ᠨᠡᠪᠲᠡᠷᠡᠨ ᠤᠷᠤᠬᠤ
ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠳᠠᠭ

ᠠᠮᠢᠳᠤᠷᠠᠯ ᠬᠠᠢ᠌ᠷ᠎ᠠ ᠳᠡᠭᠡᠷ᠎ᠡ ᠳᠤᠭᠳᠠᠳᠠᠭ

ᠠᠮᠢᠯᠠᠯ ᠤᠨ ᠠᠮᠢ ᠲᠡᠶ ᠠᠮᠢᠨ ᠴᠡᠮᠴᠡᠭᠡᠷ ᠪᠠᠢ᠌ᠭᠠᠯᠢ

ᠠᠵᠠ ᠪᠠᠷ ᠵᠠᠶᠠᠭᠠᠭᠰᠠᠨ ᠨᠤᠳᠤᠭ ᠶᠢᠡᠨ ᠡᠯᠢᠭᠡ ᠵᠢᠷᠦᠭᠡ ᠪᠠᠨ ᠰᠢᠭ ᠰᠠᠨᠠᠬᠤ ᠰᠠᠨ

ᠬᠤᠷᠸ᠎ᠠ ᠶᠢᠨ ᠥᠩᠭᠡ ᠶᠢ ᠮᠥᠴᠡᠷᠭᠡᠨ ᠰᠠᠭᠠᠳᠠᠭᠰᠠᠨ ᠬᠤᠨᠤᠭ ᠤᠨ ᠶᠠᠭᠠᠨ ᠵᠡᠭᠦᠳᠤᠨ

ᠬᠤᠩᠭ᠋ᠤᠷ ᠰᠠᠢ᠌ᠬᠠᠨ ᠳᠤᠷᠠᠳᠬᠠᠯ ᠭᠦᠰᠡᠯ ᠱᠠᠭᠢᠬᠤ ᠪᠣᠳᠤᠯ ᠪᠣᠢ

ᠭᠤᠷᠴᠢᠭᠢᠨᠠᠬᠤ ᠭᠤᠷᠤᠬ᠎ᠠ ᠶᠢᠨ ᠡᠭᠡᠰᠢᠭᠯᠡᠭᠦ ᠳᠠᠭᠤᠨ ᠡᠴᠡ

ᠭᠤᠪᠢ ᠶᠢᠨ ᠳᠡᠮᠡᠭᠡᠳ ᠤᠨ ᠠᠯᠬᠤᠭ᠎ᠠ ᠲᠡᠶ ᠣᠠᠳᠤᠷᠬᠤ ᠰᠢᠯᠦᠭ᠌ ᠣᠷᠤᠰᠬᠤ ᠰᠢᠭ

ᠭᠦᠭᠡᠷᠡᠭᠦ ᠨᠤᠭᠤᠭᠠᠨ ᠳᠠᠯ᠎ᠠ ᠳᠤ ᠳᠠᠪᠤᠨ ᠬᠤᠰᠢᠭᠤ ᠪᠠᠯᠴᠢᠭ᠍ᠰᠡᠨ

ᠭᠦᠭᠡᠷᠦᠭᠦᠨ ᠲ᠋ᠡᠭᠢᠨᠢ ᠰᠢᠭ ᠢᠷᠠᠭᠤᠬᠠᠨ ᠦᠷ ᠤᠨ ᠬᠠᠴᠠᠷ ᠢ ᠳᠡᠪᠠᠷᠢᠭᠡᠳ ᠥᠨᠦᠰᠴᠢᠭᠡᠮᠡᠷ

ᠣᠳᠤᠳ ᠵᠢᠷᠭᠠᠵᠤ ᠰᠠᠷᠠ ᠮᠥᠰᠢᠶᠡᠭ᠍ᠰᠡᠨ ᠬᠠᠳᠠᠭ ᠪᠠᠷᠢᠭᠰᠠᠨ ᠳᠠᠯ᠎ᠠ ᠵᠢᠨ

ᠣᠬᠠᠭ᠎ᠠ ᠴᠡᠩᠭᠡᠷᠯᠡᠭ᠍ᠰᠡᠨ ᠠᠮᠢᠳᠤᠷᠠᠯ ᠤᠨ ᠳᠤᠷᠭᠠᠨ ᠪᠠᠭᠤᠴᠠ ᠳ᠋ᠤ

ᠣᠯᠢᠶᠠᠷᠬᠠᠭ ᠭᠡᠦᠭᠡᠨ ᠤ ᠬᠠᠢ᠌ᠷ᠎ᠠ ᠰᠢᠩᠭᠡᠭᠡᠭ᠍ᠰᠡᠨ ᠣᠷᠤᠭᠤᠯ ᠳᠡᠭᠡᠷ᠎ᠡ ᠠᠮᠢᠳᠤᠷᠠᠯ ᠳᠤᠭᠳᠠᠳᠠᠭ ᠡ

ᠣᠷᠴᠢᠯᠠᠩ ᠢ ᠭᠡᠮᠵᠢᠭ᠍ᠰᠡᠨ ᠣᠨᠠᠭ᠎ᠠ ᠶᠢᠨ ᠳᠤᠭᠤᠷᠢ ᠳᠤ ᠣᠴᠢᠯᠠᠬᠤ ᠰᠠᠢ᠌ᠬᠠᠨ ᠪᠣᠳᠤᠯ ᠳ᠋ᠤ

ᠣᠳᠤ ᠴᠢᠷᠦᠭ᠍ᠰᠡᠨ ᠣᠷᠭ᠎ᠠ ᠶᠢᠨ ᠮᠢᠨᠢ ᠦᠵᠦᠭᠦᠷ ᠥᠨᠦᠰᠦᠭᠡᠳ ᠪᠠᠭᠤᠬᠤ

ᠣᠬᠠᠭᠠᠨ ᠬᠠᠳᠠᠭᠤ ᠠᠪᠣ ᠶᠢᠨ ᠰᠤᠷᠭᠠᠯ ᠳᠠᠭᠤᠯᠬᠤ ᠰᠢᠭ

ᠣᠬᠠᠭᠠᠵᠢᠬᠤ ᠵᠠᠮ ᠤᠨ ᠳᠦᠷᠦᠭᠡ ᠢᠰᠭᠦᠯᠦᠭ᠍ᠰᠡᠨ ᠴᠠᠢ᠌ᠯᠵᠠᠬᠤ ᠠᠮᠢᠳᠤᠷᠠᠯ ᠳ᠋ᠤ

ᠣᠳᠤ ᠮᠠᠨᠠᠭᠰᠠᠨ ᠣᠷᠭᠤᠬᠤ ᠦᠷ ᠢ ᠣᠶᠠᠰᠬᠠᠵᠤ ᠪᠣᠰᠳᠠᠭ

ᠣᠶᠠᠬᠠᠨ ᠬᠤᠩᠭ᠋ᠤᠷ ᠤᠨ ᠮᠢᠨᠢ ᠰᠡᠳᠭᠢᠯ ᠳᠤ ᠬᠠᠢ᠌ᠷ᠎ᠠ ᠢᠪᠢᠯᠵᠤ ᠵᠢᠷᠭᠠᠯ ᠣᠠᠳᠤᠷᠤᠨ᠎ᠠ

ᠰᠠᠷᠠ ᠪᠠᠭᠤᠳᠠᠯᠯᠠᠭᠰᠠᠨ ᠳᠠᠯ᠎ᠠ ᠪᠠᠨ ᠰᠦ᠋ ᠪᠠᠷ ᠮᠢᠯᠢᠶᠠᠳᠠᠭ

ᠰᠠᠭᠠᠯᠢ ᠶᠢᠨ ᠵᠠᠯᠠᠨ ᠳᠤ ᠰᠠᠷᠠᠨ ᠳᠠᠭᠢᠨᠢ ᠪᠦᠵᠢᠭᠯᠡᠨ᠎ᠡ

ᠰᠠᠭᠠᠮ᠎ᠠ ᠰᠦᠨ ᠤ ᠴᠠᠯᠭᠢᠶᠠᠨ ᠳᠤ ᠰᠠᠷᠠᠭᠤᠯ ᠬᠤᠷᠸ᠎ᠠ ᠭᠡᠢ᠌ᠯ᠎ᠡ

ᠰᠠᠭᠠᠯᠢᠴᠢᠨ ᠭᠡᠦᠭᠡᠨ ᠤ ᠰᠡᠳᠭᠢᠯ ᠳᠤ ᠣᠷᠭᠤᠬᠤ ᠨᠠᠷᠠ ᠮᠠᠠᠳᠤᠨ᠎ᠠ

ᠰᠠᠨᠠᠭ᠎ᠠ ᠰᠡᠳᠭᠢᠯ ᠤᠨ ᠵᠠᠢ᠌ᠴᠢᠨ ᠳᠤ ᠠᠢ᠌ᠷᠠᠭ ᠣᠤᠭᠤᠭᠰᠠᠨ ᠨᠠᠢ᠌ᠷᠠᠭ ᠣᠠᠳᠤᠷᠤᠨ᠎ᠠ

ᠪᠣᠷᠤᠭᠠᠨ ᠳᠤ ᠮᠥᠰᠢᠶᠡᠭ᠍ᠰᠡᠨ ᠳᠤᠷᠭᠠᠨ ᠳᠠᠯ᠎ᠠ ᠮᠢᠨᠢ ᠨᠤᠭᠤᠭᠠᠨ ᠶᠢᠡᠷ ᠠᠮᠢᠰᠬᠤᠭᠠᠨ᠎ᠠ

ᠪᠣᠳᠤᠯ ᠳᠤ ᠪᠠᠯᠴᠢᠭ᠍ᠰᠡᠨ ᠰᠢᠯᠦᠭ᠌ ᠮᠢᠨᠢ ᠳᠠᠯ᠎ᠠ ᠪᠠᠨ ᠳᠦᠷᠦᠭᠡᠯᠡᠵᠤ ᠮᠤᠷᠳᠠᠨ᠎ᠠ

ᠪᠦᠳᠤᠨ ᠨᠠᠷᠠ ᠲᠡᠶ ᠨᠤᠳᠤᠭ ᠤᠨ ᠮᠢᠨᠢ ᠡᠪᠦᠷ ᠲᠤ ᠪᠦᠱᠦᠷᠭᠡᠵᠤ ᠪᠠᠭᠤᠭᠰᠠᠨ

ᠪᠣᠯᠤᠷ ᠰᠢᠭ ᠳᠤᠩᠭ᠋ᠠᠯᠠᠭ ᠰᠤᠪᠣᠤᠨ ᠤᠨ ᠭᠡᠯᠭᠢᠶ᠎ᠡ ᠨᠢ

ᠳᠤᠭᠤᠷᠠᠢ ᠶᠢᠨ ᠳᠠᠮᠠᠭ᠎ᠠ ᠲᠡᠶ ᠭᠦᠷᠦᠰᠤᠨ ᠳ᠋ᠤ

ᠳᠤᠭᠯᠠᠵᠤ ᠦᠰᠦᠭ᠍ᠰᠡᠨ ᠭᠦᠤ ᠶᠢᠨ ᠮᠢᠨᠢ ᠳᠤᠷᠠᠨ ᠬᠠᠷ᠎ᠠ ᠮᠠᠯᠮᠠᠢ ᠰᠢᠭ᠌

ᠪᠣᠷᠬᠠᠨ ᠡᠭᠡ ᠣᠷᠤᠨ ᠶᠢᠡᠨ ᠰᠢᠠᠵᠢᠨ᠎ᠠ

ᠥᠩᠭᠡ ᠶᠢᠨ ᠴᠡᠴᠡᠭᠡᠰ ᠶᠢᠡᠷ ᠨᠠᠢ᠌ᠷᠠᠭᠰᠠᠨ ᠳᠠᠯ᠎ᠠ ᠶᠢᠨ ᠮᠢᠨᠢ ᠨᠠᠢ᠌ᠷᠠᠭ

ᠣᠶᠠᠩᠭ᠋᠎ᠠ ᠶᠢᠨ ᠣᠷᠴᠢᠯᠠᠩ ᠳᠤ ᠰᠤᠭᠳᠤᠭᠤᠷᠠᠨ᠎ᠠ

ᠣᠬᠠᠭᠠᠠᠴᠢ ᠪᠣᠭᠤᠷᠤᠯ ᠤᠳ ᠤᠨ ᠵᠢᠷᠦᠭᠡᠨ ᠡᠭᠡᠰᠢᠭ᠌ ᠶᠢᠡᠷ

ᠣᠷᠢ ᠳᠠᠮᠢᠷ ᠢᠭ᠍ᠳᠦᠭᠦᠯᠦᠭ᠍ᠰᠡᠨ ᠰᠡᠳᠭᠢᠯ ᠤᠨ ᠮᠢᠨᠢ ᠣᠶᠠᠩᠭ᠋᠎ᠠ

ᠣᠶᠤᠨ ᠴᠡᠩᠭᠡᠷ ᠬᠠᠶᠠᠭ᠎ᠠ ᠳᠡᠯᠡᠭ᠍ᠰᠡᠨ ᠬᠠᠩᠭ᠋ᠠᠢ ᠳ᠋ᠤ

ᠣᠬᠠᠭᠠᠨ ᠤ ᠴᠡᠭᠡᠨ ᠨᠠᠷᠠ ᠲᠡᠶ ᠭᠦᠮᠦᠰ ᠤᠨ ᠶᠢᠡᠨ ᠰᠤᠨᠤᠷ ᠢ ᠮᠢᠯᠢᠶᠠᠵᠤ ᠣᠷᠤᠰᠤᠨ᠎ᠠ

ᠳᠠᠯ᠎ᠠ᠂ ᠪᠣᠳᠤᠯ ᠢᠭᠢᠷ᠎ᠡ ᠳᠦᠷᠦᠭ᠍ᠰᠡᠨ ᠬᠤᠶᠠᠭᠤᠯᠠ

ᠨᠠᠷᠠᠨ ᠤ ᠰᠠᠴᠤᠷᠠᠭ ᠶᠢᠡᠷ ᠳᠤᠮᠢᠯᠠᠭᠰᠠᠨ ᠳᠤᠯᠤᠭᠠᠨ ᠥᠩᠭᠡ ᠶᠢᠨ ᠰᠤᠯᠤᠩᠭ᠋᠎ᠠ ᠪᠠᠷ

ᠨᠠᠢ᠌ᠷᠰᠠᠭ ᠰᠡᠳᠭᠢᠯ ᠶᠢᠡᠷ ᠮᠥᠰᠢᠶᠡᠭ᠍ᠰᠡᠨ ᠪᠣᠷᠬᠠᠨ ᠭᠡᠷ ᠤᠨ ᠪᠣᠱᠤᠭ᠎ᠠ ᠮᠢᠯᠢᠶᠠᠵᠤ

ᠳᠠᠷᠭᠤᠨ ᠰᠦᠷᠦᠭ᠌ ᠬᠤᠳᠠ ᠴᠠᠢ᠌ᠯᠵᠠᠭᠤᠯᠵᠤ ᠳᠠᠷᠠᠭ ᠠᠢ᠌ᠷᠠᠭ ᠭᠦᠨᠦᠭ᠌ ᠪᠢᠯᠬᠠᠮ᠎ᠠ

ᠳᠠᠩᠰᠤᠭ ᠠᠮᠢᠳᠤᠷᠠᠯ ᠤᠨ ᠵᠢᠷᠦᠭᠡᠨ ᠳᠡᠭᠡᠷ᠎ᠡ ᠨᠢ ᠦᠨᠦᠰᠤᠨ᠎ᠠ

ᠰᠦᠨ ᠴᠠᠭᠠᠨ ᠮᠢᠨᠢ ᠰᠡᠳᠭᠢᠯ ᠳ᠋ᠤ

ᠨᠤᠳᠤᠭ ᠤᠨ ᠴᠢᠯᠠᠭᠤᠳ ᠵᠢᠡᠨ ᠥᠨᠦᠰᠦᠭ᠍ᠰᠡᠨ ᠢᠳᠡᠭᠡᠯ ᠤᠨ ᠮᠥᠩᠭᠡ ᠳᠦᠰᠢᠭ᠌ ᠵᠢᠷᠦᠭᠡᠨ ᠬᠠᠯᠠᠭᠤᠨ ᠳᠠᠮᠢᠷ

ᠰᠦᠰᠦ ᠬᠠᠳᠠᠭᠤ ᠵᠤᠷᠢᠭ ᠡᠷᠭᠦᠵᠤ ᠪᠣᠰᠬᠠᠨ᠎ᠠ

ᠰᠠᠷᠠᠭᠤᠯ ᠬᠤᠷᠸ᠎ᠠ ᠶᠢ ᠨᠠᠷᠠ ᠲᠡᠶ ᠳᠤᠭᠤᠷᠢᠬᠤ ᠮᠥᠩᠭᠡ ᠳᠡᠭ᠍ᠷᠢ ᠶᠢᠨ ᠢᠪᠠᠭᠡᠯ ᠳᠦᠭᠦᠷᠡᠩ

ᠰᠠᠢ᠌ᠬᠠᠨ ᠬᠠᠩᠬᠠᠯ ᠭᠦᠰᠡᠯ ᠳᠤ ᠢᠷᠡᠭᠦ ᠮᠠᠷᠭᠠᠰᠢ ᠶᠢ ᠳᠠᠯᠠᠯᠤᠭᠰᠠᠨ ᠴᠡᠩᠭᠡᠷ ᠪᠣᠳᠤᠯ ᠴᠦᠷᠭᠦᠭᠦᠯᠦᠨ᠎ᠡ

                        

                     2013.6.18


ᠵᠤᠬᠢᠶᠠᠭᠴᠢ ᠶᠢᠨ ᠬᠠ‍‌ᠶᠢᠭ ᠄ ᠪᠠᠶᠠᠠᠨᠠᠭᠤᠷ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠭᠦᠭ᠍ᠵᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 14127
ᠴᠠᠭ᠄ 2014 ᠤᠨ ᠤ 02 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ