ᠨᠡᠪᠲᠡᠷᠡᠨ ᠤᠷᠤᠬᠤ
ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠣᠢ

ᠢᠨᠢᠶᠠᠳᠤᠨ ᠤ ᠪᠠᠨ ᠳᠠᠯᠳᠠ ᠭᠢᠳᠤᠭ᠎ᠠ ᠨᠢᠭᠤᠵᠤ ᠴᠢᠳᠠᠳᠠᠭ ᠥᠭᠡᠢ

ᠢᠭᠢᠷ᠎ᠠ ᠶᠤᠮ ᠰᠢᠭ ᠨᠢᠳᠤ ᠵᠢᠷᠦᠭᠡ ᠬᠤᠶᠠᠷ ᠲᠤ ᠪᠠᠨ ᠢᠳᠡᠭᠡᠳᠡᠭ᠌

ᠠᠪᠣ ᠶᠢᠨ ᠶᠢᠡᠨ ᠬᠠᠳᠠᠭᠤ ᠰᠤᠷᠭᠠᠯ ᠳᠤ ᠡᠷ᠎ᠡ ᠭᠡᠵᠤ ᠥᠰᠦᠭ᠍ᠰᠡᠨ ᠪᠣᠯᠬᠤᠷ

ᠠᠠᠳᠠᠭᠠᠢ ᠳᠠᠰᠤᠯᠬᠤ ᠵᠤᠷᠢᠭ ᠭᠡᠵᠢᠶ᠎ᠡ ᠴᠤ ᠶᠤᠮ ᠭᠦᠷᠳᠡᠭ᠌ ᠦᠭᠡᠶ᠂

ᠬᠠᠶᠠ ᠣᠨᠠᠬᠤ ᠨᠠᠪᠴᠢᠰ ᠢ ᠬᠠᠷᠠᠬᠤ ᠡᠴᠡ ᠪᠠᠨ ᠭᠦᠷᠳᠡᠯ᠎ᠡ ᠳᠠᠯᠳᠠᠷᠢᠳᠠᠭ

ᠬᠠᠨ ᠠᠭᠤᠯᠠ ᠶᠢᠨ ᠶᠢᠡᠨ ᠣᠷᠤᠢ ᠳᠤ ᠭᠢᠳᠤᠭ᠎ᠠ ᠳᠠᠢ᠌ᠵᠤ ᠵᠢᠷᠦᠭᠡᠯᠡᠳᠡᠭ᠌ ᠥᠭᠡᠢ

ᠬᠠᠨ᠎ᠠ ᠪᠠᠷ ᠪᠣᠯᠳᠠᠯᠵᠠᠬᠤ ᠣᠭᠤᠳᠤᠨ᠎ᠠ ᠶᠢ ᠥᠭᠡᠷ ᠤᠨ ᠳᠠᠯᠠᠯᠤᠭ᠎ᠠ ᠭᠡᠵᠤ ᠥᠵᠡᠳᠡᠭ᠌

ᠬᠠᠰᠠᠭ ᠤᠨ ᠶᠢᠡᠨ ᠬᠦᠩᠭᠡᠨ ᠮᠥᠭᠡᠷ ᠶᠢᠡᠷ ᠳᠡᠯᠡᠭᠡᠢ ᠪᠠᠨ ᠣᠩᠰᠢᠵᠤ ᠨᠡᠭᠦᠳᠡᠭ᠌᠂

ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠣᠢ

ᠢᠩᠭᠢᠵᠤ ᠯᠠ ᠪᠢ ᠳᠠᠭᠠᠨ᠎ᠠ ᠶᠢᠨ ᠶᠢᠡᠨ ᠵᠤᠯᠠᠢ ᠡᠴᠡ ᠠᠳᠢᠰᠯᠠᠳᠠᠭ

ᠢᠩᠭᠢᠵᠤ ᠯᠠ ᠪᠢ ᠳᠠᠯ᠎ᠠ ᠶᠢᠨ ᠶᠢᠡᠨ ᠰᠠᠯᠭᠢᠨ ᠳᠤ ᠳᠠᠨᠢᠭᠳᠠᠳᠠᠭ᠃


ᠭᠤᠤᠯ ᠤᠨ ᠣᠰᠤᠨ ᠤ ᠳᠡᠭᠡᠳᠤ ᠳᠤ ᠦᠨᠡᠰᠤᠨ ᠤ ᠮᠦᠷ ᠥᠵᠡᠭᠦᠯᠳᠡᠭ᠌ ᠥᠭᠡᠢ

ᠭᠠᠯ ᠤᠨ ᠪᠣᠷᠬᠠᠨ ᠶᠢᠡᠨ ᠵᠠᠯᠠᠬᠤ ᠪᠠᠷ ᠣᠳᠤᠨ ᠤ ᠭᠡᠭᠡ ᠶᠢ ᠭᠦᠯᠢᠶᠡᠳᠡᠭ᠌

ᠢᠵᠢ᠌ ᠶᠢᠨ ᠶᠢᠡᠨ ᠯᠠ ᠴᠠᠭᠠᠨ ᠰᠦ᠋ ᠶᠢ ᠰᠢᠮᠠᠵᠤ ᠥᠰᠦᠭ᠍ᠰᠡᠨ ᠪᠣᠯᠬᠤᠷ

ᠢᠯᠡᠭᠦᠤ ᠬᠠᠷ᠎ᠠ ᠰᠡᠳᠭᠢᠯ ᠶᠠᠭᠠᠭᠢᠭᠠᠤᠨ ᠴᠤ ᠶᠤᠮ ᠳᠦᠷᠦᠳᠡᠭ᠌ ᠦᠭᠡᠶ᠂

ᠪᠠᠭᠤᠴᠠ ᠠᠨᠢᠷᠳᠤᠬᠤ ᠮᠤᠭᠠᠢ ᠶᠢ ᠰᠦ᠋ ᠪᠠᠷ ᠠᠷᠢᠭᠤᠯᠠᠵᠤ ᠥᠳᠡᠳᠡᠭ᠌

ᠪᠣᠯᠠᠭᠠᠨ ᠤ ᠴᠠᠭᠠᠨᠠᠭᠢ ᠰᠤᠯᠤᠩᠭ᠋ᠠᠨ ᠳᠤ ᠬᠤᠷᠤᠭᠤᠨ ᠤ ᠬᠡ ᠬᠠᠷᠠᠭᠤᠯᠳᠠᠭ ᠥᠭᠡᠢ

ᠪᠣᠳᠤᠭᠤ ᠪᠠᠨ ᠮᠠᠷᠳᠠᠭᠰᠠᠨ ᠢᠩᠭᠡ ᠶᠢ ᠬᠤᠭᠤᠷ ᠤᠨ ᠡᠭᠡᠰᠢᠭᠡᠨ ᠳᠤ ᠣᠶᠠᠷᠠᠭᠤᠯᠳᠠᠭ

ᠪᠠᠭᠤᠭᠰᠠᠨ ᠠᠢ᠌ᠯ ᠤᠨ ᠶᠢᠡᠨ ᠪᠣᠱᠤᠭ᠎ᠠ ᠲᠡᠶ ᠳᠠᠰᠢᠭᠤᠷ ᠪᠠᠷᠢᠵᠤ ᠵᠤᠯᠭᠠᠳᠠᠭ ᠦᠭᠡᠶ᠂

ᠢᠩᠭᠢᠵᠤ ᠯᠠ ᠪᠢ ᠮᠤᠷᠢᠨ ᠤ ᠨᠢᠷᠤᠭᠤᠨ ᠳᠤ ᠳᠤᠭᠳᠠᠳᠠᠭ

ᠢᠩᠭᠢᠵᠤ ᠯᠠ ᠪᠢ ᠮᠤᠩᠭ᠋ᠤᠯ ᠤᠨ ᠶᠢᠡᠨ ᠳᠡᠭ᠍ᠷᠢ ᠳᠤ ᠪᠠᠭᠳᠠᠳᠠᠭ

ᠡᠢ᠌ᠮᠤ ᠯᠠ ᠮᠤᠩᠭ᠋ᠤᠯ ᠠᠷᠠᠠᠰᠢᠨ ᠨᠠᠳᠠ ᠳᠤ ᠪᠠᠢ᠌ᠭᠰᠠᠭᠠᠷ ᠁


                     ᠊᠊᠊᠊᠊᠊᠊᠊᠊᠊᠊᠊᠊᠊᠊ 2010.11.27

                    ᠮᠥᠭ᠍ᠳᠡᠨ ᠬᠤᠳᠠ


ᠵᠤᠬᠢᠶᠠᠭᠴᠢ ᠶᠢᠨ ᠬᠠ‍‌ᠶᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠨᠠ᠊·ᠰᠦᠬᠡ‍ᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 11 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ