☆ ᠳ·ᠭᠦᠭᠡᠮᠦ᠋ᠷᠡᠨ
ᠭᠦᠮᠤᠨ ᠴᠢᠯᠠᠭᠤ
ᠱᠠᠩᠳᠤ ᠶᠢᠨ ᠪᠠᠭᠤᠷᠢ ᠶᠢ ᠭᠦᠮᠤᠨ ᠴᠢᠯᠠᠭᠤ ᠰᠠᠭᠢᠨ᠎ᠠ
ᠭᠦᠵᠦᠭᠦᠤ ᠪᠠᠷ ᠶᠢᠡᠨ ᠣᠭᠳᠤᠯᠤᠭᠤᠯᠤᠭᠰᠠᠨ ᠴᠤ
ᠭᠦᠮᠤᠨ ᠤ ᠡᠮᠦᠨ᠎ᠡ ᠰᠥᠭᠦᠷᠡᠵᠤ ᠤᠢ᠌ᠴᠢᠭᠰᠠᠨ ᠦᠭᠡᠶ᠃
ᠳᠦᠴᠢᠨ ᠭᠠᠵᠠᠷ ᠤᠨ ᠰᠢᠷ᠎ᠠ ᠳᠠᠯ᠎ᠠ ᠳᠤ ᠴᠡᠴᠡᠭᠡᠰ ᠤᠨ ᠣᠨᠤᠷ ᠰᠠᠩᠭᠢᠨᠠᠨ᠎ᠠ
ᠳᠤᠭᠤᠷᠴᠠᠭ ᠠᠭᠤᠯᠠᠨ ᠤ ᠡᠩᠭᠡᠷ ᠲᠤ ᠭᠡᠦᠭᠡᠨ ᠳᠤᠯᠤᠭᠠᠢ ᠪᠣᠯᠳᠠᠯᠵᠠᠭᠰᠠᠨ ᠴᠤ
ᠳᠤᠰᠤ ᠠᠢ᠌ᠷᠠᠭ ᠤᠨ ᠦᠨᠦᠷ ᠴᠠᠬᠠᠷ ᠤᠨ ᠨᠤᠳᠤᠭ ᠡᠴᠡ ᠬᠤᠯᠠᠳᠠᠵᠠᠢ᠃
ᠥᠭᠡᠷᠴᠢᠨ ᠣᠪᠣᠭᠠᠨ ᠤ ᠳᠤᠶᠠᠩ ᠳᠤᠰᠤᠭᠠᠯ ᠵᠠᠭᠤᠨ ᠤ ᠡᠭᠢᠨ ᠳᠤ ᠳᠠᠰᠤᠷᠠᠵᠠᠢ
ᠦᠷᠭᠡᠨ ᠶᠡᠭᠡ ᠬᠤᠯᠠᠨ ᠰᠢᠷᠭ᠎ᠠ ᠡᠳᠦᠷᠵᠢᠨ ᠨᠠᠭᠠᠰᠢᠯᠠᠨ ᠮᠥᠯᠭᠦᠯᠡᠭ᠍ᠰᠡᠨ ᠴᠤ
ᠡᠳᠦᠷ ᠶᠢᠠᠷ ᠬᠠᠷᠠᠩᠭ᠋ᠣᠢ᠌ᠳᠠᠬᠤ ᠡᠯᠡᠰᠤᠨ ᠰᠢᠭᠤᠷᠭ᠎ᠠ ᠳᠤ ᠳᠠᠷᠠ ᠶᠠᠷᠤ ᠨᠢ ᠣᠷᠤᠯᠴᠠᠭᠰᠠ ᠦᠭᠡᠶ᠃
ᠱᠠᠩᠳᠤ ᠶᠢᠨ ᠭᠤᠤᠯ ᠬᠠᠳᠠᠵᠤ᠂
ᠰᠢᠷ᠎ᠠ ᠳᠠᠯ᠎ᠠ ᠬᠤᠪᠬᠠᠢ᠌ᠷᠠᠭᠰᠠᠨ ᠴᠤ
ᠱᠠᠩᠳᠤ ᠶᠢᠨ ᠪᠠᠭᠤᠷᠢ ᠶᠢᠨ ᠭᠦᠮᠤᠨ ᠴᠢᠯᠠᠭᠤ
ᠰᠡᠭᠦᠢᠨ ᠰᠥᠡᠳᠡᠷᠯᠡᠭᠦ ᠡᠴᠡ ᠪᠠᠨ ᠪᠣᠴᠠᠭᠰᠠᠨ ᠦᠭᠡᠶ᠃
ᠳᠤᠭᠤᠰᠤ ᠪᠣᠢᠵᠢᠩᠨᠠᠭᠰᠠᠨ ᠰᠢᠷ᠎ᠠ ᠳᠠᠯ᠎ᠠ
ᠱᠠᠩᠳᠤ ᠶᠢᠨ ᠭᠤᠤᠯ ᠪᠠᠨ ᠬᠠᠷᠠᠭᠠᠤᠨ ᠣᠶᠠᠷᠠᠵᠤ ᠪᠠᠢ᠌ᠨ᠎ᠠ
ᠳᠤᠷᠭᠠᠮᠠ ᠦᠭᠡᠶ ᠴᠠᠬᠠᠷ ᠤᠨ ᠨᠤᠳᠤᠭ ᠲᠤ
ᠱᠠᠩᠳᠤ ᠶᠢᠨ ᠭᠦᠮᠤᠨ ᠴᠢᠯᠠᠭᠤ ᠯᠠ ᠵᠤᠭᠰᠤᠵᠤ ᠪᠠᠢ᠌ᠨ᠎ᠠ᠃
ᠳᠡᠦᠭᠡᠨ ᠳᠤ ᠬᠤᠪᠢᠯᠠᠢ ᠭᠡᠵᠤ ᠳᠡᠮᠳᠡᠭᠯᠡᠭ᠍ᠳᠡᠭ᠍ᠰᠡᠨ ᠪᠣᠯ
ᠱᠠᠩᠳᠤ ᠶᠢᠨ ᠪᠠᠭᠤᠷᠠᠢ ᠳᠤ ᠭᠦᠮᠤᠨ ᠴᠢᠯᠠᠭᠤ ᠭᠡᠵᠤ ᠦᠯᠠᠳᠠᠵᠠᠢ᠃
ᠱᠠᠩᠳᠤ ᠶᠢᠨ ᠭᠤᠤᠯ ᠬᠠᠳᠠᠵᠤ᠂
ᠰᠢᠷ᠎ᠠ ᠳᠠᠯ᠎ᠠ ᠬᠤᠪᠬᠠᠢ᠌ᠷᠠᠭᠰᠠᠨ ᠴᠤ
ᠱᠠᠩᠳᠤ ᠶᠢᠨ ᠪᠠᠭᠤᠷᠠᠢ ᠭᠦᠮᠤᠨ ᠴᠢᠯᠠᠭᠤ
ᠰᠢᠷᠬ᠎ᠠ ᠲᠡᠶ ᠳᠡᠦᠭᠡᠨ ᠳᠤ ᠮᠢᠨᠢ ᠳᠠᠮᠠᠭ᠎ᠠ ᠪᠣᠯᠤᠨ ᠬᠤᠴᠤᠷᠠᠵᠠᠢ᠃
ᠳᠤᠯᠤᠭᠠᠢ ᠦᠭᠡᠶ ᠭᠦᠮᠤᠨ ᠴᠢᠯᠠᠭᠤ
ᠳᠤᠭᠤᠠᠳᠠᠮᠤᠷ ᠲᠤ ᠯᠠ ᠭᠤᠮᠳᠠᠬᠤ ᠪᠢᠰᠢ
ᠳᠣᠢ᠌ᠮᠠᠷ ᠳᠠᠯᠪᠢᠭᠰᠠᠨ ᠳᠦᠢᠳᠭᠡᠷ ᠭᠢᠯᠢᠠᠴᠠ ᠳᠤ ᠯᠠ ᠬᠤᠷᠤᠰᠠᠬᠤ ᠪᠢᠰᠢ
ᠳᠠᠮᠠᠭ᠎ᠠ ᠪᠠᠨ ᠡᠷᠭᠦᠭ᠍ᠰᠡᠨ ᠯᠢᠭ᠍ᠳᠡᠨ ᠤ ᠬᠠᠳᠤᠨ ᠳᠤ ᠯᠠ ᠠᠭᠤᠷᠯᠠᠬᠤ ᠪᠢᠰᠢ
ᠬᠠᠷᠢᠨ ᠁
ᠳᠤᠭᠤᠰᠤ ᠪᠣᠵᠢᠩᠨᠠᠭᠰᠠᠨ ᠰᠢᠷ᠎ᠠ ᠳᠠᠯ᠎ᠠ
ᠱᠠᠩᠳᠤ ᠶᠢᠨ ᠭᠤᠤᠯ ᠶᠢᠠᠨ ᠬᠠᠷᠠᠭᠠᠤᠨ ᠣᠶᠠᠷᠠᠵᠤ ᠪᠠᠢ᠌ᠨ᠎ᠠ
ᠳᠤᠷᠭᠠᠮᠠ ᠦᠭᠡᠶ ᠴᠠᠬᠠᠷ ᠤᠨ ᠨᠤᠳᠤᠭ ᠲᠤ
ᠱᠠᠩᠳᠤ ᠶᠢᠨ ᠭᠦᠮᠤᠨ ᠴᠢᠯᠠᠭᠤ ᠯᠠ ᠳᠡᠦᠭᠡ ᠪᠣᠯᠤᠨ ᠦᠯᠠᠳᠠᠵᠠᠢ᠃
2008 ᠣᠨ ᠤ 8 ᠰᠠᠷ᠎ᠠ ᠶᠢᠨ 15 ᠊ᠤ ᠡᠳᠦᠷ᠎ᠡ᠃ ᠰᠢᠯᠤᠭᠤᠨ ᠭᠦᠭᠡ ᠶᠢᠨ ᠱᠠᠩᠳᠤ ᠶᠢᠨ ᠪᠠᠭᠤᠷᠢ ᠳᠤ ᠣᠴᠢᠭᠠᠤᠨ ᠪᠢᠴᠢᠪᠠᠢ᠃
ᠵᠤᠬᠢᠶᠠᠭᠴᠢ ᠶᠢᠨ ᠬᠠᠶᠢᠭ ᠄ ᠺᠦᠷᠡᠯ᠎ᠡ ᠬᠤᠳᠠᠨ᠎ᠠ
ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 11 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ