☆ ᠭᠦᠭᠡᠠᠭᠤᠯᠠ
ᠬᠡᠦᠬᠡᠳ ᠲᠡᠭᠡᠨ ᠪᠦᠮᠪᠦᠷᠴᠡᠭ᠌ ᠶᠢᠡᠨ ᠦᠭᠭᠦᠨᠡᠮ
ᠪᠦᠮᠪᠦᠷᠴᠡᠭ᠌ ᠶᠢᠡᠨ ᠬᠡᠦᠬᠡᠳ ᠲᠡᠭᠡᠨ ᠦᠭᠭᠦᠨᠡᠮ
ᠰᠦᠨᠢ ᠣᠭᠢᠯᠠᠭᠠᠤᠨ ᠰᠡᠷᠢᠭᠦ ᠳᠤ
ᠰᠦ᠋ ᠲᠡᠶ ᠨᠢ ᠦᠭᠭᠦᠨᠡᠮ
ᠰᠡᠭᠦᠳᠡᠷ ᠡᠷᠢᠭᠡᠳ ᠭᠦᠶᠦᠭᠦ ᠳᠤ
ᠰᠥᠭᠡᠭ᠌ ᠪᠣᠳᠠ ᠲᠡᠶ ᠨᠢ ᠦᠭᠭᠦᠨᠡᠮ
ᠪᠦᠮᠪᠦᠷᠴᠡᠭ᠌ ᠶᠢᠡᠨ ᠬᠡᠦᠬᠡᠳ ᠲᠡᠭᠡᠨ ᠦᠭᠭᠦᠨᠡᠮ
ᠪᠦᠪᠠᠢ ᠶᠢᠨ ᠳᠠᠭᠤᠤ ᠲᠡᠶ ᠦᠭᠭᠦᠨᠡᠮ
ᠪᠣᠰᠤᠭ᠎ᠠ ᠥᠰᠦᠭ᠌ ᠲᠡᠶ ᠨᠢ ᠦᠭᠭᠦᠨᠡᠮ
ᠪᠦᠰᠡᠳᠡᠢ ᠭᠤᠳᠤᠯ ᠲᠡᠶ ᠨᠢ ᠦᠭᠭᠦᠨᠡᠮ
ᠪᠣᠰᠤᠭ᠎ᠠ ᠪᠢᠴᠢᠭ᠍ᠰᠡᠨ ᠳᠡᠦᠭᠡ ᠲᠡᠶ ᠨᠢ ᠦᠭᠭᠦᠨᠡᠮ
ᠪᠦᠮᠪᠦᠷᠴᠡᠭ᠌ ᠶᠢᠡᠨ ᠬᠡᠦᠬᠡᠳ ᠲᠡᠭᠡᠨ ᠦᠭᠭᠦᠨᠡᠮ
ᠳᠠᠪᠤᠨ ᠬᠤᠰᠢᠭᠤ ᠮᠠᠯ ᠲᠡᠶ ᠨᠢ ᠦᠭᠭᠦᠨᠡᠮ
ᠳᠠᠪᠤᠨ ᠮᠦᠰᠤᠨ ᠤ ᠰᠤᠷᠭᠠᠯ ᠲᠡᠶ ᠨᠢ ᠦᠭᠭᠦᠨᠡᠮ
ᠳᠤᠧᠨ ᠰᠤᠬᠤᠷ ᠤᠨ ᠨᠢᠳᠤ ᠲᠡᠶ ᠦᠭᠭᠦᠨᠡᠮ
ᠳᠠᠶᠠᠩ ᠳᠤ ᠱᠠᠭᠰᠢᠭᠳᠠᠭᠰᠠᠨ ᠰᠤᠶᠤᠯ ᠲᠡᠶ ᠨᠢ ᠦᠭᠭᠦᠨᠡᠮ
ᠬᠡᠦᠬᠡᠳ ᠲᠡᠭᠡᠨ ᠪᠦᠮᠪᠦᠷᠴᠡᠭ᠌ ᠶᠢᠡᠨ ᠦᠭᠭᠦᠨᠡᠮ
ᠭᠡᠢ᠌ᠮᠦᠷᠢ ᠶᠢᠨ ᠰᠦᠯᠳᠡ ᠲᠡᠶ ᠣᠪᠣᠭ᠎ᠠ ᠲᠡᠶ ᠨᠢ ᠦᠭᠭᠦᠨᠡᠮ
ᠭᠡᠰᠢᠭ᠌ ᠪᠣᠶᠠᠨ ᠤ ᠬᠤᠷᠤᠢ ᠲᠡᠶ ᠰᠠᠴᠤᠯᠢ ᠲᠡᠶ ᠨᠢ ᠦᠭᠭᠦᠨᠡᠮ
ᠭᠦᠭᠡ ᠳᠡᠭ᠍ᠷᠢ ᠪᠠᠨ ᠰᠢᠳᠦᠳᠡᠭ᠌ ᠰᠥᠵᠢᠭ᠌ ᠲᠡᠶ ᠨᠢ ᠦᠭᠭᠦᠨᠡᠮ
ᠭᠦᠮᠤᠨ ᠵᠤᠨ ᠶᠢᠡᠨ ᠣᠶᠠᠷᠠᠭᠠᠳᠠᠭ ᠣᠷᠳᠤ ᠶᠢᠨ ᠳᠠᠭᠤᠤ ᠲᠡᠶ ᠨᠢ ᠦᠭᠭᠦᠨᠡᠮ
ᠬᠡᠦᠬᠡᠳ ᠲᠡᠭᠡᠨ ᠪᠦᠮᠪᠦᠷᠴᠡᠭ᠌ ᠶᠢᠡᠨ ᠦᠭᠭᠦᠨᠡᠮ
ᠪᠦᠮᠪᠦᠷᠴᠡᠭ᠌ ᠤᠨ ᠠᠮᠢᠳᠤ ᠮᠡᠩᠭᠡ ᠮᠤᠩᠭ᠋ᠤᠯ ᠭᠡᠷ ᠲᠡᠶ ᠨᠢ ᠦᠭᠭᠦᠨᠡᠮ
ᠪᠣᠭᠳᠠ ᠳᠡᠭᠡᠳᠦᠰ ᠴᠢᠩᠭᠢᠰ ᠤᠨ ᠪᠣᠷᠬᠠᠨ ᠰᠤᠷᠭᠠᠯ ᠲᠡᠶ ᠨᠢ ᠦᠭᠭᠦᠨᠡᠮ
ᠪᠦᠭᠦᠳᠡ ᠮᠤᠩᠭ᠋ᠤᠯ ᠶᠢᠡᠨ ᠨᠢᠭᠡᠳᠭᠡᠭ᠍ᠰᠡᠨ ᠪᠣᠳᠤᠯᠭ᠎ᠠ ᠣᠬᠠᠭᠠᠨ ᠲᠡᠶ ᠨᠢ ᠦᠭᠭᠦᠨᠡᠮ
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠭᠦᠭᠡᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 07 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ