ᠨᠡᠪᠲᠡᠷᠡᠨ ᠤᠷᠤᠬᠤ
ᠨᠤᠳᠤᠭ ᠤᠨ ᠦᠵᠡᠮᠵᠢ ᠭᠡᠮᠡᠭᠦ ᠳᠦᠷᠪᠡᠨ ᠣᠯᠠᠷᠢᠯ ᠤᠨ ᠰᠢᠯᠦᠭ᠌

ᠬᠠᠪᠣᠷ

ᠬᠤᠳᠠ ᠳᠦᠭᠦᠷᠡᠩ ᠳᠦᠯ ᠤᠨ ᠳᠠᠭᠤᠨ ᠴᠤᠤᠷᠢᠶᠠᠳᠤᠨ᠎ᠠ

ᠬᠠᠰᠢᠶᠠᠨ ᠡᠩᠭᠡᠷ ᠤᠨ ᠨᠢᠯᠬ᠎ᠠ ᠨᠤᠭᠤᠭ᠎ᠠ ᠰᠤᠶᠤᠭᠠᠯᠠᠨ᠎ᠠ

ᠬᠠᠮᠠᠷ ᠤᠨ ᠭᠦᠡᠳᠡᠢ ᠶᠢᠨ ᠭᠡᠭᠡᠷ᠎ᠡ ᠶᠢᠨ ᠭᠦᠢᠯᠡᠰᠤ ᠳᠡᠯᠭᠡᠷᠡᠨ᠎ᠡ

ᠬᠤᠯᠠ ᠶᠢᠨ ᠠᠭᠤᠯᠠᠨ ᠳᠤ ᠰᠢᠩᠭᠡᠨ ᠣᠨᠢᠶᠠᠷ ᠴᠡᠩᠭᠡᠷᠳᠦᠨ᠎ᠡ

ᠵᠤᠨ

ᠵᠢᠩ ᠦᠳᠡ ᠶᠢᠨ ᠨᠠᠷᠠᠨ ᠳᠤ ᠳᠡᠯᠡᠭᠡᠢ ᠵᠡᠭᠦᠷᠮᠡᠭᠯᠡᠨ᠎ᠡ

ᠳᠠᠷᠠ ᠬᠤᠯᠠ ᠶᠢᠨ ᠳᠠᠯ᠎ᠠ ᠳᠤ ᠵᠡᠷᠭᠡᠯᠭᠡᠨ ᠨᠠᠮᠢᠷᠠᠨ᠎ᠠ

ᠰᠡᠭᠦᠳᠡᠷ ᠳᠤ ᠭᠡᠪᠳᠡᠭ᠍ᠰᠡᠨ ᠨᠤᠬᠠᠢ ᠭᠡᠯᠡ ᠪᠠᠨ ᠭᠠᠷᠭᠠᠨ ᠠᠭᠠᠭᠢᠯᠠᠨ᠎ᠠ

ᠰᠡᠭᠦᠯ ᠭᠤᠳᠤᠯᠵᠠᠭᠤᠯᠤᠨ ᠪᠢᠷᠠᠭᠤ ᠳᠤᠭᠤᠯ ᠭᠡᠳᠡᠭᠡᠨᠡᠳᠦᠨ᠎ᠡ

ᠨᠠᠮᠤᠷ

ᠣᠷᠢᠳᠤ ᠠᠷᠤ ᠶᠢᠨ ᠬᠤᠰᠤ ᠣᠯᠠᠭᠠᠨ ᠳᠡᠷᠯᠢᠭ᠌ ᠱᠤᠤᠵᠤ

ᠣᠰᠤᠨ ᠤ ᠣᠯᠠᠨ ᠰᠢᠪᠠᠭᠤ ᠦᠷ ᠰᠦᠨᠢ ᠪᠠᠷ ᠨᠡᠭᠦᠨ᠎ᠡ

ᠰᠢᠷᠠᠯᠠᠭᠰᠠᠨ ᠡᠪᠠᠰᠤᠨ ᠳᠤᠯᠤᠭᠠᠢ ᠳᠤ ᠭᠢᠷᠠᠭᠤ ᠣᠨᠠᠨ ᠴᠠᠢ᠌ᠷᠠᠵᠤ

ᠰᠢᠮ᠎ᠠ ᠲᠡᠶ ᠨᠠᠮᠤᠷ ᠤᠨ ᠨᠡᠭᠦᠳᠡᠯ ᠣᠪᠤᠨ ᠴᠤᠪᠤᠨ ᠨᠡᠭᠦᠨ᠎ᠡ

ᠡᠪᠦᠯ

ᠠᠭᠤᠳᠠᠮ ᠳᠡᠯᠡᠭᠡᠢ ᠡᠪᠦᠯ ᠪᠣᠯᠤᠭᠠᠤᠨ ᠲᠤᠩ ᠴᠠᠭᠠᠨ

ᠠᠩ ᠡᠴᠡ ᠪᠣᠴᠠᠭᠰᠠᠨ ᠡᠪᠦᠭᠡ ᠶᠢᠨ ᠰᠠᠬᠠᠯ ᠴᠠᠪ ᠴᠠᠭᠠᠨ

ᠠᠷᠭᠠᠯ ᠤᠨ ᠴᠤᠭ ᠣᠯᠠᠢ᠌ᠭᠠᠤᠨ ᠢᠰᠡᠭᠡᠢ ᠭᠡᠷ ᠳᠤᠪ ᠳᠤᠯᠠᠭᠠᠨ

ᠠᠢ᠌ᠯ ᠤᠨ ᠣᠯᠤᠰ ᠤᠨ ᠥᠯᠢᠭᠡᠷ ᠴᠢᠩᠨᠠᠨ ᠭᠦᠤ ᠶᠢᠨ ᠰᠡᠳᠭᠢᠯ ᠪᠠᠪ ᠪᠠᠶᠠᠨ


ᠬᠠᠮᠠᠷ ᠤᠨ ᠭᠦᠡᠳᠡᠢ ᠊᠊᠊᠊᠊᠊᠊᠊᠊᠊᠊᠊᠊᠊᠊ ᠭᠠᠵᠠᠷ ᠤᠨ ᠨᠠᠷ᠎ᠠ


ᠬᠠᠶ‍ᠢᠭ᠄ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2659
ᠴᠠᠭ᠄ 2009 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ