ᠨᠡᠪᠲᠡᠷᠡᠨ ᠤᠷᠤᠬᠤ
ᠰᠡᠯᠬᠢᠴᠢ ᠰᠡᠷᠡᠯ

ᠭᠠᠵᠠᠷ ᠤᠨ ᠴᠢᠭᠢᠭ᠌᠂ ᠨᠢᠯᠬ᠎ᠠ ᠨᠤᠭᠤᠭᠠᠨ ᠤ ᠰᠤᠷᠭᠤᠭ ᠶᠢᠡᠷ ᠶᠢᠡᠨ ᠠᠶᠤᠯ ᠠᠯᠳᠠᠷ ᠶᠠᠭᠤ ᠪᠣᠯᠬᠤ ᠶᠢ ᠣᠭᠳᠤ ᠮᠡᠳᠡᠭᠡ ᠦᠭᠡᠶ ᠡᠨᠡ ᠵᠢᠭᠠᠬᠠᠨ ᠨᠢᠯᠬ᠎ᠠ ᠠᠮᠢᠳᠠᠨ ᠢ ᠳᠤᠰᠤᠨ ᠠᠪᠣᠯ᠎ᠠ᠃ ᠡᠵᠢ ᠶᠢᠨ ᠶᠢᠡᠨ ᠬᠠᠯᠭᠤᠨ ᠠᠮᠢᠰᠬᠤᠭ᠎ᠠ ᠡᠴᠡ ᠥᠭᠡᠷ᠎ᠡ ᠵᠣᠢ᠌ᠯ ᠲᠡᠶ ᠣᠢ᠌ᠷᠠᠳᠤᠵᠤ ᠥᠵᠡᠭᠡ ᠦᠭᠡᠶ ᠨᠢᠯᠬ᠎ᠠ ᠣᠨᠠᠭ᠎ᠡ ᠣᠯᠠᠨ ᠰᠤᠨᠢᠨ ᠭᠠᠢ᠌ᠬᠠᠮᠰᠢᠭ ᠲᠤᠮᠳᠠ ᠰᠤᠴᠢᠨ ᠬᠡᠯᠮᠡᠭᠳᠡᠵᠤ᠂ ᠡᠵᠢ ᠨᠢ ᠪᠠᠶ᠎ᠠ ᠶᠢ ᠨᠢ ᠰᠠ‍ᠶ‍ᠢᠬᠢ ᠳᠤᠯᠢᠶᠠᠨ ᠴᠠᠪᠠᠷᠯᠠᠵᠤ ᠪᠡᠷᠡᠬᠤᠶ᠎ᠡ᠂ ᠳᠦᠷᠪᠡᠨ ᠭᠦᠯ ᠳᠡᠭᠡᠷ᠎ᠡ ᠪᠠᠨ ᠳᠤᠭᠳᠠᠵᠤ ᠶᠠᠳᠠᠨ ᠴᠠᠴᠠᠷᠭᠢᠯᠠᠨ ᠪᠣᠰᠴᠤ᠂ ᠨᠠᠭᠠᠰᠢ ᠴᠠᠭᠠᠰᠢ ᠨᠠᠢ᠌ᠭᠤᠨ ᠪᠠᠢ᠌ᠭᠰᠠᠨ ᠴᠤ ᠡᠵᠢ ᠶᠢᠨ ᠶᠢᠡᠨ ᠭᠦᠭᠦ ᠶᠢ ᠡᠷᠢᠵᠤ ᠣᠯᠤᠯ᠎ᠠ᠃ ᠥᠡᠳᠦᠷᠭᠡᠨ ᠨᠠᠷᠢᠨ ᠪᠠᠶ᠎ᠠ ᠲᠡᠶ᠂ ᠣᠷᠳᠤ ᠰᠠᠢ᠌ᠬᠠᠨ ᠭᠦᠯ ᠲᠡᠶ᠂ ᠥᠩᠭᠡ ᠳᠠᠷᠭᠤ ᠳᠡᠩᠴᠡᠭ᠍ᠰᠡᠨ ᠴᠠᠭᠠᠭᠴᠢ ᠭᠡᠭᠦᠤ ᠶᠢᠨ ᠭᠦᠯᠢ᠌ᠳᠡᠯ᠎ᠡ ᠳᠤᠯᠢᠶᠠᠨ ᠴᠡᠪᠠᠷᠯᠡᠭ᠍ᠰᠡᠨ ᠡᠨᠡ ᠳᠤᠡᠭ ᠴᠠᠭᠠᠨ ᠠᠮᠢᠳᠠᠨ ᠢ ᠰᠥᠷᠦᠭ᠌ ᠤᠨ ᠭᠢᠨ ᠭᠠᠢ᠌ᠬᠠᠨ ᠪᠠᠬᠠᠷᠬᠠᠨ᠎ᠡ᠃ ᠠᠮᠳᠠᠳᠤ ᠣᠭᠤᠷᠠᠭ ᠲᠠᠭᠠᠨ ᠴᠠᠳᠤᠭᠰᠠᠨ ᠣᠨᠠᠭ᠎ᠠ ᠨᠤᠭᠤᠭᠠᠨ ᠵᠥᠯᠭᠡᠨ ᠳᠡᠨᠵᠢ ᠳᠡᠭᠡᠷ᠎ᠡ ᠰᠤᠨᠤᠨ ᠣᠨᠠᠵᠤ ᠵᠥᠭᠡᠯᠡᠨ ᠳᠤᠭᠤᠷᠠᠢ ᠪᠠᠨ ᠨᠠᠷᠠᠨ ᠳᠤ ᠡᠭᠡᠭᠡᠨ ᠣᠠᠳᠠᠯ᠎ᠠ ᠃

ᠰᠥᠷᠦᠭ᠌ ᠳᠤ ᠬᠠᠰ ᠴᠠᠭᠠᠨ ᠰᠠᠢ᠌ᠬᠠᠨ ᠤᠨᠡᠭ᠎ᠡ ᠨᠡᠮᠡᠭ᠍ᠳᠡᠭ᠍ᠰᠡᠨ ᠴᠢᠮᠡᠭᠡ ᠭᠡᠳᠤᠨ ᠡᠳᠦᠷ ᠪᠣᠯᠤᠯ ᠦᠭᠡᠶ ᠡᠵᠡᠨ ᠴᠢᠮᠠᠤᠨ ᠤᠨ ᠭᠢᠨᠢ ᠰᠤᠨᠤᠷ ᠳᠦ ᠬᠦᠷᠥᠭᠰᠡᠨ᠎ᠡ᠂ ᠣᠳᠤᠷ ᠳᠡᠭᠡᠷ᠎ᠡ ᠡᠴᠡ ᠪᠡᠨ ᠮᠤᠷᠢᠨ ᠳᠤᠪᠳᠤᠯᠭ᠎ᠡ ᠪᠡᠷ ᠳᠠᠪᠭᠢᠵᠤ ᠢᠷᠠᠯ᠎ᠠ᠃ ᠡᠨᠡ ᠤᠨᠠᠭ᠎ᠠ ᠨᠢ ᠡᠵᠢ ᠶᠢᠨ ᠶᠢᠡᠨ ᠭᠬᠢᠷ ᠦᠭᠡᠶ ᠴᠠᠭᠠᠨ ᠥᠩᠭᠡ ᠵᠢᠰᠤᠮ ᠢ ᠳᠠᠭᠤᠷᠢᠶᠠᠵᠤ᠂ ᠵᠡᠷᠯᠢᠭ᠌ ᠬᠤᠯᠠᠨ ᠤ ᠣᠳᠤᠮᠳᠤ ᠠᠪᠣ ᠶᠢᠨ ᠶᠢᠡᠨ ᠰᠡᠷᠭᠦᠯᠡᠩ ᠰᠤᠷᠳᠤᠭᠤᠯᠢᠭ ᠨᠠᠮᠪᠠ ᠶᠢ ᠰᠢᠩ᠍ᠬᠡᠭᠡᠭ᠍ᠰᠡᠨ ᠭᠠᠯ ᠮᠠᠩᠨᠠᠢ ᠳᠠᠭᠠᠨ ᠨᠠᠷᠠ ᠭᠠᠷᠤᠭᠰᠠᠨ ᠡᠷᠭᠢᠭᠦᠯᠭᠡ ᠲᠡᠶ᠃

ᠨᠠᠷᠠᠨ ᠤ ᠠᠯᠳᠠᠨ ᠰᠠᠴᠤᠷᠠᠭ᠂ ᠰᠠᠷᠠᠨ ᠤ ᠮᠥᠩᠭᠦᠨ ᠭᠡᠭᠡ ᠡᠭᠡ ᠪᠠᠢ᠌ᠭᠠᠯᠢ ᠵᠢᠨ ᠠᠮᠢᠳᠠᠨ ᠭᠤᠤᠯᠳᠠᠨ ᠶᠢᠡᠨ ᠢᠪᠠᠭᠡᠨ ᠰᠤᠶᠤᠷᠬᠠᠵᠤ᠂ ᠴᠢᠮᠡᠳ ᠤᠨ ᠬᠢᠨ ᠬᠠᠪᠣᠷ ᠭᠤᠤᠯ ᠲᠠᠭᠠᠨ ᠳᠠᠯ᠎ᠠ ᠥᠭᠰᠡᠵᠤ᠂ ᠨᠠᠮᠤᠷ ᠰᠡᠯᠬᠢ ᠰᠥᠷᠦᠨ ᠰᠡᠷᠢᠭᠦᠨ ᠵᠤᠤ ᠳᠤ ᠢᠳᠠᠰᠢᠯᠠᠨ ᠂ ᠡᠪᠦᠯ ᠨᠦᠮᠤᠷᠢ ᠳᠤᠭᠳᠠᠵᠤ ᠵᠥᠭᠡᠯᠡᠨ ᠪᠠᠯᠴᠢᠭᠡᠷ ᠳᠦ ᠨᠤᠳᠤᠭᠯᠠᠨ ᠡᠳᠦᠷ ᠬᠤᠨᠤᠭ ᠢ ᠨᠥᠭᠴᠢᠬᠡᠨ᠎ᠡ᠃

ᠴᠢᠮᠠᠤᠨ ᠭᠤᠸᠡᠢ ᠡᠴᠢᠬᠡ ᠳᠡᠭᠷᠢ ᠡᠴᠡ ᠰᠤᠶᠤᠷᠬᠠᠨᠰᠡ ᠡᠨᠡ ᠰᠡᠢ᠌ᠬᠨ ᠤᠨᠡᠭ᠎ᠡ ᠵᠢᠨ ᠵᠢᠡᠨ ᠭᠦᠵᠦᠭᠦᠨ ᠳᠤᠨᠢ ᠥᠩᠭᠡᠳᠤ ᠵᠠᠩᠭᠢᠶ᠎ᠠ ᠵᠡᠭᠦᠯᠭᠡᠵᠤ᠂ ᠣᠨᠠᠭᠠᠨ ᠡᠴᠡ ᠨᠢ ᠨᠤᠭᠳᠤᠯᠵᠤ᠂ ᠳᠠᠭ᠎ᠠ ᠡᠴᠡ ᠨᠢ ᠵᠠᠢ᠌ᠳᠠᠯᠠᠵᠤ᠂ ᠦᠷᠢᠶ᠎ᠠ ᠡᠴᠡ ᠨᠢ ᠳᠡᠪᠳᠡᠨ ᠪᠤᠯᠪᠡᠰᠤᠷᠡᠵᠤ᠂ ᠠᠭᠤᠯᠠ ᠳᠠᠯ᠎ᠠ ᠦᠭᠡᠶ ᠵᠢᠭᠢᠳᠠᠯ᠎ᠠ ᠳᠠᠪᠭᠢᠭᠤᠯᠬᠤ ᠪᠣᠯᠵᠠᠢ ᠃ ᠬᠤᠷᠴᠠ ᠴᠢᠭᠢ᠂ ᠰᠡᠷᠭᠦᠯᠡᠩ ᠳᠦᠷᠭᠦ ᠲᠡᠶ᠂ ᠠᠭᠤᠯᠠᠨ ᠣᠷᠤᠢ ᠰᠢᠷᠳᠠᠵᠤ ᠂ ᠳᠡᠭᠡᠭᠦᠷ ᠥᠩᠭᠡᠷᠡᠭᠦ ᠰᠢᠪᠠᠭᠤ ᠶᠢ ᠴᠤ ᠠᠯᠳᠠᠯ ᠦᠭᠡᠶ ᠬᠠᠷᠠᠵᠤ ᠠᠮᠵᠢᠳᠠᠭ ᠳᠡᠭᠦᠨ ᠢ ᠥᠵᠡᠭ᠍ᠰᠡᠨ ᠪᠦᠭᠦᠨ ᠪᠠᠬᠠᠷᠬᠠᠨ᠎ᠡ᠃

ᠭᠠᠩᠭ᠋ᠠᠩ ᠳᠤᠯᠤᠭᠠᠢ ᠪᠠᠷ ᠶᠢᠡᠨ ᠭᠠᠯᠪᠢᠷ ᠭᠠᠢ᠌ᠬᠠᠭᠤᠯᠵᠤ᠂ ᠬᠠᠳᠠᠭᠤ ᠳᠤᠭᠤᠷᠠᠢ ᠳᠠᠭᠠᠨ ᠭᠠᠯ ᠴᠠᠭᠢᠭᠤᠯᠤᠨ ᠪᠠᠢ᠌ᠯ᠎ᠠ ᠴᠤ ᠵᠢᠮ᠎ᠠ ᠪᠠᠷ ᠶᠢᠡᠨ ᠢᠷᠡᠳᠡᠭ᠌ ᠵᠣᠢ᠌ᠯ ᠤᠨ ᠣᠴᠠᠷᠠᠯ ᠤᠨ ᠭᠠᠳᠠᠭᠤᠷ ᠳᠠᠷᠠ ᠵᠠᠢ᠌ᠯᠠᠨ ᠳᠤᠪᠳᠤᠯᠵᠤ ᠴᠢᠳᠠᠭ᠎ᠠ ᠦᠭᠡᠶ᠂ ᠭᠤᠷᠪᠠᠨ ᠨᠠᠰᠤᠳᠠᠢ ᠵᠢᠯ ᠳ᠋ᠤᠨᠢ ᠪᠠᠭᠠᠯᠵᠤᠤᠷ ᠳᠤᠨᠢ ᠰᠠᠬᠤᠤ ᠭᠠᠷᠴᠤ ᠢᠳᠡᠭᠡ ᠰᠢᠬᠦᠰᠤ ᠴᠤᠪᠤᠨ ᠡᠴᠡᠵᠤ ᠳᠤᠷᠡᠵᠤ ᠡᠬᠢᠯᠡᠭᠰᠡᠨ ᠶᠤᠮᠰᠠᠨ ᠁ ᠡᠨᠡ ᠨᠢ ᠤᠶᠡᠭᠠᠴᠢᠨ ᠴᠢᠮᠠᠤᠨ ᠤᠨ ᠰᠠᠤᠠᠭᠢᠯ ᠵᠢᠷᠤᠬᠡ ᠵᠢ ᠰᠢᠨᠡᠯᠭᠠᠨ᠎ᠡ᠃ ᠡᠪᠠᠰᠤ ᠬᠤᠭᠤᠯᠠᠨ ᠡᠴᠡ ᠭᠠᠷᠤᠭᠰᠠᠨ ᠳᠡᠭᠦᠨ ᠢ ᠰᠠᠭᠢᠨ ᠂ ᠡᠪᠠᠰᠤᠨ ᠡᠮ ᠤᠨ ᠵᠤᠷ ᠶᠢᠡᠷ ᠡᠮᠨᠡᠨ ᠳᠤᠮᠨᠠᠭᠠᠤᠨ᠂ ᠳᠤᠯᠤᠭᠠᠢ ᠳᠦᠷᠦᠭᠦᠤ ᠶᠢ ᠨᠢ ᠢᠯᠪᠢᠵᠤ ᠯᠠ ᠡᠪᠠᠦᠡᠴᠢᠨ ᠵᠤᠪᠠᠯ ᠢ ᠨᠢ ᠬᠤᠪᠢᠶᠠᠯᠴᠠᠮᠠᠷ ᠰᠠᠠᠳᠤᠷᠴᠤ ᠪᠠᠢ᠌ᠯ᠎ᠠ᠃ ᠡᠵᠡᠨ ᠤ ᠪᠠᠨ ᠰᠠᠢ᠌ᠨ ᠶᠢᠡᠷ ᠨᠠᠯᠢᠶᠠᠤᠨ ᠬᠤᠷᠳᠤᠨ ᠢᠯᠠᠷᠡᠢ ᠪᠣᠯᠤᠭᠰᠠᠨ ᠴᠤ ᠳᠠᠷᠠᠭ᠎ᠠ ᠵᠢᠯ ᠳ᠋ᠤᠨᠢ ᠡᠷ᠎ᠡ ᠦᠷᠢᠶ᠎ᠠ ᠳᠤ ᠳᠤᠯᠭᠠᠷᠠᠬᠤ ᠡᠰᠭᠡᠭᠦ ᠠᠶᠤᠯ ᠡᠴᠡ ᠮᠤᠯᠳᠤᠷᠴᠤ ᠳᠡᠢ᠌ᠯᠦᠭᠡ ᠦᠭᠡᠶ᠂ ᠭᠡᠳᠤ ᠭᠡᠳᠤᠨ ᠪᠦᠳᠦᠭᠦᠨ ᠪᠣᠰᠤᠭ᠎ᠠ ᠡᠷᠡᠴᠦᠦᠯ ᠭᠦᠴᠤ ᠪᠠᠷ ᠳᠠᠷᠤᠵᠤ ᠪᠣᠮᠪᠣᠳᠠᠢ ᠶᠢ ᠨᠢ ᠠᠪᠴᠤ ᠬᠠᠶᠠᠯ᠎ᠠ᠂ ᠡᠵᠡᠨ ᠶᠢᠡᠨ ᠬᠠᠷᠠᠵᠤ ᠪᠠᠢ᠌ᠭᠰᠠᠭᠠᠷ ᠳᠡᠭᠦᠨ ᠢ ᠳᠤᠰᠠᠯᠠᠬᠤ ᠦᠭᠡᠶ ᠪᠠᠢ᠌ᠨ᠎ᠠ ᠭᠡᠵᠤ ᠬᠤᠷᠤ ᠰᠠᠨᠠᠬᠤ ᠳᠤ᠂ ᠣᠠᠳᠠᠵᠤ ᠪᠠᠢ᠌ᠬᠤ ᠳ᠋ᠤᠨᠢ ᠳᠡᠭᠦᠨ ᠵᠥᠭ᠌ ᠭᠤᠯᠭᠤᠨ ᠢᠷᠡᠭ᠍ᠰᠡᠨ ᠴᠢᠨ᠋ᠸ᠎ᠠ ᠲᠡᠶ ᠴᠢᠭᠢ ᠪᠣᠰᠠᠬᠠᠨ ᠳᠠᠯ ᠰᠡᠭ᠍ᠰᠡᠢ᠌ᠯᠭᠡᠨ᠂ ᠴᠠᠪᠴᠢᠯᠠᠨ ᠢᠰᠭᠦᠯᠡᠨ ᠥᠭᠦᠸᠡᠷ ᠳᠠᠮᠠᠴᠠᠨ ᠪᠠᠢ᠌ᠭᠠᠤᠨ ᠭᠡᠳᠡᠰᠤ ᠪᠠᠨ ᠬᠠᠭ᠎ᠠ ᠳᠠᠳᠠᠭᠤᠯᠤᠭᠰᠠᠨ ᠴᠤ ᠥᠭᠦᠯ ᠤᠨ ᠠᠶᠤᠯ ᠡᠴᠡ ᠦᠷ᠎ᠡ ᠪᠠᠨ ᠠᠪᠣᠷᠠᠨ ᠭᠠᠷᠭᠠᠭᠰᠠᠨ ᠡᠵᠢ ᠪᠠᠨ ᠡᠷᠭᠡ ᠦᠭᠡᠶ ᠰᠠᠨᠠᠵᠤ᠂ ᠳᠠᠷᠠ ᠦᠶ᠎ᠡ ᠳᠤ ᠯᠠ ᠰᠠᠶ‍ᠢ ᠰᠥᠷᠦᠭ᠌ ᠡᠴᠡ ᠰᠠᠯᠬᠤ ᠶᠢᠨ ᠠᠶᠤᠮᠰᠢᠭ ᠢ ᠠᠩᠬ᠎ᠠ ᠮᠠᠳᠠᠷᠠᠨ᠂ ᠰᠥᠷᠦᠭ᠌ ᠡᠴᠡ ᠪᠠᠨ ᠰᠠᠯᠬᠤ ᠦᠭᠡᠶ ᠯᠠ ᠪᠠᠢ᠌ᠪᠠᠯ ᠡᠪᠦᠯ ᠤᠨ ᠦᠯᠦᠨ ᠴᠢᠨ᠋ᠸ᠎ᠠ ᠳᠠᠭᠠᠷᠢᠨ ᠢᠷᠡᠭ᠍ᠰᠡᠨ ᠴᠤ ᠣᠨᠠᠭ᠎ᠠ ᠳᠠᠭ᠎ᠠ ᠪᠠᠨ ᠳᠤᠮᠳᠠ ᠪᠠᠨ ᠬᠠᠰᠢᠨ ᠬᠠᠮᠳᠤ ᠶᠢᠨ ᠭᠦᠴᠤᠨ ᠶᠢᠡᠷ ᠪᠠᠢ᠌ᠯᠳᠤᠳᠠᠭ ᠰᠥᠷᠦᠭ᠌ ᠤᠨ ᠭᠦᠴᠤᠨ ᠳᠤ ᠢᠪᠠᠭᠡᠭ᠍ᠳᠡᠨ ᠪᠠᠢ᠌ᠳᠠᠭ ᠶᠢᠡᠨ ᠡᠷᠭᠢᠴᠡᠭᠦᠯᠦᠭᠡᠤᠨ᠂ ᠡᠵᠢ ᠦᠭᠡᠶ ᠡᠳᠦᠷ ᠤᠳ ᠲᠤ ᠦᠯᠡᠮᠵᠢ ᠬᠠᠢ᠌ᠷ᠎ᠠ ᠪᠠᠨ ᠭᠦᠷᠳᠡᠭᠡᠵᠤ ᠢᠷᠡᠭ᠍ᠰᠡᠨ ᠡᠵᠡᠨ ᠤ ᠪᠠᠨ ᠰᠠᠢ᠌ᠨ ᠢ ᠪᠣᠳᠤᠨ ᠭᠤᠮᠤᠳᠠᠯ ᠤᠨ ᠬᠠᠷ᠎ᠠ ᠡᠭᠦᠯᠡ ᠨᠢ ᠠᠭᠤᠴᠢᠯᠠᠯ ᠤᠨ ᠠᠭᠤᠳᠠᠮ ᠣᠭᠳᠠᠷᠭᠤᠢ ᠳᠤ ᠰᠢᠩᠭᠡᠵᠤ ᠪᠢᠯᠠ᠃ ᠡᠰᠭᠡᠭ᠍ᠰᠡᠨ ᠭᠡᠳᠤᠨ ᠡᠳᠦᠷ ᠡᠵᠡᠨ ᠴᠢᠮᠡᠳ ᠭᠤᠸᠡᠢ ᠳᠡᠭᠦᠨ ᠢ ᠬᠤᠯᠠ ᠶᠢᠨ ᠪᠠᠯᠴᠢᠭᠡᠷ ᠲᠤ ᠶᠠᠪᠣᠭᠤᠯᠤᠭ᠎ᠠ ᠦᠭᠡᠶ᠂ ᠭᠤᠤ ᠭᠠᠩ ᠲᠡᠶ ᠭᠠᠵᠠᠷ ᠴᠤ ᠣᠴᠢᠭᠤᠯᠤᠭ᠎ᠠ ᠦᠭᠡᠶ᠂ ᠬᠠᠪᠣᠷ ᠤᠨ ᠨᠢᠯᠬ᠎ᠠ ᠨᠤᠭᠤᠭᠠᠨ ᠵᠥᠯᠭᠡᠨ ᠳᠤ ᠮᠠᠭᠤᠵᠢᠷᠠᠨ ᠭᠡᠪᠳᠡᠭᠦ ᠳᠤ ᠡᠵᠢ ᠶᠢᠨ ᠭᠢᠨᠢ ᠳᠤᠯᠠᠭᠠᠨ ᠠᠮᠢᠰᠬᠤᠯ ᠪᠠᠰᠠᠯᠠ ᠳᠡᠰᠭᠡᠯ ᠦᠭᠡᠶ ᠰᠠᠨᠠᠭᠳᠠᠵᠤ᠂ ᠨᠦᠮᠤᠷᠢᠵᠤ ᠥᠩᠭᠡᠷᠡᠭᠡ ᠦᠭᠡᠶ ᠣᠢ᠌ᠤᠠᠬᠠᠷ ᠤᠨ ᠮᠠᠨᠠᠨ ᠦᠪᠡᠷ ᠢ ᠨᠢ ᠪᠦᠷᠭᠦᠭᠦ ᠳᠤ ᠠᠯᠤᠰ ᠲᠤ ᠬᠠᠷᠠᠭᠳᠠᠬᠤ ᠠᠳᠤᠭᠤᠨ ᠰᠥᠷᠦᠭ᠌ ᠤᠨ ᠳᠤᠮᠳᠠᠭᠢ ᠠᠯᠠᠭ ᠪᠠᠢ᠌ᠳᠠᠰᠤ ᠰᠠᠤᠠᠭᠢᠯ ᠢ ᠨᠢ ᠪᠦᠯᠢᠶᠡᠯᠡᠨ᠂ ᠣᠨᠠᠭᠠᠨ ᠡᠴᠡ ᠪᠠᠨ ᠢᠵᠢᠯᠢᠰᠢᠨ ᠳᠠᠰᠤᠭᠰᠠᠨ ᠳᠡᠭᠦᠨ ᠲᠡᠶ ᠨᠠᠭᠠᠳᠤᠨ ᠳᠤᠭᠯᠠᠵᠤ ᠪᠠᠢ᠌ᠭᠰᠠᠨ ᠵᠢᠷᠭᠠᠯᠳᠤ ᠮᠦᠴᠡ ᠨᠢ ᠡᠷᠬᠡ ᠥᠬᠡᠢ ᠳᠤᠷᠡᠰᠤᠬᠳᠡᠨ᠎ᠡ᠃ ᠰᠤᠭᠣᠢ᠌ᠭᠰᠠᠨ ᠳᠡᠩᠭᠡᠭᠡᠷ ᠪᠠᠶ᠎ᠠ ᠲᠡᠶ᠂ ᠭᠢᠯᠳᠤᠭᠠᠨᠠᠭᠰᠠᠨ ᠰᠠᠢ᠌ᠬᠠᠨ ᠳᠠᠯ ᠲᠡᠶ᠂ ᠣᠷᠠᠨ ᠪᠤᠰᠡᠭᠦᠢ ᠶᠢᠨ ᠬᠠᠤᠠᠬᠤᠮᠠᠯ ᠰᠢᠭ᠌ ᠥ ᠦᠭᠡᠶ ᠰᠠᠢ᠌ᠬᠠᠨ ᠠᠯᠠᠭ ᠪᠠᠶ᠎ᠠ ᠶᠢ ᠨᠢ ᠬᠠᠢ᠌ᠷᠠᠯᠠᠩᠬᠠᠨ ᠬᠠᠷᠠᠬᠤ ᠳᠤ ᠰᠠᠨᠠᠭ᠎ᠠ ᠰᠠᠤᠠᠭᠢᠯ ᠨᠢ ᠣᠪᠣᠭ᠎ᠠ ᠳᠠᠢ᠌ᠪᠣᠰᠢᠷᠠᠵᠤ ᠪᠢᠯᠠ᠃ ᠳᠠᠪᠤᠨ ᠨᠠᠰᠤᠳᠠᠢ ᠵᠢᠯ ᠳ᠋ᠤᠨᠢ ᠰᠤᠶᠤᠭ᠎ᠠ ᠣᠷᠭᠤᠵᠤ ᠪᠠᠶ᠎ᠠ ᠨᠢ ᠳᠠᠷᠴᠢᠯᠠᠨ ᠵᠤᠪᠠᠵᠤ᠂ ᠡᠵᠡᠨ ᠴᠢᠮᠡᠳ ᠭᠤᠸᠡᠢ ᠠᠯᠢ ᠳᠤᠷᠠᠳᠠᠢ ᠡᠪᠠᠰᠤ ᠬᠤᠭᠤᠯᠠ ᠶᠢ ᠨᠢ ᠣᠢ᠌ᠷᠠᠳᠤᠭᠤᠯᠵᠤ ᠪᠠᠢ᠌ᠭᠰᠠᠨ ᠴᠤ ᠨᠢᠭᠡ ᠠᠮᠡ ᠴᠤ ᠡᠮᠬᠦᠵᠤ ᠴᠢᠳᠠᠭ᠎ᠠ ᠥᠬᠡᠢ ᠪᠠᠢ᠌ᠯ᠎ᠠ᠃ ᠡᠭᠦᠳᠡᠨ ᠰᠢᠳᠤ ᠪᠠ ᠠᠷᠠᠭᠠᠨ ᠤ ᠵᠠᠪᠰᠠᠷ ᠪᠣᠢ᠌ᠯᠠ ᠪᠠᠨ ᠴᠤᠭᠤ ᠳᠦᠯᠭᠢᠨ ᠢᠳᠡᠷᠭᠦᠨ ᠭᠠᠷᠴᠤ ᠢᠷᠡᠭ᠍ᠰᠡᠨ ᠰᠤᠶᠤᠭ᠎ᠠ ᠶᠢ ᠡᠵᠡᠨ ᠴᠢᠮᠡᠳ ᠬᠠᠷᠡᠵᠤ᠄ 《ᠰᠤᠶᠤᠭ᠎ᠠ ᠰᠠᠢ᠌ᠨ ᠪᠣᠯ ᠭᠦᠶ‍ᠦᠳᠡᠯ ᠰᠠᠢ᠌ᠨ᠂ ᠰᠢᠳᠤ ᠰᠤᠶᠤᠭ᠎ᠠ ᠳᠡᠩᠴᠡᠭ᠍ᠰᠡᠨ ᠰᠢᠳᠢ ᠲᠡᠶ ᠶᠠᠭᠤᠮ᠎ᠠ ᠪᠣᠯᠵᠤ ᠴᠢᠮᠠᠤᠨ ᠤᠨ ᠨᠠᠷ᠎ᠠ ᠶᠢ ᠮᠠᠠᠳᠤᠭᠤᠯᠵᠤ ᠣᠷᠭᠢᠨ᠎ᠠ ᠳ᠋ᠠ》ᠭᠡᠵᠤ ᠣᠯᠵᠠᠷᠬᠠᠨ ᠪᠤᠳᠤᠨ᠎ᠡ᠃

ᠡᠢ᠌ᠨᠬᠦ᠂ ᠳᠡᠬᠦᠨ ᠢ ᠳᠤᠯᠤᠭᠠᠨ ᠨᠠᠰᠤᠨ ᠳᠤᠨᠢ ᠣᠷᠤᠯᠳᠤᠭᠠᠨ ᠳᠤ ᠳᠠᠯᠪᠢᠬᠤ ᠪᠠᠷ ᠪᠠᠯᠤᠨᠭᠡᠵᠤ᠂ ᠡᠵᠡᠨ ᠴᠢᠮᠡᠳ ᠣᠶᠠᠯᠭ᠎ᠠ ᠰᠣᠢ᠌ᠯᠭ᠎ᠠ ᠳᠡᠩᠴᠡᠭᠦᠯᠵᠤ ᠮᠤᠩᠭᠢᠨᠠᠨ᠎ᠡ᠃ ᠶᠡᠷᠤᠨᠢ ᠣᠶᠠᠯᠭ᠎ᠠ ᠰᠣᠢ᠌ᠯᠭ᠎ᠠ ᠳᠡᠩᠴᠡᠭ᠍ᠰᠡᠨ ᠡᠴᠡ ᠣᠷᠤᠯᠳᠤᠭᠠᠨ ᠤ ᠮᠤᠷᠢᠤᠨ ᠤᠨ ᠳᠤᠮᠳᠠ ᠳᠤᠭᠳᠠᠵᠤ ᠶᠠᠳᠠᠨ ᠭᠠᠵᠠᠷ ᠴᠠᠪᠴᠢᠯᠠᠨ ᠴᠤᠪᠬᠤᠴᠠᠵᠤ ᠂ ᠪᠠᠷᠢᠶᠠᠨ ᠤ ᠭᠠᠵᠠᠷ ᠵᠥᠭ᠌ ᠵᠤᠤᠵᠠᠢ ᠪᠣᠯᠢᠶᠠᠯᠳᠤᠵᠤ ᠪᠠᠢ᠌ᠯ᠎ᠠ᠃ ᠳᠠᠷᠠ ᠵᠢᠯ ᠤᠨ ᠰᠤᠮᠤᠨ ᠨᠠᠢ᠌ᠷ ᠲᠤ ᠣᠯᠠᠨ ᠮᠤᠷᠢᠤᠨ ᠢ ᠳᠤᠭᠤᠰᠤᠨ ᠳᠠᠭᠠᠨ ᠪᠣᠯᠠᠨ ᠳᠠᠰᠤᠷᠠᠨ ᠢᠷᠡᠭ᠍ᠰᠡᠨ ᠡᠴᠡ ᠬᠤᠷᠳᠤᠨ ᠮᠤᠷᠢᠨ ᠤ ᠴᠤᠯᠠ ᠳᠠᠭᠤᠳᠠᠭᠤᠯᠵᠤ᠂ ᠰᠠᠯᠭᠢᠨ ᠰᠢᠭ᠌ ᠱᠤᠤᠭᠢᠨ ᠳᠠᠪᠭᠢᠳᠠᠭ ᠳᠡᠭᠦᠨ ᠢ ᠶᠤᠰᠤᠳᠠᠢ ᠰᠠᠯᠭᠢᠴᠢ ᠰᠠᠷᠠᠯ ᠪᠠᠢ᠌ᠨ᠎ᠠ ᠭᠡᠵᠤ ᠬᠠᠷᠠᠠᠭᠰᠠᠨ ᠪᠣᠯᠭᠠᠨ ᠠᠮᠠ ᠬᠠᠮᠭᠢᠯ ᠦᠭᠡᠶ ᠮᠠᠭᠳᠠᠯᠴᠡᠨ᠎ᠡ᠃ ᠨᠡᠭᠡᠷᠡᠨ《ᠠᠮᠠᠨ ᠤ ᠪᠠᠯᠭᠡ ᠡᠴᠡ ᠠᠰᠢᠳᠠ ᠶᠢᠨ ᠪᠠᠯᠭᠡ》ᠭᠡᠵᠤ ᠡᠨᠡ ᠨᠠᠢ᠌ᠷ ᠤᠨ ᠳᠠᠷᠠᠭ᠎ᠠ ᠰᠠᠯᠭᠢᠴᠢ ᠰᠠᠷᠠᠯ ᠭᠠᠬᠴᠡ ᠳᠡᠬᠦᠨ ᠤ ᠳᠥᠯᠤᠬᠡᠨ ᠤ ᠨᠡᠷ᠎ᠡ ᠪᠤᠯᠪᠡ᠃ ᠳᠠᠷᠠᠭᠠᠴᠢᠯᠡᠨ᠂ ᠰᠡᠯᠬᠢᠴᠢ ᠰᠡᠷᠡᠯ ᠬᠤᠰᠢᠭᠤ ᠠᠢ᠌ᠮᠠᠭ ᠤᠨ ᠨᠠᠢ᠌ᠷ ᠨᠠᠭᠠᠳᠤᠮ ᠳᠤ ᠣᠳᠠᠭ᠎ᠠ ᠳᠠᠷᠠᠭ᠎ᠠ ᠪᠠᠷ ᠳᠡᠷᠢᠭᠦᠯᠡᠵᠤ᠂ ᠴᠢᠮᠠᠤᠨ ᠤᠨ ᠰᠠᠯᠭᠢᠴᠢ ᠰᠠᠷᠠᠯ ᠭᠡᠵᠤ ᠡᠵᠡᠨ ᠮᠤᠷᠢ ᠬᠤᠶᠠᠷ ᠤᠨ ᠠᠯᠳᠠᠷ ᠴᠤᠤ ᠨᠢᠬᠡ ᠥᠶ᠎ᠡ ᠮᠠᠠᠳᠤᠪᠡ᠃

《 ᠰᠠᠠᠰᠠᠷ ᠤᠨ ᠡᠭᠦᠯᠡ ᠪᠠᠷ ᠳᠡᠪᠢᠭ᠍ᠰᠡᠨ

ᠰᠠᠯᠭᠢᠴᠢ ᠰᠠᠷᠠᠯ ᠨᠢ ᠵᠢᠭᠦᠷ ᠲᠡᠶ ᠳ᠋ᠠ ᠬᠦᠢ

ᠰᠠᠢ᠌ᠨ ᠤ ᠢᠷᠦᠭᠡᠯ ᠰᠢᠩᠭᠡᠭ᠍ᠰᠡᠨ

ᠰᠠᠷᠠᠭᠤᠯ ᠬᠤᠯᠠ ᠶᠢᠨ ᠳᠠᠪᠭᠢᠭ᠎ᠠ ᠲᠡᠶ ᠳ᠋ᠠ ᠬᠥᠢ 》 ᠭᠡᠵᠤ ᠣᠷᠳᠤ ᠶᠢᠨ ᠳᠠᠭᠤᠤ ᠠᠶᠠᠯᠠᠭᠤᠯᠬᠤ ᠡᠵᠡᠨ ᠴᠢᠮᠡᠳ ᠤᠨ ᠳᠡᠭᠤᠤ ᠳᠤ ᠰᠠᠯᠭᠢᠴᠢ ᠰᠠᠷᠠᠯ ᠤᠮᠤᠭᠰᠢᠬᠤ ᠶᠢᠨ ᠡᠷᠭᠡ ᠪᠠᠷ ᠨᠠᠩ ᠬᠤᠷᠳᠤᠯᠠᠨ ᠂ ᠡᠭᠡ ᠳᠡᠯᠡᠭᠡᠢ ᠭᠠᠵᠠᠷ ᠣᠰᠤᠨ ᠢ ᠮᠢᠷᠠᠯᠵᠠᠳᠠᠯ᠎ᠠ ᠂ ᠡᠵᠡᠨ ᠤ ᠪᠠᠨ ᠨᠢᠳᠤ ᠶᠢ ᠡᠷᠢᠶᠡᠯᠵᠡᠳᠡᠯ᠎ᠡ ᠳᠠᠪᠭᠢᠨ᠎ᠡ᠃

ᠳᠡᠯᠭᠡᠷᠡᠵᠤ ᠵᠤᠯᠭᠠᠷᠠᠬᠤ ᠣᠯᠠᠷᠢᠯ ᠤᠨ ᠵᠢᠮ᠎ᠠ ᠪᠠᠷ ᠡᠳᠦᠷ ᠬᠤᠨᠤᠭ ᠤᠷᠤᠰᠬᠤ ᠤᠰᠤ ᠮᠡᠳᠤ ᠯᠡ ᠥᠩᠭᠡᠷᠡᠨ ᠤᠳᠨ᠎ᠡ᠃ ᠰᠠᠯᠭᠢᠴᠢ ᠰᠠᠷᠠᠯ ᠢ ᠨᠢᠭᠡ ᠮᠡᠳᠡᠭᠦ ᠳᠤ ᠡᠵᠡᠨ ᠨᠢ ᠨᠢᠭᠡᠡᠳᠡ ᠳᠤᠷᠭᠠᠨ ᠳᠠᠪᠠᠯ ᠠᠭᠰᠤᠨ᠂ ᠭᠦᠭᠡᠷᠤᠨ ᠭᠠᠯᠭᠢᠭᠤᠯᠬᠤ ᠨᠢ ᠴᠥᠭᠡᠷᠡᠵᠤ᠂ ᠥᠷᠭᠦᠯᠵᠢ ᠠᠮᠢᠳᠤᠷᠠᠯ ᠨᠡᠢ᠌ᠭᠡᠮ ᠤᠨ ᠭᠢᠯᠢᠰᠳᠠᠯ ᠭᠤᠮᠤᠳᠠᠯ᠂ ᠨᠤᠭᠤᠷᠠᠯ ᠪᠦᠳᠦᠷᠢᠯ ᠶᠢᠡᠨ ᠳᠡᠭᠦᠨ ᠳᠤ ᠶᠠᠷᠢᠳᠠᠭ ᠯᠠ ᠪᠣᠯᠤᠯ᠎ᠠ᠃ ᠬᠤᠪᠢᠳᠠᠭᠰᠠᠨ ᠪᠠᠯᠴᠢᠭᠡᠷ ᠨᠢ ᠪᠦᠷ ᠪᠣᠳᠠ ᠪᠣᠷᠤᠯᠵᠢ᠂ ᠬᠠᠳᠤᠯᠠᠩ ᠴᠤ ᠭᠡᠮᠡᠷ ᠶᠠᠭᠤᠮ᠎ᠠ ᠣᠯᠳᠠᠳᠠᠭ ᠪᠢᠰᠢ᠂ ᠪᠦᠰᠡᠭᠦᠢ ᠨᠢ ᠵᠢᠯᠵᠢᠨ ᠡᠮ ᠳᠠᠩ ᠣᠤᠭᠤᠵᠤ ᠪᠠᠢ᠌ᠬᠤ ᠴᠤ ᠳᠦᠯᠦᠪᠰᠢᠷᠡᠭᠦ ᠮᠠᠶ‍ᠢᠭ ᠣᠷᠤᠬᠤ ᠦᠭᠡᠶ ᠵᠤᠪᠠᠭᠠᠨ᠎ᠠ᠃ ᠵᠤᠭᠤᠰ ᠶᠢᠡᠨ ᠵᠢᠭᠡᠯᠡᠭᠦᠯᠦᠭ᠍ᠰᠡᠨ ᠠᠬ᠎ᠠ ᠳᠡᠭᠦᠤ ᠨᠢ ᠢᠷᠠᠵᠤ᠂ ᠭᠡᠳᠤᠨ ᠵᠢᠯ ᠳᠤ ᠪᠣᠴᠠᠭᠠᠵᠤ ᠳᠡᠢ᠌ᠯᠦᠭᠡ ᠦᠭᠡᠶ ᠦᠨᠳᠦᠷ ᠭᠦᠤ ᠲᠡᠶ ᠵᠢᠭᠡᠯᠡᠯᠭᠡ ᠵᠢᠨ ᠭᠦᠤ ᠡᠴᠡ ᠭᠦᠤ ᠳᠦᠷᠦᠭᠰᠡᠨ ᠪᠠᠷᠢᠮᠳᠠ ᠭᠢᠯᠭᠡᠵᠤ᠂ ᠭᠠᠷ ᠤᠨ ᠥᠰᠦᠭ᠌ ᠵᠢᠷᠤᠭᠤᠯᠵᠤ ᠠᠪᠣᠭᠠᠤᠨ ᠶᠠᠪᠣᠯ᠎ᠠ ᠭᠡᠭᠦ ᠵᠡᠷᠭᠡ ᠵᠤᠭᠤᠭ ᠳᠤᠭᠤᠯᠳᠡᠨ᠎ᠡ᠃ ᠨᠢᠳᠤᠨ ᠨᠤᠤᠬ᠎ᠡ ᠶᠢ ᠨᠢ ᠠᠷᠢᠯᠭᠠᠨ᠂ ᠵᠤᠨ ᠤ ᠢᠯᠠᠭ᠎ᠠ ᠪᠠᠳᠠᠭᠠᠨ᠎ᠠ ᠳᠤ ᠵᠠᠭᠤᠭᠳᠠᠭᠰᠠᠨ ᠬᠠ ᠭᠤᠶ᠎ᠠ ᠵᠢ ᠨᠢ ᠮᠠᠭᠠᠵᠢᠵᠤ ᠮᠠᠯᠳᠠᠵᠤ᠂ᠡᠪᠦᠯ ᠤᠨ ᠭᠦᠢᠳᠡᠨ ᠳᠤ ᠳᠤᠭᠤᠷᠠᠢ ᠶᠢᠨ ᠭᠢᠨᠢ ᠴᠠᠰᠤ ᠶᠢ ᠠᠷᠢᠯᠭᠠᠵᠤ ᠥᠭ᠍ᠳᠡᠭ᠌ ᠡᠭᠡᠯᠢᠲᠡᠶ ᠡᠵᠡᠨ ᠤ ᠪᠠᠨ ᠠᠮᠢᠳᠤᠷᠠᠯ ᠤᠨ ᠥᠭᠡᠳᠡ ᠦᠭᠡᠶ ᠳᠤ ᠰᠡᠳᠬᠢᠯ ᠵᠢᠡᠨ ᠬᠤᠪᠢᠶᠠᠯᠴᠠᠵᠤ ᠴᠢᠳᠠᠬᠤ ᠦᠭᠡᠶ ᠳᠡᠭᠡᠨ ᠭᠤᠳᠤᠷᠠᠳᠠᠭ ᠰᠠᠯᠭᠢᠴᠢ ᠰᠠᠷᠠᠯ ᠳᠤ ᠪᠠᠰᠠ ᠦᠪᠡᠷ ᠤᠨ ᠭᠢᠨᠢ ᠭᠤᠨᠢᠭ ᠴᠤ ᠳᠤᠳᠠᠬᠤ ᠦᠭᠡᠶ ᠪᠠᠢ᠌ᠯ᠎ᠠ᠃ ᠮᠠᠩᠬ᠎ᠠ ᠣᠯᠠᠰᠢᠷᠠᠵᠤ᠂ ᠪᠠᠯᠴᠢᠭᠡᠷ ᠮᠠᠭᠤᠳᠠᠭᠰᠠᠨ ᠡᠴᠡ ᠭᠡᠳᠡᠰᠤ ᠴᠠᠤᠠᠬᠤ ᠭᠡᠪᠠᠯ ᠭᠦᠯ ᠶᠢᠡᠨ ᠭᠦᠰᠢᠳᠡᠯ᠎ᠡ ᠶᠠᠪᠣᠬᠤ ᠭᠡᠷᠡᠭ᠍ᠳᠡᠢ᠃ ᠡᠯᠡᠰᠤᠨ ᠰᠢᠭᠤᠷᠭ᠎ᠠ ᠳᠤ ᠨᠢᠭᠤᠷ ᠨᠢᠳᠤ ᠦᠭᠡᠶ ᠭᠤᠶᠠᠳᠠᠭᠤᠯᠵᠤ᠂ ᠰᠡᠷᠪᠠᠯᠵᠡᠭ᠍ᠰᠡᠨ ᠭᠠᠩᠭ᠋ᠠᠩ ᠳᠤᠯᠤᠭᠠᠢ ᠪᠠᠨ ᠬᠠᠰᠢᠷᠠᠳᠠᠯ᠎ᠠ ᠴᠤᠭᠢᠭᠤᠯᠵᠤ᠂ ᠬᠤᠪᠠᠬᠠᠢ ᠪᠠᠯᠴᠢᠭᠡᠷ ᠲᠤ ᠬᠠᠮᠠᠷ ᠠᠮᠠ ᠰᠢᠷᠣᠢ᠌ᠳᠠᠨ᠎ᠠ᠃ ᠣᠷᠢᠳᠤ ᠶᠢᠨ ᠠᠭᠤᠳᠠᠮ ᠨᠤᠳᠤᠭ ᠦᠶᠡᠷ ᠣᠰᠤᠨ ᠳᠤ ᠭᠤᠤ ᠭᠠᠩ ᠪᠣᠯᠤᠨ ᠡᠪᠳᠡᠷᠡᠭ᠍ᠰᠡᠨ ᠳᠡᠭᠡᠷ᠎ᠡ ᠭᠦᠮᠦᠰ ᠵᠤᠭᠤᠰ ᠣᠯᠬᠤ ᠭᠡᠵᠤ ᠡᠮ ᠤᠨ ᠦᠨᠳᠦᠰᠦ ᠮᠠᠯᠳᠠᠵᠤ ᠡ᠊ᠡᠳᠡ ᠳᠠᠠᠳᠠ ᠰᠡᠡᠳᠡᠯᠦᠭ᠍ᠰᠡᠨ ᠡᠴᠡ ᠳᠠᠮ ᠳᠤᠭᠤᠯ ᠭᠢᠰᠭᠢᠵᠤ᠂ ᠰᠠᠨᠠᠭ᠎ᠠ ᠠᠮᠤᠷ ᠳᠠᠪᠭᠢᠬᠤ ᠶᠢᠨ ᠵᠤᠷᠢᠭ ᠦᠭᠡᠶ ᠪᠣᠯᠤᠭᠰᠠᠨ᠂ ᠬᠠᠮᠢᠭᠠᠰᠢ ᠭᠠᠷᠤᠭᠰᠠᠨ ᠴᠤ ᠳᠤᠤᠷ ᠪᠣᠯᠠᠭ᠎ᠠ ᠳᠤ ᠬᠠᠰᠢᠭᠳᠠᠵᠤ᠂ ᠳᠤᠭᠤᠷᠢᠭᠤ ᠳᠤᠰᠢᠶ᠎ᠡ ᠵᠠᠮ ᠣᠯᠠᠨ ᠶᠠᠪᠣᠨ᠎ᠠ᠃ ᠣᠯᠢᠶᠠᠰᠤᠳᠠᠢ ᠶᠢᠨ ᠭᠦᠡᠳᠡᠢ ᠶᠢ ᠭᠡᠵᠢᠶ᠎ᠡ ᠶᠤᠮ ᠪᠣᠤ ᠮᠠᠳᠠ᠂ ᠵᠡᠷᠭᠡᠯᠡᠳᠡᠭᠡ ᠬᠤᠰᠢᠭᠤ ᠳᠠᠰᠤᠯᠤᠨ ᠠᠪᠴᠠᠢ᠃ ᠠᠳᠤᠭᠤᠨ ᠰᠥᠷᠦᠭ᠌ ᠴᠤ ᠭᠡᠮᠡᠷ ᠶᠠᠭᠤᠮ᠎ᠠ ᠥᠯᠡᠳᠡᠭᠦ ᠪᠠᠨ ᠪᠣᠯᠢᠵᠤ᠂ ᠭᠦᠮᠦᠰ ᠪᠦᠷ ᠠᠳᠤᠭᠤ ᠪᠠᠨ ᠴᠥᠭᠡᠤᠨᠭᠡᠨ ᠬᠤᠳᠠᠯᠳᠤᠬᠤ ᠣᠷᠤᠰᠬᠠᠯ ᠳᠤ ᠬᠠᠮᠤᠷᠤᠭᠳᠠᠵᠤ᠂ ᠮᠤᠷᠢ ᠣᠨᠤᠬᠤ ᠭᠦᠮᠤᠨ ᠴᠥᠭᠡᠷᠡᠵᠤ᠂ ᠳᠡᠩᠭᠡᠢ᠌ᠭ᠍ᠰᠡᠨ ᠰᠠᠢ᠌ᠬᠠᠨ ᠮᠤᠷᠢ ᠪᠠᠷ ᠶᠢᠡᠨ ᠡᠪᠳᠡᠷᠭᠡᠢ ᠮᠠᠭᠤ ᠮᠤᠲ᠋ᠤᠷ ᠰᠤᠯᠢᠵᠤ᠂ ᠭᠡᠳᠤᠨ ᠡᠳᠦᠷ ᠫᠠᠷᠴᠢᠭᠢᠨᠠᠭᠤᠯᠤᠨ ᠬᠠᠶᠠᠭᠳᠠᠮᠠᠯ ᠳᠠᠮᠤᠷ ᠪᠣᠯᠭᠠᠨ ᠣᠷᠭᠢᠭᠰᠠᠳ ᠮᠤᠡᠭ ᠥᠬᠡᠢ᠃ ᠠᠢ᠌ᠯ ᠬᠤᠳᠠᠨ ᠳᠤ ᠮᠤᠷᠢᠨ ᠤ ᠬᠤᠯᠠᠭᠠᠢ᠌ᠴᠢ ᠡᠳᠦᠷ ᠦᠠᠵᠢᠯ ᠦᠭᠡᠶ 《ᠮᠤᠷᠢᠯᠠᠨ ᠰᠠᠭᠠᠳᠠᠬᠤ》 ᠪᠣᠯᠤᠭᠰᠠᠨ ᠡᠴᠡ ᠨᠢᠭᠡ ᠪᠦᠯᠦᠭ᠌ ᠮᠠᠯᠴᠢᠤᠨ ᠢᠩᠭᠢᠵᠤ ᠨᠢᠭᠤᠷ ᠨᠢᠳᠤ ᠦᠭᠡᠶ ᠭᠦᠳᠦᠯᠦᠭᠦᠯᠭᠦ ᠶᠢᠨ ᠣᠷᠤᠨ ᠳᠤ ᠬᠤᠳᠠᠯᠳᠤᠵᠤ ᠨᠢᠭᠡ ᠭᠡᠳᠤᠨ ᠵᠤᠭᠤᠰ ᠣᠯᠬᠤ ᠶᠢ ᠭᠦᠷᠭᠦ ᠦᠭᠡᠶ ᠭᠡᠳᠡᠭ᠌ ᠪᠣᠯᠵᠠᠢ᠃ ᠢᠩᠭᠢᠵᠤ᠂ ᠳᠡᠩᠬᠡᠬᠡ ᠰᠥᠢᠬᠰᠡᠨ ᠠᠳᠤᠭᠤᠳ ᠡᠷᠭᠢ ᠰᠢᠬᠠᠨ ᠵᠤᠭᠰᠤᠭᠰᠠᠨ ᠮᠠᠰᠢᠨ  ᠳᠤ ᠳᠡᠬᠡᠬᠡᠭ᠍ᠳᠡᠨ᠂ ᠬᠦᠮᠤᠨ ᠤ ᠭᠠᠵᠡᠷ ᠬᠦᠨᠳᠡᠯᠡᠨ ᠨᠤᠳᠤᠬ ᠳᠦ ᠬᠦᠷᠴᠤ ᠭᠦᠵᠦᠭᠦᠤ ᠮᠢᠬ᠎ᠠ ᠪᠠᠨ ᠡᠷᠭᠦᠬᠦ ᠵᠡᠶᠡᠭᠠᠨ ᠳᠤ ᠬᠦᠷᠪᠡ᠃

᠁ ᠰᠠᠯᠭᠢᠴᠢ ᠰᠠᠷᠠᠯ ᠨᠠᠷ᠎ᠠ ᠲᠦᠷᠦ ᠲᠡᠶ ᠠᠳᠤᠭᠤ ᠳᠤᠯᠡ ᠪᠤᠰᠤᠳ ᠤᠨ ᠰᠢᠬ ᠬᠦᠵᠤᠬᠦᠤ ᠮᠢᠬ᠎ᠡ ᠪᠡᠨ ᠡᠷᠬᠦᠬᠦ ᠬᠤᠪᠢ ᠵᠠᠶᠠᠭᠠᠨ ᠡᠴᠡ ᠮᠤᠯᠳᠤᠷᠡᠬᠰᠡᠨ ᠪᠤᠯᠪᠡᠴᠤ᠂ ᠶᠡᠷᠤᠨᠢ ᠠᠮᠤᠷ ᠳᠠᠢ᠌ᠪᠣᠩ ᠪᠠᠢ᠌ᠵᠤ ᠴᠢᠳᠠᠭ᠎ᠠ ᠦᠭᠡᠶ᠃ ᠨᠢᠭᠡ ᠡᠳᠦᠷ ᠥᠯᠦᠰᠭᠦᠯᠡᠩ ᠤᠨ ᠡᠷᠭᠡᠨ ᠳᠤ ᠬᠠᠪᠣᠷ ᠤᠨ ᠢᠰᠢᠭᠡ ᠬᠤᠷᠠᠭ᠎ᠠ ᠯᠠ ᠴᠢᠮᠭᠢᠵᠤ ᠳᠡᠢ᠌ᠯᠭᠦ ᠪᠠᠯᠴᠢᠭᠡᠷ ᠭᠦᠭᠡᠭᠡᠵᠤ ᠶᠠᠪᠣᠭᠰᠠᠭᠠᠷ ᠮᠠᠳᠠᠯ ᠦᠭᠡᠶ ᠪᠣᠰᠤᠳ ᠤᠨ ᠳᠤᠤᠷᠯᠠᠭᠰᠠᠨ ᠳᠠᠷᠢᠶᠠᠨ ᠳᠤ ᠣᠷᠤᠵᠤ ᠳᠠᠪᠠᠭᠤ ᠴᠤ ᠭᠡᠳᠡᠰᠤ ᠭᠠᠷᠤᠭᠰᠠᠨ ᠴᠤ ᠭᠢᠯᠢᠩ ᠳᠡᠭᠡᠨ ᠰᠢᠳᠠᠭᠰᠠᠨ ᠵᠡᠷᠭᠡᠯᠡᠳᠡᠭᠡ ᠠᠢ᠌ᠯ ᠤᠨ ᠶᠢᠡᠨ ᠱᠤᠷᠤᠳᠤ ᠵᠡᠪᠰᠡᠭ᠌ ᠳᠤᠨᠢ ᠥᠷᠦᠭᠡᠰᠤᠨ ᠭᠤᠶ᠎ᠠ ᠪᠠᠨ ᠴᠤᠭᠤ ᠴᠢᠴᠢᠭᠦᠯᠵᠤ᠂ ᠳᠤᠳᠠᠭᠠᠨ ᠭᠠᠷᠬᠤ  ᠳᠡᠭᠠᠨ ᠳᠠᠮᠤᠷ ᠳᠤᠤᠷ ᠲᠤ ᠠᠷᠠᠰᠤ ᠮᠢᠬ᠎ᠠ ᠪᠠᠨ ᠱᠤᠷᠤᠯᠠᠭᠤᠯᠤᠨ᠂ ᠰᠠᠯᠭᠢᠨ ᠭᠦᠯᠦᠭᠯᠡᠮ᠎ᠡ ᠳᠠᠪᠭᠢᠭᠤᠯᠵᠤ ᠪᠠᠢ᠌ᠭᠰᠠᠨ ᠭᠦᠯ ᠨᠢ ᠰᠢᠷᠬᠠᠨ ᠳᠠᠭᠠᠨ ᠬᠡᠮ ᠳᠤᠭᠳᠠᠵᠤ᠂ ᠣᠷᠤᠯᠳᠤᠭᠠᠨ ᠤ ᠳᠠᠯᠠᠪᠠᠢ ᠳᠤ ᠥᠵᠡᠭ᠍ᠰᠡᠨ ᠪᠦᠭᠦᠨ ᠤ ᠬᠠᠢ᠌ᠷ᠎ᠠ ᠪᠡᠬ᠎ᠡ ᠶᠢ ᠳᠡᠳᠡᠵᠤ᠂ ᠬᠠᠷᠢ ᠬᠤᠰᠢᠭᠤ ᠭᠦᠡᠳᠡᠯᠡᠨ ᠠᠢ᠌ᠮᠠᠭ ᠳᠦ ᠠᠯᠳᠠᠷ ᠨᠠᠷ᠎ᠠ ᠪᠠᠨ ᠮᠠᠠᠳᠤᠭᠤᠯᠤᠨ ᠶᠡᠪᠤᠬᠰᠡᠨ ᠨᠢᠭᠡᠨ ᠦᠶ᠎ᠡ ᠶᠢᠨ ᠨᠤᠳᠤᠭ ᠤᠨ ᠭᠡᠢ᠌ᠮᠦᠷᠢ ᠪᠣᠯᠤᠭᠰᠠᠨ ᠰᠠᠯᠭᠢᠴᠢ ᠰᠠᠷᠠᠯ ᠤᠳᠤᠬᠠᠨ ᠳᠤ ᠢᠩᠭᠢᠵᠤ ᠯᠠ ᠮᠤᠩᠭ᠋ᠤᠯ ᠭᠦᠮᠤᠨ ᠤ ᠳᠤᠷ᠎ᠠ ᠭᠦᠰᠡᠯ᠂ ᠰᠦᠷ ᠰᠦᠯᠳᠡ ᠪᠣᠯᠤᠭᠰᠠᠨ ᠮᠤᠷᠢᠨ ᠣᠷᠤᠯᠳᠤᠭᠠᠨ ᠤ ᠳᠡᠪᠴᠡᠡᠭ ᠡᠴᠡ ᠤᠬᠤᠷᠢᠨ ᠭᠠᠷᠬᠤ ᠳᠡᠪᠢᠯᠡᠡᠭ ᠳᠤ ᠤᠨᠡᠯ᠎ᠡ ᠁

ᠵᠤᠬᠢᠶᠠᠭᠴᠢ᠄ ᠴ · ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6162
ᠴᠠᠭ᠄ 2009 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ