ᠨᠡᠪᠲᠡᠷᠡᠨ ᠤᠷᠤᠬᠤ
ᠦᠭᠡ ᠶᠠᠷᠢᠶᠠᠨ ᠤ ᠤᠷᠠᠯᠢᠭᠲᠤ ᠴᠢᠨᠠᠷ

ᠨᠠᠯᠠᠭᠠᠷ ᠨᠠᠮᠤᠷ ᠤᠨ ᠨᠢ᠋ᠮᠠᠳᠤᠭᠠᠷ ᠰᠠᠷ᠎ᠠ ᠳᠤ ᠪᠦᠭᠦ ᠣᠷᠤᠨ ᠤ 《ᠴᠸᠩ ᠯᠦᠩ ᠨᠡᠭᠦᠷᠡᠰᠤᠨ ᠠᠭᠤᠷᠬᠠᠢ ᠶᠢᠨ ᠪᠦᠯᠦᠭᠯᠡᠯ》 ᠊ᠤᠨ ᠢᠪᠠᠭᠡᠨ ᠲᠡᠳᠬᠦᠭ᠍ᠰᠡᠨ ᠮᠤᠩᠭ᠋ᠤᠯ ᠪᠦᠭᠡ ᠶᠢᠨ ᠮᠥᠷᠥᠢᠴᠡᠭᠡᠨ᠂ ᠣᠷᠤᠨ ᠤ ᠲᠦᠪ ᠬᠦᠬᠡᠬᠤᠲᠠ ᠶᠢᠨ ᠮᠤᠷᠢᠨ ᠣᠷᠤᠯᠳᠤᠭᠠᠨ ᠤ ᠳᠠᠯᠠᠪᠠᠢ ᠳᠤ ᠥᠪᠠᠳᠡᠭ᠍ᠰᠢ ᠶᠡᠭᠡ ᠪᠠᠷ ᠶᠠᠪᠣᠭᠳᠠᠵᠤ᠂ ᠳᠸᠯᠸᠢᠰ ᠤᠨ ᠴᠡᠭᠡᠨ ᠭᠦᠰᠢᠭᠡ ᠪᠠᠷ ᠳᠠᠮᠵᠢᠨ ᠪᠦᠭᠦᠢᠯᠡ ᠭᠦᠮᠤᠨ ᠠᠷᠠᠤᠨ ᠤᠨ ᠬᠠᠷᠠᠭᠠᠨ ᠳᠤ ᠳᠤᠳᠤᠷᠠᠯ᠎ᠠ᠃

ᠮᠤᠩᠭ᠋ᠤᠯᠴᠤᠤᠳ ᠤᠨ ᠣᠳᠤᠮᠰᠢᠯᠳᠤ ᠰᠠᠢ᠌ᠠᠭᠨ ᠪᠦᠭᠡ ᠶᠢᠨ ᠰᠤᠶᠤᠯ ᠶᠢᠡᠨ ᠳᠡᠯᠡᠭᠡᠢ ᠶᠢᠨ ᠲᠦᠮᠡᠨ ᠳᠤ ᠭᠠᠢ᠌ᠬᠠᠭᠤᠯᠵᠤ ᠶᠠᠪᠣᠭ᠎ᠠ ᠡᠳᠡᠭᠡᠷ ᠪᠦᠭᠡᠴᠦᠳ ᠵᠢᠴᠢ ᠮᠤᠩᠭ᠋ᠤᠯ ᠰᠤᠶᠤᠯ ᠳᠠᠭᠠᠨ ᠬᠠᠢ᠌ᠷᠠᠳᠠᠢ ᠳᠡᠳᠡᠭᠡᠷ ᠣᠯᠠᠨ ᠭᠦᠮᠦᠰ ᠨᠢ ᠳᠦᠭ᠌ ᠲᠦᠮᠡᠨ ᠮᠤᠩᠭ᠋ᠤᠯᠴᠤᠳ ᠤᠨ ᠳᠤᠮᠳᠠ ᠣᠳᠤ ᠰᠤᠳᠤ ᠨᠢ ᠪᠣᠯᠵᠤ ᠭᠢᠯᠠᠯᠵᠠᠵᠤ ᠪᠠᠢ᠌ᠭ᠎ᠠ ᠳ᠋ᠠ᠃

ᠮᠢᠨᠤ ᠡ᠊ᠨᠳᠡ ᠭᠡᠯᠡᠭᠦ ᠭᠡᠵᠤ ᠪᠠᠢ᠌ᠭ᠎ᠠ ᠨᠢ ᠭᠦᠭ᠍ᠵᠢᠶᠡᠡᠳᠤ ᠨᠠᠢ᠌ᠷ ᠤᠨ ᠠᠬᠤᠢ ᠥᠵᠡᠭ᠍ᠳᠡᠯ ᠤᠨ ᠵᠢᠷᠤᠭᠯᠠᠯ ᠪᠢᠰᠢ᠂ ᠭᠦᠴᠦᠳᠤ ᠪᠦᠭᠡ ᠨᠠᠴᠢᠨ ᠱᠤᠩᠬᠤᠷ ᠤᠨ ᠳᠠᠪᠢᠯᠳᠠ ᠪᠢᠰᠢ᠂ ᠬᠠᠷᠢᠨ ᠡᠨᠡ ᠳᠠᠰᠢᠷᠠᠮ ᠶᠢᠡᠷ ᠦᠪᠣᠷ ᠮᠤᠩᠭ᠋ᠤᠯ ᠤᠨ ᠳᠸᠯᠸᠢᠰ ᠬᠤᠷᠢᠶᠠᠨ ᠤ ᠰᠢᠭᠤᠳ ᠨᠡᠪᠳᠡᠷᠡᠭᠦᠯᠭᠡ ᠶᠢᠨ ᠥᠷᠦᠭᠡᠨ ᠤ ᠰᠤᠷᠪᠣᠯᠵᠢᠯᠠᠭ᠎ᠠ ᠶᠢ ᠭᠦᠯᠢᠶᠡᠨ ᠠᠪᠣᠭᠰᠠᠨ ᠠᠪᠣᠷᠭᠤ ᠪᠦᠭᠡ ᠡᠷᠳᠡᠨᠢᠪᠠᠶᠡᠷ ᠠᠪᠣᠭᠠᠢ ᠵᠢᠴᠢ ᠬᠦᠬᠡᠬᠤᠲᠠ ᠶᠢᠨ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠬᠠᠳᠠᠭᠢᠨ ᠷᠠᠰᠢᠴᠠᠷᠢᠨ ᠵᠡᠷᠭᠡ ᠬᠤᠶᠠᠷ ᠳᠤᠮᠤᠭᠠᠳᠠᠤᠨ ᠤᠨ ᠣᠷᠠᠯᠢᠭ ᠣᠨᠤᠪᠴᠢᠳᠠᠢ᠂ ᠠᠪᠰᠠᠷᠬᠠᠨ ᠭᠡᠯᠡ ᠭᠡᠯᠡᠯᠭᠡ ᠶᠢ ᠰᠤᠨᠤᠰᠤᠭᠠᠤᠨ ᠪᠢᠰᠢᠷᠡᠭ᠍ᠰᠡᠨ ᠵᠣᠢ᠌ᠯ ᠶᠢᠡᠨ ᠡ᠊ᠨᠳᠡ ᠳᠡᠮᠳᠡᠭᠯᠡᠮᠡᠷ ᠪᠠᠢ᠌ᠨ᠎ᠠ᠃

ᠳᠠ ᠪᠦᠭᠦᠨ ᠤ ᠮᠡᠳᠡᠭᠡᠵᠢ ᠪᠠᠷ ᠡ᠊ᠨᠳᠡ ᠵᠥᠪᠭᠡᠨ ᠡᠷᠳᠡᠨᠢᠪᠠᠶᠡᠷ ᠭᠤᠸᠠᠢ ᠶᠢᠨ ᠪᠦᠭᠡ ᠶᠢᠨ ᠵᠤᠳᠤᠭ ᠤᠨ ᠳᠤᠬᠠᠢ ᠶᠠᠷᠢᠭᠰᠠᠨ ᠵᠣᠢ᠌ᠯᠠᠰ ᠡᠴᠠ ᠰᠡᠢ᠌ᠷᠡᠭᠦᠯᠪᠠᠯ᠄ 《ᠵᠤᠳᠤᠭ ᠲᠤ ᠪᠢᠳᠡᠭᠦᠤ ᠵᠤᠳᠤᠭ ᠵᠢᠴᠢ ᠡᠷᠪᠠᠭᠡᠢ ᠵᠤᠳᠤᠭ ᠭᠡᠵᠤ ᠪᠠᠢ᠌ᠭ᠎ᠠ᠂ ᠮᠠᠨ ᠤ ᠣᠳᠤ ᠶᠢᠨ ᠡᠮᠦᠰᠴᠤ ᠪᠠᠷᠢᠯᠳᠤᠵᠤ ᠪᠠᠢ᠌ᠭ᠎ᠠ ᠪᠣᠯ ᠵᠥᠪᠭᠡᠨ ᠡᠷᠪᠠᠭᠡᠢ ᠵᠤᠳᠤᠭ ᠪᠣᠯᠬᠤ᠂ ᠣᠳᠤᠬᠠᠨ ᠳᠤ ᠣᠯᠤᠰ ᠡᠴᠠ ᠵᠤᠭᠤᠰ ᠮᠦᠩᠭᠦ ᠭᠠᠷᠭᠠᠵᠤ ᠭᠢᠭ᠍ᠰᠡᠨ ᠨᠢᠭᠡᠳᠦᠯᠳᠡᠢ ᠵᠤᠳᠤᠭ ᠭᠡᠵᠤ ᠪᠠᠢ᠌ᠭ᠎ᠠ ᠦᠭᠡᠶ᠃ ᠭᠡᠯᠡᠯᠭᠡᠨ ᠦᠭᠡᠶ ᠭᠦᠮᠤᠨ ᠪᠦᠭᠦᠨ ᠤ ᠳᠠᠨᠢᠯᠳᠠ ᠠᠳᠠᠯᠢ ᠦᠭᠡᠶ ᠡᠴᠠ ᠪᠣᠯᠵᠤ᠂ ᠵᠠᠷᠢᠮ ᠨᠢ ᠶᠠᠭ ᠪᠠᠶ᠎ᠠ ᠲᠡᠶ ᠪᠠᠨ ᠶᠠᠪ ᠴᠠᠪ ᠳᠠᠭᠠᠷᠠᠭᠰᠠᠨ ᠪᠠᠷᠢᠵᠤ ᠪᠣᠯᠬᠤ ᠦᠭᠡᠶ ᠪᠢᠳᠡᠭᠦᠤ ᠵᠤᠳᠤᠭ ᠭᠢᠯᠭᠡᠴᠢᠭᠡᠳᠡᠭ᠌ ᠶᠤᠮ᠂ ᠪᠠᠷᠢᠵᠤ ᠠᠤᠠᠬᠤᠵᠤ ᠪᠣᠯᠬᠤ ᠦᠭᠡᠶ ᠪᠣᠯ ᠶᠠᠭᠠᠭᠢᠵᠤ ᠪᠠᠷᠢᠯᠳᠤᠬᠤᠪ ᠳ᠋ᠠ᠂ ᠡᠢ᠌ᠮᠤ ᠡᠴᠠ ᠳᠤᠰ ᠣᠳᠠᠭᠠᠨ ᠤ ᠨᠠᠭᠠᠳᠤᠮ ᠳᠤ ᠪᠠᠷᠢᠮᠵᠢᠶᠠᠳᠤ ᠵᠤᠳᠤᠬ᠎ ᠡᠮᠦᠰᠭᠦ ᠶᠢ ᠱᠠᠭᠠᠷᠳᠠᠭᠰᠠᠨ》 ᠭᠡᠳᠡᠭ᠌ ᠶᠠᠷᠢᠯᠴᠠᠭ᠎ᠠ ᠪᠠᠢ᠌ᠳᠠᠭ᠃

ᠡᠳᠡᠭᠡᠷ ᠶᠠᠷᠢᠯᠴᠠᠭᠠᠨ ᠤ ᠳᠤᠮᠳᠠ 《ᠳᠠᠨᠢᠯᠳᠠ》 ᠭᠡᠳᠡᠭ᠌ ᠥᠭᠡ ᠶᠢ ᠮᠠᠰᠢ ᠬᠠᠪᠣᠯᠢᠭ ᠭᠡᠷᠡᠭᠯᠡᠯ᠎ᠡ ᠭᠡᠵᠤ ᠦᠵᠡᠵᠤ ᠪᠣᠯᠤᠨ᠎ᠠ᠃ ᠭᠡᠷᠪᠡ ᠨᠠᠳᠠ ᠳᠤ ᠲᠤᠬᠢᠶᠠᠯᠳᠤᠭᠰᠠᠨ ᠪᠣᠯ 《ᠳᠠᠨᠢᠯᠳᠠ ᠳᠤᠷᠤᠢ》 ᠭᠡᠵᠤ ᠭᠡᠯᠡᠵᠤ ᠴᠤ ᠮᠡᠳᠡᠭᠦ ᠶᠤᠮ᠂ 《ᠳᠠᠨᠢᠯᠳᠠ》 ᠭᠡᠳᠡᠭ᠌ ᠥᠭᠡ ᠶᠢ ᠡ᠊ᠨᠳᠡ ᠣᠷᠠᠯᠢᠭ ᠭᠡᠷᠡᠭᠯᠡᠭ᠍ᠰᠡᠨ ᠴᠤ ᠦᠪᠡᠷ ᠤᠨ ᠭᠡᠯᠡᠭᠦ ᠭᠡᠰᠡᠨ ᠰᠠᠨᠠᠭ᠎ᠠ ᠪᠠᠨ ᠢᠯᠡᠳᠭᠡᠵᠤ᠂ ᠭᠦᠮᠦᠰ ᠤᠨ ᠳᠤᠳᠤᠭᠠᠳᠤ ᠰᠡᠳᠭᠢᠯᠭᠡ ᠶᠢ ᠭᠦᠡᠳᠡᠵᠤ ᠴᠢᠳᠠᠭᠰᠠᠨ ᠪᠠᠢ᠌ᠨ᠎ᠠ᠃

ᠬᠠᠳᠠᠭᠢᠨ ᠷᠠᠰᠢᠴᠠᠷᠢᠨ ᠭᠤᠸᠠᠢ ᠶᠢ ᠰᠤᠷᠪᠣᠯᠵᠢᠯᠠᠬᠤ ᠳᠤ 《ᠮᠤᠩᠭ᠋ᠤᠯ ᠪᠦᠭᠡ ᠶᠢᠨ ᠭᠦᠭ᠍ᠵᠢᠯᠳᠡ ᠵᠢᠴᠢ ᠮᠠᠨ ᠤ ᠦᠪᠣᠷ ᠮᠤᠩᠭ᠋ᠤᠯ ᠤᠨ ᠭᠡᠪᠴᠢᠶᠡᠨ ᠤ ᠨᠠᠢ᠌ᠷ ᠨᠠᠭᠠᠳᠤᠮ ᠤᠨ ᠳᠤᠬᠠᠢ ᠠᠯᠢ ᠣᠨ ᠳᠤ ᠬᠠᠮᠢᠭ᠎ᠠ᠂ ᠶᠠᠮᠠᠷ ᠮᠠᠶ‍ᠢᠭ ᠤᠨ ᠣᠷᠤᠯᠳᠤᠭᠠᠨ ᠳᠤ ᠭᠡᠨ ᠳᠡᠷᠢᠭᠦᠯᠡᠭ᠍ᠰᠡᠨ ᠵᠡᠷᠭᠡ ᠣᠬᠤᠷ ᠠᠪᠰᠠᠷᠬᠠᠨ ᠭᠡᠯᠡ ᠭᠡᠯᠡᠯᠭᠡ ᠣᠨᠤᠪᠴᠢᠳᠠᠢ ᠶᠠᠷᠢᠭᠰᠠᠨ ᠮᠥᠷᠳᠡᠭᠡᠨ ᠡᠨᠡ ᠵᠢᠯ ᠪᠦᠭᠡᠴᠢᠨ ᠪᠠᠶᠠᠷᠪᠠᠭᠠᠳᠤᠷ ᠤᠨ ᠪᠠᠶ᠎ᠠ ᠳᠠᠷᠠᠤᠬᠠᠨ ᠪᠠᠢ᠌ᠭ᠎ᠠ》 ᠭᠡᠵᠤ 《ᠳᠠᠷᠠᠤᠬᠠᠨ》 ᠭᠡᠳᠡᠭ᠌ ᠥᠭᠡ ᠮᠠᠰᠢ ᠣᠷᠠᠯᠢᠭ ᠣᠨᠤᠪᠴᠢᠳᠠᠢ ᠭᠡᠷᠡᠭᠯᠡᠭ᠍ᠰᠡᠨ᠂ ᠭᠡᠷᠪᠡ ᠮᠠᠨᠤᠰ ᠲᠤ ᠲᠤᠬᠢᠶᠠᠯᠳᠤᠭᠰᠠᠨ ᠪᠣᠯ 《ᠪᠠᠶ᠎ᠠ ᠨᠢ ᠪᠠᠭᠤᠷᠠᠢ ᠪᠠᠢ᠌ᠭ᠎ᠠ》 ᠭᠡᠭᠦ ᠪᠣᠶᠤ ᠪᠣᠰᠤᠳ ᠣᠯᠠᠨ ᠠᠷᠪᠢᠨ ᠳᠠᠪᠳᠠᠯᠳᠠ᠂ ᠨᠤᠷᠰᠤᠯᠳᠠ ᠣᠷᠤᠭᠤᠯᠮᠠᠠᠵᠢᠨ ᠰᠠ‍‌ᠶᠢ ᠢᠯᠡᠳᠭᠡᠵᠤ ᠳᠡᠢ᠌ᠯᠭᠦ ᠴᠤ ᠮᠠᠭᠠᠤᠨ ᠦᠭᠡᠶ᠃

ᠪᠦᠭᠦᠢᠯᠡ ᠰᠤᠷᠪᠣᠯᠵᠢᠯᠠᠭ᠎ᠠ ᠶᠢᠨ ᠶᠠᠪᠣᠴᠠ ᠳᠤ ᠳᠤᠰ ᠬᠤᠶᠠᠷ ᠪᠠᠭᠰᠢ᠂ ᠭᠡᠳᠦᠭᠡᠨ ᠮᠢᠨᠦ᠋ᠲ ᠤᠨ ᠣᠬᠤᠷᠬᠠᠨ ᠵᠠᠢ ᠳᠤ ᠮᠡᠳᠡᠯᠭᠡᠳᠤ ᠴᠢᠨᠠᠷ ᠶᠢᠡᠷ ᠴᠢᠩᠭ᠎ᠠ᠂ ᠣᠷᠤᠰᠤᠮ᠎ᠠ᠂ ᠣᠢ᠌ᠯᠠᠭᠠᠮᠵᠢᠳᠠᠢ᠂ ᠠᠪᠰᠠᠷᠬᠠᠨ᠂ ᠡᠭᠡ ᠭᠡᠯᠡᠨ ᠤ ᠪᠠᠷᠢᠮᠵᠢᠶ᠎ᠠ ᠠᠪᠢᠶ᠎ᠠ ᠪᠠᠷ ᠰᠤᠷᠪᠣᠯᠵᠢᠯᠠᠭᠴᠢ ᠶᠢᠨ ᠠᠰᠠᠭᠤᠯᠳᠠ ᠶᠢ ᠬᠠᠷᠢᠭᠤᠯᠤᠭᠰᠠᠨ ᠨᠢ ᠠᠪᠣᠷᠭᠤ ᠪᠦᠭᠡ᠂ ᠨᠠᠷᠠᠳᠤ ᠰᠤᠳᠤᠯᠤᠭᠴᠢ ᠶᠢᠨ ᠳᠡᠭᠡᠷ᠎ᠡ 《ᠭᠡᠯᠡᠨ ᠤ ᠣᠷᠠᠨ ᠳᠠᠷᠬᠠᠨ》 ᠭᠡᠰᠡᠨ ᠰᠠᠢ᠌ᠬᠠᠨ ᠴᠤᠯᠠ ᠶᠢ ᠨᠠᠮᠠᠮᠠᠷ ᠰᠠᠨᠠᠭᠳᠠᠨ᠎ᠠ᠃

ᠮᠠᠨ ᠤ ᠮᠤᠩᠭ᠋ᠤᠯᠴᠤᠳ ᠤᠨ ᠬᠠᠪᠣᠳᠤ ᠥᠭᠡᠨ ᠳᠤ 《ᠥᠭᠡ ᠭᠡᠯᠡᠪᠠᠯ ᠰᠤᠨᠤᠰᠤᠯᠳᠠᠢ᠂ ᠦᠷ᠎ᠡ ᠲᠦᠷᠦᠪᠠᠯ ᠦᠨᠦᠰᠤᠯᠳᠠᠢ》 ᠭᠡᠳᠡᠭ᠌ ᠨᠢ ᠥᠭᠡ ᠶᠠᠷᠢᠶ᠎ᠠ ᠶᠢ ᠵᠦᠪ ᠣᠨᠤᠪᠴᠢᠳᠠᠢ᠂ ᠰᠤᠨᠤᠰᠪᠣᠷᠢᠳᠠᠢ ᠰᠠᠢ᠌ᠬᠠᠨ ᠢᠯᠡᠳᠭᠡᠭᠦ ᠶᠢ ᠱᠠᠭᠠᠷᠳᠠᠭᠰᠠᠨ ᠪᠠᠢ᠌ᠬ᠎ᠠ᠃

ᠡᠭᠦᠨ ᠤ ᠡᠰᠡᠷᠭᠦ ᠪᠠᠷ《ᠡᠮ ᠭᠡᠳᠦᠢ ᠭᠠᠰᠢᠭᠤᠨ ᠪᠣᠯᠪᠠᠴᠤ ᠡᠪᠠᠦᠡᠴᠢᠨ ᠳᠤ ᠳᠤᠰᠠᠳᠠᠢ᠂ ᠥᠭᠡ ᠭᠡᠳᠦᠢ ᠬᠠᠳᠠᠭᠤ ᠴᠤ ᠪᠠᠶ᠎ᠠ ᠳᠤ ᠳᠤᠰᠠᠳᠠᠢ》 ᠭᠡᠤᠨ ᠬᠠᠳᠠᠭᠤ ᠥᠭᠡ ᠪᠠᠨ ᠬᠠᠮᠢᠶ᠎ᠠ ᠨᠠᠮᠢᠶ᠎ᠠ ᠦᠭᠡᠶ ᠴᠢᠯᠠᠭᠤᠳᠠᠭᠠᠤᠨ ᠯᠠ ᠪᠠᠢ᠌ᠪᠠᠯ ᠦᠪᠡᠷ ᠤᠨ ᠭᠡᠪ ᠪᠣᠯᠪᠠᠰᠤᠷᠠᠯ ᠳᠤᠳᠠᠮᠠᠭ ᠶᠢᠡᠨ ᠢᠯᠡᠷᠡᠭᠦᠯᠭᠦ ᠡᠴᠠ ᠭᠠᠳᠠᠨ᠎ᠠ᠂ ᠦᠪᠡᠷ ᠵᠠᠭᠤᠷ᠎ᠠ ᠶᠢᠨ ᠬᠤᠭᠤᠷᠤᠠᠳᠤᠭᠢ ᠪᠦᠯᠭᠦᠮᠳᠡᠯ ᠨᠥᠭᠦᠷᠯᠡᠯ ᠳᠤ ᠠᠰᠢᠭ ᠦᠭᠡᠶ ᠪᠣᠯᠵᠤ᠂ ᠭᠡᠳᠡᠷᠭᠦ ᠣᠢ᠌ᠯᠠᠳᠤᠯ ᠥᠵᠡᠭᠦᠯᠭᠦ ᠳᠤ ᠭᠦᠷᠤᠨ᠎ᠡ᠃

ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤᠨ ᠤ ᠪᠠᠶᠠᠠᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ


ᠵᠤᠬᠢᠶᠠᠭᠴᠢ᠄ ᠷᠢᠨᠴᠢᠨ‍ᠭᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12103
ᠴᠠᠭ᠄ 2009 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ