ᠨᠡᠪᠲᠡᠷᠡᠨ ᠤᠷᠤᠬᠤ
ᠬᠠᠷ᠎ᠠ ᠨᠢᠳᠦᠨ ᠪᠦᠰᠡᠭᠦᠢ
(ᠭᠠᠳᠠᠨ᠎ᠠ ᠨᠢᠭᠡ)

ᠡᠭᠦᠳᠤᠨ ᠤ ᠮᠢᠨᠢ ᠭᠠᠳᠠᠨ᠎ᠠ ᠡᠷᠭᠢᠴᠡᠴᠤ ᠡᠷᠭᠢᠴᠡᠭᠡᠤᠨ

ᠥᠷᠦᠭᠡ ᠳᠤ ᠮᠢᠨᠢ ᠣᠷᠤᠭᠰᠠᠨ ᠦᠭᠡᠶ ᠡᠷᠭᠢᠵᠤ ᠪᠣᠴᠠᠭᠰᠠᠨ

ᠬᠠᠷ᠎ᠠ ᠨᠢᠳᠤᠨ ᠭᠦᠭᠡᠷᠦᠭᠦᠨ ᠪᠦᠰᠡᠭᠦᠢ

ᠬᠠᠮᠢᠭ᠎ᠠ ᠡᠴᠡ ᠢᠷᠡᠭ᠍ᠰᠡᠨ ᠳᠠᠭᠢᠨᠢ ᠶᠤᠮ ᠪᠣᠢ


ᠬᠤᠯᠠ ᠶᠢᠨ ᠬᠤᠯᠠ ᠡᠴᠡ ᠳᠠᠪᠳᠠᠷᠢᠵᠤ ᠢᠷᠡᠭ᠍ᠰᠡᠨ

ᠬᠤᠨᠤᠭ ᠤᠨ ᠰᠢᠪᠠᠤᠬᠠᠢ ᠳᠠ ᠪᠠᠢ᠌ᠪᠠᠤ

ᠬᠤᠷᠭᠤᠳᠠᠵᠤ ᠳᠠᠰᠤᠭᠰᠠᠨ ᠨᠥᠭᠦᠭᠡ ᠰᠢᠪᠠᠭᠤ ᠶᠢᠨ

ᠬᠠᠯᠠᠭᠤᠨ ᠡᠭᠦᠷ ᠢ ᠪᠣᠯᠢᠶᠠᠬᠤ ᠭᠡᠪᠠᠤ


ᠰᠠᠷᠠ᠂ ᠨᠠᠷᠠ ᠡᠭᠦᠷᠢᠳᠡ ᠵᠤᠯᠭᠠᠳᠠᠭ ᠦᠭᠡᠶ

ᠰᠠᠨᠠᠭ᠎ᠠ᠂ ᠵᠠᠶᠠᠭ᠎ᠠ ᠭᠡᠵᠢᠶᠡᠳᠡ ᠨᠡᠢ᠌ᠯᠡᠳᠡᠭ᠌ ᠦᠭᠡᠶ

ᠰᠠᠯᠵᠤ᠂ ᠣᠴᠠᠷᠠᠬᠤ ᠬᠠᠢ᠌ᠷ᠎ᠠ ᠶᠢᠨ ᠬᠤᠷᠸ᠎ᠠ ᠳᠤ

ᠰᠠᠢ᠌ᠬᠠᠨ ᠬᠠᠷ᠎ᠠ ᠨᠢᠳᠤ ᠴᠢᠨᠢ ᠯᠠ ᠳᠤᠷᠮᠣᠢ᠌ᠨ᠎ᠠ


ᠠᠷᠠᠤᠨ ᠤᠨ ᠳᠠᠭᠤᠨ ᠤ ᠵᠢᠠᠰᠢᠶᠠᠩ ᠭᠤᠯᠤᠤ

ᠠᠯᠪᠠᠨ ᠴᠡᠷᠢᠭ᠌ ᠤᠨ ᠳᠠᠨᠠᠪᠠᠯ ᠭᠡᠭᠡ

ᠳᠤᠷᠠᠯᠠᠯ ᠳᠠᠭᠠᠨ ᠳᠠᠳᠠ ᠰᠢᠳᠠᠵᠤ ᠪᠠᠢ᠌ᠭᠰᠠᠨ ᠴᠤ

ᠳᠤᠷᠭᠤᠨ ᠵᠠᠶᠠᠭᠠᠨ ᠳᠠᠭᠠᠨ ᠰᠢᠷᠬᠠᠯᠠᠵᠤ ᠶᠠᠪᠣᠭᠰᠠᠨ ᠶᠤᠮ


ᠵᠠᠭᠤᠷᠮᠠᠭ ᠬᠠᠢ᠌ᠷ᠎ᠠ ᠶᠢᠨ ᠣᠯᠠᠨ ᠥᠯᠢᠭᠡᠷ

ᠵᠡᠭᠦᠳᠤᠨ ᠳᠤ ᠨᠠᠮᠠᠶ᠋ᠢ ᠬᠠᠷ᠎ᠠ ᠳᠠᠷᠤᠭᠤᠯᠤᠨ᠎ᠠ

ᠵᠤᠵᠠᠭᠠᠨ ᠨᠠᠢ᠌ᠷ ᠤᠨ ᠭᠠᠭᠴᠠᠬᠠᠨ ᠭᠤᠭᠴᠠᠭ᠎ᠠ

ᠵᠢᠷᠦᠭᠡ ᠶᠢ ᠮᠢᠨᠢ ᠳᠠᠩᠳᠠ ᠣᠭᠤᠰᠤᠷᠯᠠᠵᠤ ᠴᠢᠩᠭ᠋ᠠᠭᠠᠨ᠎ᠠ


ᠰᠡᠪᠠᠯᠭᠡ ᠶᠢ ᠴᠢᠨᠢ ᠦᠨᠦᠰᠴᠤ ᠵᠤᠭᠰᠤᠬᠤ ᠳᠤ ᠪᠣᠯᠤᠨ᠎ᠠ

ᠰᠠᠤᠠᠭᠢᠯ ᠢ ᠴᠢᠨᠢ ᠠᠷᠭᠠᠳᠠᠵᠤ ᠵᠤᠭᠤᠭᠳᠠᠬᠤ ᠳᠤ ᠪᠣᠯᠤᠨ᠎ᠠ

ᠰᠠᠪᠳᠤᠵᠤ ᠥᠵᠡᠭᠡ ᠦᠭᠡᠶ ᠬᠠᠢ᠌ᠷ᠎ᠠ ᠶᠢᠨ ᠭᠦᠪ ᠲᠡᠭᠡᠨ

ᠴᠢᠯᠠᠭᠤ ᠰᠢᠳᠠᠬᠤ ᠯᠠ ᠠᠯᠠᠮᠠᠷ ᠶᠤᠮ ᠰᠢᠤ


ᠬᠠᠭᠠᠨ ᠤ ᠣᠷᠳᠤ ᠰᠢᠭ ᠳᠤᠯᠠᠭᠠᠬᠠᠨ ᠥᠷᠭᠦᠭᠡ

ᠬᠠᠨᠢ ᠲᠡᠶ᠂ ᠦᠷ᠎ᠡ ᠲᠡᠶ ᠮᠢᠨᠤ ᠪᠦᠯᠢ ᠳᠤ

ᠬᠠᠷ᠎ᠠ ᠨᠢᠳᠤᠨ ᠴᠢ ᠳᠤᠳᠠᠵᠤ ᠪᠠᠢ᠌ᠭᠰᠠᠨ ᠴᠤ

ᠬᠠᠷᠢᠨ ᠪᠢ ᠮᠡᠳᠡᠭᠦ ᠦᠭᠡᠶ ᠯᠠ ᠶᠠᠪᠣᠵᠠᠢ ᠳ᠋ᠠ


ᠢᠨᠠᠭ ᠤᠨ ᠨᠢᠭᠤᠴᠠ ᠶᠢ ᠡᠩᠭᠡᠷ ᠲᠡᠭᠡᠨ ᠪᠦᠭᠡᠴᠡᠢ᠌ᠯᠡᠵᠤ

ᠠᠢ᠌ᠯ ᠤᠨ ᠡᠭᠦᠳᠡᠨ ᠡᠴᠡ ᠰᠠᠯᠭᠢᠯᠠᠵᠤ ᠢᠷᠡᠭ᠍ᠰᠡᠨ

ᠠᠯᠢᠶᠠᠬᠠᠨ ᠬᠤᠩᠭ᠋ᠤᠷ ᠪᠦᠰᠡᠭᠦᠢ ᠳᠠ

ᠠᠮᠢᠳᠤᠷᠠᠯ ᠤᠨ ᠪᠠᠰᠠ ᠨᠢᠭᠡ ᠴᠢᠪᠬᠠᠳᠠᠰᠤ ᠪᠠᠢ᠌ᠵᠠᠢ ᠡ ᠁


ᠪᠣᠳᠤᠯ ᠳᠤ ᠠᠮᠢᠯᠠᠭᠰᠠᠨ ᠪᠣᠭᠳᠠ ᠴᠢᠩᠭᠢᠰ


ᠪᠣᠷᠬᠠᠨ ᠭᠠᠯᠳᠤᠨ ᠠᠭᠤᠯᠠ ᠰᠦᠮᠠᠰ ᠰᠦᠮᠠᠰ ᠬᠠᠷᠠᠭᠳᠠᠬᠤ ᠰᠢᠭ

ᠪᠣᠷᠵᠢᠭᠢᠨ ᠣᠪᠣᠭ ᠤᠨ ᠳᠠᠮᠤᠵᠢᠨ ᠰᠥᠪᠠᠭᠡ ᠳᠤᠯᠤᠨ ᠵᠤᠭᠰᠤᠬᠤ ᠰᠢᠭ

ᠪᠣᠳᠠᠷᠠᠭᠰᠠᠨ ᠣᠯᠠᠨ ᠮᠤᠩᠭ᠋ᠤᠯᠴᠤᠳ ᠶᠢᠡᠨ ᠭᠠᠷ ᠵᠠᠩᠭ᠋ᠠᠨ ᠳᠠᠯᠠᠯᠤᠬᠤ ᠰᠢᠭ

ᠪᠣᠭᠢᠷᠳᠤᠭᠰᠠᠨ ᠶᠡᠭᠡ ᠭᠡᠭᠡᠷ᠎ᠡ ᠳᠠᠯ᠎ᠠ ᠪᠠᠨ ᠭᠦᠮᠦᠰᠭᠡ ᠵᠠᠩᠭᠢᠳᠤᠨ ᠰᠢᠷᠳᠡᠭᠦ ᠰᠢᠭ᠌


ᠣᠬᠠᠭᠠᠨ ᠪᠣᠳᠤᠯ ᠳᠤ ᠠᠮᠢᠯᠠᠭᠰᠠᠨ ᠠᠭᠤᠤ ᠴᠢᠩᠭᠢᠰ ᠤᠨ ᠳᠦᠷᠢ ᠡᠴᠡ

ᠡᠮᠳᠡᠭᠡᠷ ᠦᠭᠡᠶ ᠬᠤᠪᠢᠯᠭᠠᠨ ᠰᠠᠯᠠᠮ᠎ᠠ ᠶᠢᠨ ᠢᠷ ᠨᠢ ᠭᠢᠯᠠᠯᠵᠠᠵᠤ ᠬᠠᠷᠠᠭᠳᠠᠨᠠᠮ

ᠣᠷᠴᠢᠯᠠᠩ ᠳᠡᠯᠡᠭᠡᠢ ᠶᠢ ᠴᠡᠴᠡᠷᠡᠭᠦᠯᠦᠭ᠍ᠰᠡᠨ 《ᠠᠶᠤᠳᠤᠭᠠᠢ︕》 ᠭᠡᠰᠡᠨ ᠳᠠᠭᠤᠨ ᠡᠴᠡ ᠨᠢ

ᠣᠠᠳᠠᠷᠠᠰᠢ ᠦᠭᠡᠶ ᠮᠥᠩᠭᠡ ᠭᠠᠯ ᠤᠨ ᠰᠤᠷ ᠨᠢ ᠳᠦᠷᠡᠯᠵᠡᠵᠤ ᠥᠵᠡᠭ᠍ᠳᠡᠨᠡᠮ᠃

ᠵᠤᠬᠢᠶᠠᠭᠴᠢ᠄ ᠴ·ᠪᠠᠶᠠᠰᠤᠯ
ᠢᠷᠡᠯᠲᠡ᠄ ᠵᠠᠷᠤᠳ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭᠠᠲᠤ ᠬᠤᠷᠠᠯ ᠬᠠᠩᠭᠠᠪᠠ
ᠬᠠᠷᠢᠶ᠎ᠠ᠄ ᠰᠢᠯᠦᠭ
ᠳᠠᠷᠤᠮ᠄ 3356
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ