ᠨᠡᠪᠲᠡᠷᠡᠨ ᠤᠷᠤᠬᠤ
ᠴᠢᠮ᠎ᠠ ᠪᠠᠨ ᠭᠦᠯᠢᠶᠡᠯ᠎ᠡ ᠳ᠋ᠠ

ᠴᠠᠭ ᠤᠨ ᠵᠡᠭᠦᠤ ᠶᠢᠨ ᠴᠤᠭᠢᠯᠭ᠎ᠠ ᠳᠠᠭᠠᠵᠤ

ᠴᠢᠮ᠎ᠠ ᠪᠠᠨ ᠪᠢ ᠭᠦᠯᠢᠶᠡᠯ᠎ᠡ

ᠴᠠᠭ ᠮᠦᠴᠡ ᠶᠢᠨ ᠰᠸᠺᠦ᠋ᠠᠳ᠋ ᠳᠠᠮᠵᠢᠵᠤ

ᠴᠢᠮ᠎ᠠ ᠪᠠᠨ ᠪᠢ ᠴᠢᠨᠢ ᠭᠦᠯᠢᠶᠡᠯ᠎ᠡ

ᠰᠠᠠᠴᠢᠭ ᠢ ᠥᠨᠦᠰᠦᠭ᠍ᠰᠡᠨ ᠰᠠᠯᠭᠢᠨ ᠳᠤ

ᠰᠢᠯᠦᠭ᠌ ᠭᠢᠩᠰᠢᠵᠤ ᠭᠦᠯᠢᠶᠡᠯ᠎ᠡ

ᠰᠠᠨᠠᠭ᠎ᠠ ᠪᠠᠷ ᠭᠠᠩᠬᠤᠭᠰᠠᠨ ᠴᠡᠴᠡᠭ᠌ ᠲᠤ

ᠨᠢᠯᠪᠣᠰᠤ ᠬᠠᠷᠠᠮᠨᠠᠵᠤ ᠭᠦᠯᠢᠶᠡᠯ᠎ᠡ

ᠴᠠᠭᠠᠳᠤ ᠭᠦᠳᠦᠯ ᠤᠨ ᠣᠷᠤᠢ ᠳᠤ

ᠴᠠᠰᠤ ᠯᠠᠪᠰᠠᠭᠤᠯᠵᠤ ᠭᠦᠯᠢᠶᠡᠯ᠎ᠡ

ᠴᠠᠭ ᠦᠶ᠎ᠡ ᠶᠢᠨ ᠥᠡᠳᠦᠷᠯᠢᠭ᠌ ᠲᠤ

ᠡᠭᠦᠯᠡ ᠬᠣᠢ᠌ᠯᠠᠷᠠᠭᠤᠯᠵᠤ ᠭᠦᠯᠢᠶᠡᠯ᠎ᠡ

ᠢᠳᠡᠭᠡᠯ ᠠᠯᠳᠠᠭᠰᠠᠨ ᠭᠢᠲ᠋ᠠᠷ ᠲᠠᠭᠠᠨ

ᠢᠨᠢᠶᠠᠳᠤ ᠳᠤᠪᠴᠢᠳᠠᠵᠤ ᠭᠦᠯᠢᠶᠡᠯ᠎ᠡ

ᠢᠴᠢᠮᠠᠷ ᠴᠠᠭᠠᠪᠣᠷ ᠰᠡᠳᠭᠢᠯ ᠳᠡᠭᠡᠨ

ᠢᠳᠠ ᠭᠦᠰᠡᠵᠤ ᠭᠦᠯᠢᠶᠡᠯ᠎ᠡ

ᠭᠦᠷᠡᠩ ᠣᠯᠠᠭᠠᠨ ᠭᠦᠵᠦᠭᠦᠪᠴᠢ ᠶᠢᠨ

ᠭᠦᠷᠦᠰᠤᠨ ᠳᠤ ᠢᠯᠪᠢᠭᠦᠯᠵᠤ ᠭᠦᠯᠢᠶᠡᠯ᠎ᠡ

ᠭᠦᠭᠡᠷᠦᠭᠦᠢ ᠳᠡᠭ᠍ᠵᠢᠨ ᠠᠭᠠᠯᠢ ᠶᠢ ᠴᠢᠨᠢ

ᠭᠦᠮᠤᠨ ᠠᠠᠳᠤᠭᠤᠷᠠᠵᠤ ᠭᠦᠯᠢᠶᠡᠯ᠎ᠡ

ᠭᠦᠯᠢᠶᠡᠯ᠎ᠡ ᠴᠢᠮ᠎ᠠ ᠪᠠᠨ ᠪᠢ ︕

ᠭᠦᠳᠡᠭᠡ ᠶᠢᠨ ᠰᠢᠷᠭᠠᠯ ᠳᠤᠭᠤᠰᠤᠨ ᠡᠴᠡ

ᠭᠦᠯᠦᠭ᠌ ᠳᠠᠪᠭᠢᠭᠤᠯᠵᠤ ᠭᠦᠯᠢᠶᠡᠯ᠎ᠡ

ᠭᠦᠮᠤᠨ ᠡᠴᠡ ᠨᠢᠭᠤᠭᠰᠠᠨ ᠭᠠᠵᠠᠷ ᠲᠤ ᠪᠠᠨ

ᠭᠦᠭᠡᠷᠦᠭᠦᠢ ᠨᠢᠯᠪᠣᠰᠤ ᠲᠡᠶ ᠭᠦᠯᠢᠶᠡᠯ᠎ᠡ

ᠭᠦᠯᠢᠶᠡᠯ᠎ᠡ ᠴᠢᠮ᠎ᠠ ᠪᠠᠨ ᠪᠢ ︕

ᠬᠦᠬᠡᠬᠤᠲᠠ ᠶᠢᠨ ᠵᠡᠭᠡᠯᠢ ᠪᠠᠷ

ᠭᠦᠯᠳᠡᠭᠦᠤ ᠭᠦᠢᠳᠡᠨ ᠭᠦᠯᠢᠶᠡᠯ᠎ᠡ

ᠭᠦᠳᠡᠭᠡ ᠬᠤᠳᠠ ᠶᠢᠨ ᠵᠠᠢ ᠪᠠᠷ

ᠭᠦᠯ ᠭᠣᠢ᠌ᠭᠤᠷᠠᠵᠤ ᠭᠦᠯᠢᠶᠡᠯ᠎ᠡ

ᠭᠦᠮᠤᠨ ᠤ ᠪᠦᠰᠡᠭᠦᠢ ᠪᠣᠯᠤᠯ᠎ᠠ ᠭᠡᠳ

ᠭᠦᠡᠳᠤ ᠭᠤᠮᠤᠳᠠᠯ ᠲᠡᠶ ᠭᠦᠯᠢᠶᠡᠯ᠎ᠡ

ᠬᠡᠦᠬᠡᠳ ᠤᠨ ᠡᠭᠡ ᠰᠠᠭᠤᠯ᠎ᠠ ᠭᠡᠳ

ᠭᠡᠵᠢᠶ᠎ᠡ ᠡᠭᠦᠷᠢᠳᠡ ᠭᠦᠯᠢᠶᠡᠯ᠎ᠡ

ᠭᠦᠯᠢᠶᠡᠯ᠎ᠡ ᠴᠢᠮ᠎ᠠ ᠪᠠᠨ ᠪᠢ ︕ ᠭᠦᠯᠢᠶᠡᠯ᠎ᠡ ᠴᠢᠮ᠎ᠠ ᠪᠠᠨ ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2009 ᠤᠨ ᠤ 12 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ