ᠨᠡᠪᠲᠡᠷᠡᠨ ᠤᠷᠤᠬᠤ
ᠷᠢᠠᠴᠢᠨ ᠤ ᠴᠣᠢ᠌ᠨᠤᠮ ᠳ᠋ᠤ

ᠶᠠᠭᠤ ᠪᠠᠷ ᠳᠤᠳᠠᠭᠰᠠᠨ ᠴᠤ ᠥᠭᠡ ᠪᠠᠷ ᠶᠠᠷᠤ ᠳᠤᠳᠠᠭ᠎ᠠ ᠥᠭᠡᠢ

ᠶᠡᠷᠦᠮᠳᠡᠭ᠌ ᠠᠮᠢᠳᠤᠷᠠᠯ ᠲᠡᠶ ᠴᠤ ᠰᠠᠤᠠᠭᠢᠯ ᠶᠢᠡᠷ ᠶᠠᠷᠤ ᠬᠤᠭᠤᠰᠤᠳᠠᠭ᠎ᠠ ᠥᠭᠡᠢ

ᠠᠮᠢᠳᠤᠷᠠᠯ ᠶᠢᠡᠨ ᠰᠢᠯᠦᠭ᠌ ᠲᠡᠭᠡᠨ ᠰᠢᠩᠭᠡᠭᠡᠵᠤ

ᠮᠥᠷᠦᠭᠡᠳᠡᠯ ᠶᠢᠡᠨ ᠰᠢᠯᠦᠭ᠌ ᠶᠢᠡᠷ ᠶᠢᠡᠨ ᠣᠷᠤᠰᠬᠠᠭᠰᠠᠨ

ᠮᠤᠩᠭ᠋ᠤᠯ ᠡᠭᠡ ᠶᠢᠨ ᠬᠠᠯᠠᠭᠤᠨ ᠡᠯᠢᠭᠡᠨ ᠳᠤ ᠪᠦᠪᠠᠢ᠌ᠯᠡᠭ᠍ᠳᠡᠨ ᠦᠰᠴᠤ

ᠮᠤᠩᠭ᠋ᠤᠯ ᠨᠤᠳᠤᠭ ᠶᠢᠡᠨ ᠭᠡᠵᠢ ᠰᠢᠯᠦᠭ᠌ ᠤᠨ ᠭᠡᠯᠭᠢᠶ᠎ᠡ ᠬᠤᠯᠪᠣᠭᠰᠠᠨ

ᠲᠦᠪ ᠠᠽᠢᠶ᠎ᠠ ᠶᠢᠨ ᠡᠯᠢᠭᠡᠨ ᠳᠤ ᠲᠦᠮᠡᠨ ᠳᠤ ᠪᠠᠨ ᠬᠠᠢ᠌ᠷᠠᠯᠠᠭᠳᠠᠭᠰᠠᠨ ᠰᠢᠯᠦᠭ᠍ᠴᠢ ︕

ᠣᠶᠠᠬᠠᠨ ᠽᠠᠮᠪᠣᠳᠢᠪ ᠤᠨ ᠨᠠᠷᠠᠨ ᠳᠤ ᠨᠢᠷᠤᠭᠤ ᠡᠭᠡᠭᠡᠵᠤ

ᠣᠶᠠᠩᠭ᠋᠎ᠠ ᠬᠠᠢ᠌ᠷ᠎ᠠ ᠪᠠᠨ ᠨᠤᠳᠤᠭ ᠤᠨ ᠰᠠᠯᠭᠢᠨ ᠳᠤ ᠰᠢᠪᠠᠨᠠᠨ

ᠰᠦᠮᠠᠳᠠᠢ ᠪᠣᠳᠠᠷ ᠤᠨ ᠴᠢᠯᠠᠭᠤᠨ ᠳᠤ ᠰᠥᠰᠦᠭ᠌ ᠡᠷᠭᠦᠨ ᠳᠡᠭᠡᠳᠦᠯᠡᠵᠤ

ᠰᠦᠨ ᠴᠠᠭᠠᠨ ᠰᠠᠤᠠᠭᠢᠯ ᠰᠥᠭᠡᠭ᠍ᠯᠡᠨ ᠰᠥᠭᠡᠭ᠍ᠯᠡᠨ ᠣᠶᠠᠩᠭ᠋ᠠᠷᠠᠭᠰᠠᠨ

ᠥᠮᠡᠭᠡᠢ ᠱᠤᠷᠤᠩ ᠤᠨ ᠬᠠᠷᠠᠩᠭ᠋ᠤᠢ ᠬᠤᠩᠭᠢᠯ ᠡᠴᠡ

ᠦᠰᠪᠣᠷᠢ ᠶᠢᠨ ᠨᠢᠨᠠ ᠳᠤ ᠪᠠᠨ ᠰᠠᠤᠠᠭᠢᠯ ᠭᠦᠭ᠍‍ᠭᠦᠭᠦᠯᠵᠤ

ᠬᠠᠢ᠌ᠷ᠎ᠠ ᠪᠠᠨ ᠴᠤ ᠳᠠᠷᠠ ᠰᠢᠯᠦᠭ᠌ ᠶᠢᠡᠨ ᠴᠤ ᠳᠠᠷᠠ

ᠬᠠᠷᠠᠮ ᠦᠭᠡᠶ ᠥᠭ᠍ᠳᠡᠭ᠌ ᠮᠤᠩᠭ᠋ᠤᠯ ᠰᠢᠯᠦᠭ᠍ᠴᠢ ᠃

ᠬᠠᠨᠢᠳᠠᠨ ᠨᠢ ᠴᠤ ᠳᠠᠢ᠌ᠰᠤᠨ ᠪᠣᠯᠤᠭᠰᠠᠨ ᠨᠡᠢ᠌ᠭᠡᠮ ᠤᠨ ᠬᠠᠷᠠᠩᠭ᠋ᠤᠢ ᠡᠭᠡᠳᠡᠷᠡᠭᠡᠨ ᠳ᠋ᠤ

ᠬᠠᠷ᠎ᠠ ᠴᠡᠴᠡᠭ᠌ ᠣᠷᠭᠤᠭᠤᠯᠵᠤ ᠬᠠᠷᠢᠶᠠᠵᠤ ᠳᠠᠭᠤᠯᠠᠵᠤ ᠶᠠᠪᠣᠭᠰᠠᠨ

ᠬᠠᠮᠤᠭ ᠣᠯᠠᠨ ᠤ ᠳᠦᠯᠦᠭᠡ ᠬᠠᠢ᠌ᠷ᠎ᠠ ᠨᠠᠢ᠌ᠷ ᠦᠭᠡᠶ ᠭᠡᠯᠡᠳᠡᠭ᠌

ᠷᠢᠠᠴᠢᠨ ᠤ ᠴᠣᠢ᠌ᠨᠤᠮ ᠭᠡᠵᠢ ᠶ‍ᠢᠷᠳᠢᠠᠴᠤ ᠳᠤ ᠭᠠᠭᠴᠠᠬᠠᠨ ᠰᠢᠯᠦᠭ᠍ᠴᠢ ︕

ᠵᠤᠬᠢᠶᠠᠭᠴᠢ᠄ ᠨᠠᠮᠵᠢᠯ ᠤᠨ ᠮᠦᠩᠬᠡᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11094
ᠴᠠᠭ᠄ 2007 ᠤᠨ ᠤ 03 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ