᠠᠷᠭᠡᠨ ᠳᠦᠷᠦᠳᠡᠭ᠌ ᠶᠤᠮ
ᠠᠭᠢ ᠶᠢᠨ ᠦᠨᠦᠷ ᠲᠡᠶ ᠴᠡᠩᠭᠡᠷ ᠳᠠᠯ᠎ᠠ ᠪᠠᠨ ᠰᠢᠭ᠌
ᠠᠶᠠᠯᠭᠤ ᠰᠢᠩᠭᠡᠭ᠍ᠰᠡᠨ ᠠᠷᠢᠭᠤᠬᠠᠨ ᠭᠤᠪᠢ ᠪᠠᠨ ᠰᠢᠭ᠌
ᠠᠢ᠌ᠷᠠᠭ ᠰᠡᠩᠰᠡᠷᠡᠭ᠍ᠰᠡᠨ ᠴᠠᠭᠠᠨ ᠳᠠᠠᠵᠢ ᠪᠠᠨ ᠰᠢᠭ᠌
ᠠᠷᠢᠭᠤᠬᠠᠨ ᠭᠠᠩᠭ᠋ᠠᠩ ᠳᠠᠳᠠ ᠳᠦᠷᠦᠵᠡᠭᠡᠳᠡᠭ᠌ ᠶᠤᠮ
ᠠᠷᠢᠭᠤᠨ ᠴᠠᠪᠠᠷ ᠠᠭᠠᠷ ᠶᠢᠡᠷ ᠨᠢ
ᠢᠯᠪᠢᠭᠦᠯᠤᠨ ᠪᠠᠢ᠌ᠵᠤ ᠥᠰᠳᠡᠭ᠌ ᠪᠣᠯᠬᠤᠷ
ᠳᠠᠩᠰᠤᠭ ᠦᠨᠦᠷᠳᠠᠨ ᠶᠢᠡᠷ ᠭᠤᠶᠤᠯᠠᠭᠠ ᠦᠭᠡᠶ ᠴᠤ
ᠭᠤᠸᠠᠯᠢᠭ ᠪᠣᠯᠪᠠᠷᠠᠢ ᠪᠣᠯᠳᠠᠭ ᠶᠤᠮ
ᠵᠢᠰᠤ ᠥᠵᠡᠭ᠍ᠳᠡᠮ᠎ᠡ ᠨᠠᠭᠤᠷ ᠲᠠᠭᠠᠨ
ᠳᠤᠯᠢᠳᠠᠨ ᠪᠠᠢ᠌ᠵᠤ ᠥᠰᠳᠡᠭ᠌ ᠪᠣᠯᠬᠤᠷ
ᠳᠤᠭᠤᠰᠤ ᠭᠦᠷᠦᠮ᠎ᠡ ᠦᠭᠡᠶ ᠭᠦᠭᠡᠷᠦᠭᠦᠨ
ᠳᠤᠷᠮᠤᠭᠤᠷ ᠨᠢᠳᠤ ᠲᠡᠶ ᠪᠣᠯᠳᠠᠭ ᠶᠤᠮ
ᠰᠠᠯᠭᠢᠨ ᠤ ᠵᠤ᠋ ᠲᠡᠶ ᠬᠤᠯᠠᠨ ᠤ ᠳᠠᠪᠭᠢᠭ᠎ᠠ ᠶᠢ
ᠴᠢᠩᠨᠠᠨ ᠪᠠᠢ᠌ᠵᠤ ᠪᠣᠢ᠌ᠵᠢᠳᠠᠭ ᠪᠣᠯᠬᠤᠷ
ᠢᠯᠳᠠᠮᠬᠠᠨ ᠬᠤᠩᠭ᠋ᠤᠷ ᠠᠷᠠᠠᠰᠢᠨ ᠲᠡᠶ
ᠠᠷᠤ ᠭᠤᠪᠢ ᠶᠢᠨ ᠳᠠᠭᠢᠨᠢ ᠪᠣᠯᠳᠠᠭ ᠶᠤᠮ
ᠵᠤᠨ ᠤ ᠰᠦᠨᠢ ᠶᠢᠨ ᠮᠥᠩᠭᠦᠨ ᠰᠢᠭᠦᠳᠡᠷᠢ ᠪᠠᠷ
ᠬᠤᠷᠮᠤᠢ ᠶᠢᠨ ᠡᠮᠵᠢᠶᠡᠷᠢ ᠭᠤᠶᠤᠯᠠᠵᠤ
ᠳᠠᠯ᠎ᠠ ᠪᠠᠨ ᠪᠦᠷᠭᠦᠭᠦ ᠰᠠᠷᠠᠯᠠᠩ ᠶᠢᠡᠷ
ᠡᠩᠭᠡᠷ ᠤᠨ ᠡᠮᠵᠢᠶᠡᠷᠢ ᠭᠤᠶᠤᠯᠠᠵᠤ
ᠴᠡᠴᠡᠭ᠌ ᠲᠡᠭᠡᠨ ᠬᠤᠷᠭᠤᠳᠠᠬᠤ ᠡᠷᠪᠠᠭᠡᠢ ᠪᠠᠷ
ᠭᠡᠵᠢᠭᠡᠨ ᠬᠤᠸᠠᠷ ᠵᠠᠩᠭᠢᠤᠠᠴᠤ
ᠭᠠᠩᠬᠤᠨ ᠳᠡᠯᠭᠡᠷᠡᠭᠦ ᠪᠠᠷᠢ ᠴᠡᠴᠡᠭ᠌ ᠵᠢᠠᠷ
ᠳᠤᠶᠢᠬᠠᠨ ᠵᠢᠰᠤ ᠪᠠᠨ ᠭᠤᠶᠤᠯᠠᠵᠤ
ᠠᠷᠤ ᠭᠠᠵᠠᠷ ᠤᠨ ᠭᠡᠦᠭᠡᠡᠴᠦᠳ ᠴᠡᠪᠠᠷᠭᠡᠨ ᠳᠦᠷᠦᠳᠡᠭ᠌ ᠶᠤᠮ᠃
ᠰᠠᠢ᠌ᠬᠠᠨ ᠭᠡᠦᠭᠡᠡᠴᠦᠳ ᠤᠨ ᠠᠯᠬᠤᠭᠠᠨ ᠳᠤ
ᠭᠤᠪᠢ ᠶᠢᠨ ᠰᠠᠷᠠᠨ ᠢᠴᠢᠵᠤ
ᠭᠡᠷᠡᠯ ᠶᠢᠡᠨ ᠨᠢᠭᠤᠳᠠᠭ ᠭᠡᠨ᠎ᠡ ᠯᠠᠢ
ᠰᠠᠢ᠌ᠬᠠᠨ ᠭᠡᠦᠭᠡᠡᠴᠦᠳ ᠤᠨ ᠢᠨᠢᠶᠠᠳᠤᠨ ᠳᠤ
ᠬᠠᠩᠭ᠋ᠠᠢ ᠶᠢᠨ ᠴᠡᠴᠡᠭᠡᠰ ᠠᠳᠠᠭᠠᠷᠬᠠᠵᠤ
ᠳᠠᠯᠪᠢ ᠪᠠᠨ ᠬᠤᠮᠢᠨ ᠭᠤᠨᠢᠷᠬᠠᠳᠠᠭ ᠭᠡᠨ᠎ᠡ ᠯᠠᠢ
ᠰᠠᠢ᠌ᠬᠠᠨ ᠭᠡᠦᠭᠡᠡᠴᠦᠳ ᠤᠨ ᠠᠭᠠᠯᠢᠨ ᠳᠤ
ᠰᠠᠯᠭᠢ ᠭᠦᠷᠳᠡᠯ᠎ᠡ ᠪᠦᠯᠢᠶᠡᠷᠡᠵᠤ
ᠣᠶᠠᠬᠠᠨ ᠪᠣᠯᠳᠠᠭ ᠭᠡᠨ᠎ᠡ ᠯᠠᠢ
ᠰᠠᠢ᠌ᠬᠠᠨ ᠭᠡᠦᠭᠡᠡᠴᠦᠳ ᠤᠨ ᠰᠠᠢ᠌ᠬᠠᠨ ᠳᠤ ᠨᠢ
ᠠᠷᠤ ᠭᠠᠵᠠᠷ ᠤᠨ ᠡᠷᠡᠴᠦᠦᠯ
ᠭᠦᠴᠦᠳᠡᠢ ᠳᠠᠮᠢᠷᠯᠢᠭ
ᠰᠥᠷᠯᠢᠭ᠍ᠭᠡᠨ ᠳᠦᠷᠦᠳᠡᠭ᠌ ᠶᠤᠮ ᠭᠡᠨ᠎ᠡ ᠯᠠᠢ
ᠠᠢ ᠳ᠋ᠠ
ᠠᠷᠤ ᠭᠠᠵᠠᠷ ᠤᠨ ᠭᠡᠦᠭᠡᠡᠴᠦᠳ
ᠠᠷᠭ᠎ᠠ ᠦᠭᠡᠶ ᠯᠠ ᠭᠦᠭᠡᠷᠦᠭᠦᠨ ᠳᠦᠷᠦᠳᠡᠭ᠌ ᠪᠠᠢ᠌ᠵᠠᠢ᠃
ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3059
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ