☆ ᠫᠣᠠᠴᠤᠭ ᠤᠨ ᠮᠥᠩᠭᠡᠪᠠᠶᠡᠷ
ᠮᠢᠨᠤ ᠨᠤᠳᠤᠭ ᠊᠊᠊᠊᠊᠊᠊ ᠵᠠᠠᠳᠠᠬᠠᠳᠠ
ᠠᠰᠠᠷ ᠤᠨ ᠰᠠᠷᠠᠪᠴᠢ ᠪᠠᠷ ᠠᠯᠤᠰ ᠢ ᠪᠠᠷᠠᠯᠠᠬᠤᠶ᠎ᠠ
ᠠᠶᠤᠤᠯᠢᠬᠠᠢ ᠴᠡᠭᠡᠵᠢᠨ ᠳᠤ ᠠᠪᠣ ᠶᠢᠨ ᠨᠤᠳᠤᠭ ᠳᠤᠳᠤᠷᠠᠮᠤᠢ
ᠠᠭᠢᠨ ᠳᠠᠭᠢᠨ ᠡᠷᠭᠢᠴᠡᠭᠦᠯᠤᠨ ᠰᠠᠨᠠᠭᠠᠯᠵᠠᠬᠤᠶᠠ
ᠠᠷᠳᠠᠭ ᠪᠢᠷ ᠡᠷᠭᠢᠭᠦᠯᠮᠡᠷ ᠪᠣᠳᠤᠭᠳᠠᠮᠤᠢ︕
ᠠᠯᠤᠰ ᠭᠢᠵᠠᠭᠠᠷ ᠲᠤ ᠠᠪᠣ ᠶᠢᠨ ᠮᠢᠨᠢ ᠨᠤᠳᠤᠭ ᠪᠣᠢ
ᠠᠷᠳᠠᠭ ᠳᠠᠷᠭᠤᠨ ᠬᠤᠯᠠᠨ ᠭᠦᠯᠦᠭ᠌ ᠤᠳ ᠮᠢᠨᠢ ᠪᠣᠢ
ᠠᠭᠰᠢᠷᠠᠭ᠎ᠠ ᠪᠣᠭᠤᠷᠠᠯ ᠠᠪᠣ ᠡᠵᠢ ᠮᠢᠨᠢ ᠪᠣᠢ
ᠠᠯᠢᠶᠠᠬᠠᠨ ᠨᠠᠰᠤᠨ ᠤ ᠮᠢᠨᠢ ᠳᠤᠷᠠᠳᠬᠠᠯ ᠴᠤ ᠪᠣᠢ
ᠬᠠᠪᠣᠷ ᠤᠨ ᠴᠠᠭ ᠨᠢ ᠭᠦᠷᠦᠭᠡᠳ ᠢᠷᠠᠪᠠᠯ
ᠬᠠᠢ᠌ᠯ ᠤᠨ ᠣᠰᠤᠨ ᠬᠤᠷᠴᠢᠭᠢᠨᠠᠨ ᠱᠤᠤᠭᠢᠵᠤ
ᠬᠠᠮᠤᠭ ᠠᠮᠢᠳᠠᠨ᠂ ᠪᠤᠳᠡᠰ ᠢ ᠣᠮᠳᠠᠯᠠᠨ
ᠬᠠᠷᠠᠮ ᠦᠭᠡᠶ ᠥᠭ᠍ᠭᠢᠶᠡᠮᠦᠷ ᠡᠵᠢ ᠮᠢᠨᠢ ᠰᠢᠭ ᠪᠣᠳᠤᠭᠳᠠᠳᠠᠭ᠂
ᠬᠠᠷᠢ ᠶᠢᠨ ᠰᠢᠪᠠᠭᠤᠳ ᠪᠣᠴᠠᠨ ᠢᠷᠠᠵᠤ
ᠦᠷ᠎ᠡ ᠬᠣᠢ᠌ᠴᠰ ᠶᠢᠡᠨ ᠦᠷᠡᠵᠢᠭᠦᠯᠭᠦ ᠪᠠᠷ ᠶᠠᠭᠠᠷᠠᠯᠳᠤᠬᠤ ᠳᠤ
ᠬᠠᠢ᠌ᠷᠠᠳᠠᠢ ᠡᠵᠢ ᠮᠢᠨᠢ ᠡᠷᠳᠡᠯᠡᠨ ᠪᠣᠰᠴᠤ
ᠦᠨᠢᠶ᠎ᠡ ᠳᠤᠭᠤᠯ ᠤᠨ ᠵᠠᠯ᠎ᠠ ᠳᠡᠭᠡᠷ᠎ᠡ ᠶᠠᠭᠠᠷᠠᠳᠠᠭ ᠡ
ᠬᠠᠢ᠌ᠯ ᠤᠨ ᠣᠰᠤᠨ ᠤ ᠢᠷᠠᠭᠤᠬᠠᠨ ᠱᠤᠤᠭᠢᠶ᠎ᠠ ᠲᠡᠶ
ᠬᠠᠴᠢᠨ ᠰᠢᠪᠠᠭᠤᠳ ᠤᠨ ᠣᠶᠠᠩᠭ᠋ᠠᠳᠤ ᠳᠤᠩᠭ᠋ᠤᠳᠤᠯᠭᠠ ᠲᠡᠶ
ᠬᠤᠷᠠᠭ᠎ᠠ ᠢᠰᠢᠭᠡ ᠶᠢᠨ ᠭᠦᠭᠡᠷᠦᠭᠦᠨ ᠮᠠᠢ᠌ᠯᠠᠯᠳᠤᠭᠠ ᠲᠡᠶ
ᠬᠠᠨᠠᠭᠠᠷ ᠳᠠᠯ᠎ᠠ ᠶᠢᠨ ᠮᠢᠨᠢ ᠬᠠᠪᠣᠷ ᠰᠠᠢ᠌ᠬᠠᠨ᠃
ᠵᠤᠨ ᠤ ᠣᠯᠠᠷᠢᠯ ᠨᠢ ᠪᠣᠯᠤᠭᠠᠤᠨ ᠢᠷᠡᠪᠠᠯ
ᠵᠣᠢ᠌ᠯ ᠤᠨ ᠴᠡᠴᠡᠭ᠌ ᠤᠳ ᠮᠢᠷᠠᠯᠵᠠᠨ ᠳᠡᠯᠭᠡᠷᠡᠭᠡᠳ
ᠵᠢᠷᠤᠭ ᠤᠨ ᠪᠠᠢ᠌ᠭᠠᠯᠢ ᠶᠢ ᠭᠤᠶᠤᠯᠠᠨ ᠴᠢᠮᠡᠭᠯᠡᠭᠡᠳ
ᠵᠣᠢ᠌ᠷᠯᠠᠰᠢ ᠦᠭᠡᠶ ᠡᠶᠡᠯᠳᠡᠭ᠌ ᠠᠪᠣ ᠮᠢᠨᠢ ᠰᠢᠭ ᠪᠣᠳᠤᠭᠳᠠᠳᠠᠭ
ᠴᠡᠴᠡᠭ᠍ᠳᠤ ᠨᠤᠭᠤᠭᠠᠨ ᠳᠠᠯ᠎ᠠ ᠮᠢᠨᠢ
ᠴᠤᠮᠤᠷᠯᠢᠭ ᠶᠢᠡᠨ ᠳᠡᠯᠭᠡᠨ ᠮᠥᠰᠢᠶᠡᠭᠦ ᠳᠤ
ᠴᠠᠯ ᠪᠣᠭᠤᠷᠠᠯ ᠨᠠᠰᠤᠳᠠᠢ᠌ᠴᠤᠳ ᠮᠢᠨᠢ
ᠴᠡᠭᠡᠵᠢ ᠳᠦᠭᠦᠷᠡᠩ ᠪᠠᠬᠠᠳᠠᠳᠠᠭ ᠡ
ᠠᠭᠠᠳᠠᠷ ᠪᠣᠷᠤᠭᠠᠨ ᠠᠰᠬᠠᠷᠠᠨ ᠱᠠᠭᠢᠵᠤ
ᠠᠳᠠᠷ ᠤᠨ ᠭᠦᠷᠦᠰᠤ ᠶᠢ ᠠᠭᠢᠨ ᠠᠮᠢᠯᠠᠭᠤᠯᠬᠤ ᠳᠤ
ᠠᠷᠤ ᠶᠢᠨ ᠳᠠᠠᠵᠢᠨ ᠳ᠋ᠠᠭᠢ ᠠᠳᠤᠭᠤᠨ ᠰᠦᠷᠦᠭ᠌ ᠤᠳ
ᠠᠷᠳᠠᠭ ᠪᠢᠷ᠎ᠠ ᠶᠢᠨ ᠶᠢᠡᠨ ᠳᠠᠷᠭᠤ ᠭᠦᠴᠤ ᠰᠢᠯᠢᠯᠴᠠᠨᠠ
ᠭᠠᠵᠠᠷ ᠳᠡᠭ᠍ᠷᠢ ᠶᠢ ᠬᠤᠯᠪᠤᠨ ᠠᠷᠭᠠᠮᠵᠢᠯᠠᠭᠰᠠᠨ
ᠭᠠᠯᠪᠠ ᠳᠤ ᠬᠤᠤᠰ ᠦᠭᠡᠶ ᠰᠤᠯᠤᠩᠭ᠋ᠠᠨ ᠳᠤᠤᠷᠠᠭᠢ
ᠭᠠᠩᠭ᠋ᠠᠩ ᠴᠠᠭᠠᠨ ᠮᠤᠩᠭ᠋ᠤᠯ ᠭᠡᠷ ᠤᠳ ᠲᠤ
ᠭᠠᠷᠮᠠᠭᠠᠢ ᠮᠠᠯᠴᠢᠳ ᠭᠦᠭᠡᠷᠤᠨ ᠪᠠᠶᠠᠰᠤᠯᠴᠠᠳᠠᠭ
ᠵᠣᠢ᠌ᠯ ᠤᠨ ᠴᠡᠴᠡᠭ᠌ ᠤᠨ ᠡᠷᠢᠶᠡᠳᠦᠷᠡᠭ᠍ᠰᠡᠨ ᠮᠢᠷᠠᠯᠵᠠᠭ᠎ᠠ ᠲᠡᠶ
ᠵᠦᠢ᠌ ᠵᠤᠭᠢᠰᠳᠠᠢ ᠣᠨᠠᠭᠠᠨ ᠪᠠᠢ᠌ᠭᠠᠯᠢ ᠲᠡᠶ
ᠵᠥᠢᠷᠯᠡᠭ᠍ᠳᠡᠰᠢ ᠦᠭᠡᠶ ᠰᠠᠢ᠌ᠬᠠᠨ ᠵᠠᠠᠳᠠᠬᠠᠳᠠ ᠶᠢᠨ ᠮᠢᠨᠢ
ᠵᠢᠰᠦᠯᠢᠭ᠌ ᠵᠤᠨ ᠨᠢ ᠳᠠᠩᠴᠢ ᠭᠤᠶᠤᠬᠠᠨ ᠳ᠋ᠠ
ᠨᠠᠯᠭᠠᠷ ᠨᠠᠮᠤᠷ ᠨᠢ ᠭᠦᠷᠦᠭᠡᠳ ᠢᠷᠡᠭᠦᠯ᠎ᠡ
ᠨᠠᠷᠢᠨ ᠭᠤᠪᠢ ᠮᠢᠨᠢ ᠰᠢᠷᠭᠠᠯᠳᠤᠨ ᠬᠠᠯᠢᠭᠤᠷᠠᠭᠠᠤᠨ
ᠨᠠᠷᠠᠳᠤ ᠶᠢᠨ ᠪᠣᠶᠠᠨ ᠢ ᠡᠳᠡᠯᠵᠤ ᠶᠠᠪᠣᠭ᠎ᠠ
ᠨᠠᠰᠤ ᠠᠭᠢᠭᠰᠠᠨ ᠠᠪᠣ ᠮᠢᠨᠢ ᠰᠢᠭ ᠪᠣᠳᠤᠭᠳᠠᠳᠠᠭ
ᠨᠠᠭᠤᠷ ᠤᠨ ᠣᠰᠤᠨ ᠬᠠᠭᠰᠠᠷᠠᠨ ᠪᠠᠭᠠᠰᠴᠤ
ᠨᠡᠭᠦᠳᠡᠯ ᠤᠨ ᠰᠢᠪᠠᠭᠤᠳ ᠪᠣᠴᠠᠬᠤ ᠪᠠᠷ ᠱᠤᠯᠠᠭᠠᠨᠠᠯᠳᠤᠬᠤ ᠳᠤ
ᠨᠠᠷᠠᠨ ᠨᠢ ᠪᠣᠷᠤᠬᠠᠨ ᠮᠠᠯᠴᠢᠨ ᠠᠪᠣ ᠮᠢᠨᠢ
ᠨᠠᠮᠤᠷ ᠤᠨ ᠬᠠᠳᠤᠯᠠᠩ ᠳᠠᠭᠠᠨ ᠰᠢᠮᠠᠳᠤᠨ ᠶᠠᠭᠠᠷᠠᠳᠠᠭ
ᠨᠠᠪᠴᠢ ᠨᠠᠮᠠᠭ᠎ᠠ ᠰᠢᠷᠠᠯᠠᠨ ᠰᠠᠭᠤᠭᠰᠠᠨ
ᠨᠠᠮᠤᠭᠳᠤ ᠨᠠᠭᠤᠷ ᠤᠨ ᠮᠢᠠᠳᠤᠰᠤᠨ ᠭᠦᠪᠠᠭᠡ ᠪᠠᠷ
ᠨᠠᠯᠤᠤ ᠳᠠᠪᠠᠭᠳᠤ ᠳᠡᠮᠡᠭᠡᠨ ᠰᠦᠷᠦᠭ᠌
ᠨᠠᠰᠢ ᠴᠠᠰᠢ ᠠᠩᠭ᠋ᠠᠯᠵᠠᠨ ᠢᠳᠠᠰᠢᠯᠠᠨᠠ
ᠨᠡᠪᠴᠢᠭ᠍ᠰᠡᠨ ᠨᠤᠳᠤᠭ ᠡᠴᠡ ᠪᠠᠨ ᠰᠠᠯᠵᠤ ᠶᠠᠳᠠᠮ
ᠨᠡᠭᠦᠳᠡᠯ ᠰᠢᠪᠠᠭᠤᠳ ᠤᠨ ᠠᠴᠢᠷ ᠦᠷᠠᠰ
ᠨᠠᠷᠢᠨ ᠬᠤᠭᠤᠯᠠᠢ ᠪᠠᠷ ᠶᠢᠡᠨ ᠣᠷᠢᠯᠠᠨ ᠭᠠᠩᠨᠠᠯᠳᠤᠵᠤ
ᠨᠠᠷᠠᠨ ᠨᠢ ᠵᠥᠭ᠌ ᠢ ᠵᠦᠷᠢᠨ ᠴᠤᠪᠣᠷᠠᠯᠳᠤᠳᠠᠭ
ᠮᠥᠩᠭᠦᠨ ᠴᠠᠭᠠᠨ ᠡᠪᠦᠯ ᠤᠨ ᠣᠯᠠᠷᠢᠯ ᠨᠢ
ᠮᠦᠰᠤ ᠴᠠᠰᠤ ᠲᠡᠶ ᠪᠠᠨ ᠭᠦᠷᠦᠭᠡᠳ ᠢᠷᠡᠭᠦᠯᠡᠷ
ᠮᠥᠩᠭᠡ ᠶᠢᠨ ᠡᠨᠡ ᠡᠷᠢᠶᠡᠨ ᠬᠤᠷᠸ᠎ᠠ ᠳᠤ
ᠮᠦᠷ ᠶᠢᠡᠨ ᠦᠯᠡᠳᠡᠭᠡᠭ᠍ᠰᠡᠨ ᠠᠪᠣ ᠮᠢᠨᠢ ᠰᠢᠭ ᠪᠣᠳᠤᠭᠳᠠᠳᠠᠭ
ᠡᠪᠦᠯᠵᠡᠩ ᠤᠨ ᠪᠠᠯᠴᠢᠭᠡᠷ ᠰᠣᠢ᠌ᠯᠭᠠᠳᠠ ᠶᠢᠨ ᠭᠤᠤᠯ ᠮᠢᠨᠢ
ᠥᠨᠡᠭᠡᠷ ᠴᠤ ᠳ᠋ᠸᠪᠠᠵᠢᠨ ᠤ ᠣᠷᠤᠨ ᠳ᠋ᠠ
ᠡᠪᠦᠯ ᠤᠨ ᠴᠠᠭ ᠪᠣᠯᠠᠭ ᠣᠠᠳᠤᠷᠠᠨ ᠣᠷᠤᠰᠴᠤ
ᠥᠭᠦᠯ ᠦᠭᠡᠶ ᠮᠥᠩᠭᠡ ᠶᠢᠨ ᠣᠷᠤᠨ ᠴᠤ ᠭᠡᠮᠡᠷ
ᠠᠳᠠᠷᠠᠭ ᠶᠢᠡᠷ ᠨᠢ ᠳᠦᠭᠦᠷᠡᠩ ᠠᠷᠭᠠᠯᠢ ᠣᠭᠠᠯᠵᠠ ᠢᠳᠠᠰᠢᠯᠠᠵᠤ
ᠰᠠᠯᠠᠭ᠎ᠠ ᠪᠠᠷ ᠨᠢ ᠳᠦᠭᠦᠷᠡᠩ ᠰᠠᠷᠯᠤᠭ ᠥᠭᠡᠷ ᠪᠠᠯᠴᠢᠭ᠍ᠰᠡᠨ
ᠰᠢᠯᠢ ᠪᠠᠷ ᠶᠢᠡᠨ ᠳᠦᠭᠦᠷᠡᠩ ᠰᠢᠮᠡᠯᠢᠭ᠌ ᠣᠷᠭᠤᠮᠠᠯ ᠲᠡᠶ
ᠠᠷᠢᠭᠤᠨ ᠳᠠᠷᠬᠠᠨ ᠮᠤᠩᠭ᠋ᠤᠯ ᠣᠷᠤᠨ ᠡ
ᠳᠢᠪ ᠳᠡᠯᠡᠭᠡᠢ ᠣᠯᠠᠷᠢᠨ ᠰᠤᠯᠢᠭᠳᠠᠪᠠᠴᠤ
ᠳᠦᠷᠤᠯᠭᠢ ᠨᠤᠳᠤᠭ ᠮᠢᠨᠢ ᠳᠠᠷᠠ ᠯᠠ ᠭᠡᠪ ᠶᠢᠡᠷ ᠶᠢᠡᠨ
ᠳᠠᠢ᠌ᠮᠤ ᠯᠠ ᠰᠠᠢ᠌ᠬᠠᠨ ᠨᠤᠳᠤᠭ ᠰᠢᠤ ᠳ᠋ᠠ
ᠳᠦᠷᠦᠭ᠍ᠰᠡᠨ ᠨᠤᠳᠤᠭ ᠵᠠᠨᠳᠠᠬᠠᠳᠠ ᠮᠢᠨᠢ
ᠡᠭᠡᠯᠵᠢᠶᠡᠡᠳᠤ ᠳᠦᠷᠪᠠᠨ ᠣᠯᠠᠷᠢᠯ ᠳᠠᠭᠠᠨ
ᠡᠪᠯᠢᠭ᠌ ᠰᠠᠢ᠌ᠬᠠᠨ ᠳᠤᠭᠢᠷᠠᠭᠰᠠᠨ
ᠡᠷᠡᠯᠭᠡᠭ᠌ ᠡᠴᠢᠭᠡ ᠡᠪᠦᠭᠡᠳ ᠤᠨ ᠮᠢᠨᠢ
ᠡᠵᠡᠮᠳᠡᠵᠤ ᠢᠷᠡᠭ᠍ᠰᠡᠨ ᠭᠤᠯᠤᠮᠳᠠ ᠡ
ᠡᠨᠡ ᠰᠠᠢ᠌ᠬᠠᠨ ᠳᠦᠷᠤᠯᠭᠢ ᠨᠤᠳᠤᠭ ᠶᠢᠡᠨ
ᠡᠷᠭᠢᠮᠯᠡᠵᠤ ᠶᠠᠪᠣᠭᠳᠤᠨ ᠬᠡᠦᠬᠡᠳ ᠳᠡᠭᠦᠤ ᠨᠡᠷ ᠮᠢᠨᠢ
ᠡᠷᠡᠨ ᠵᠠᠭᠤᠨ ᠤ ᠭᠦᠭ᠍ᠵᠢᠯ ᠪᠠᠳᠠᠷᠠᠯ ᠲᠡᠶ
ᠡᠭᠡᠮ ᠵᠡᠷᠭᠡᠴᠡᠨ ᠠᠭᠢᠭᠤᠯᠤᠭᠳᠤᠨ ᠳᠡᠭᠦᠤ ᠨᠡᠷ ᠮᠢᠨᠢ
ᠵᠤᠬᠢᠶᠠᠭᠴᠢ ᠶᠢᠨ ᠬᠠᠶᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ
ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2681
ᠴᠠᠭ᠄ 2010 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ