ᠨᠡᠪᠲᠡᠷᠡᠨ ᠤᠷᠤᠬᠤ
ᠵᠠᠷᠢᠮ ᠭᠦᠮᠤᠨ

ᠣᠷᠳᠤ ᠳᠡᠷᠯᠢᠭ᠌ ᠶᠢᠡᠨ ᠪᠣᠯᠭᠢ ᠭᠡᠵᠤ

ᠣᠭᠳᠤᠷ ᠬᠤᠪᠴᠠᠰᠤ ᠡᠮᠦᠰᠴᠤ ᠦᠵᠡᠯ᠎ᠠ

ᠣᠷᠠᠭᠠᠨ ᠵᠡᠭᠡᠷ ᠶᠢᠡᠨ ᠣᠳᠠᠭᠠᠨ ᠭᠡᠵᠤ

ᠮᠤᠳᠤᠷ ᠣᠨᠤᠭᠠᠤᠨ ᠨᠢᠰᠭᠡᠵᠤ ᠦᠵᠡᠯ᠎ᠠ

ᠬᠤᠨᠢ ᠮᠠᠯ ᠶᠢᠡᠨ ᠣᠷᠤᠯᠭ᠎ᠠ ᠳᠤᠤᠷ᠎ᠠ ᠭᠡᠵᠤ

ᠳᠠᠭᠢᠶ᠎ᠠ ᠭᠠᠯᠠᠭᠤ ᠮᠠᠯᠵᠢᠵᠤ ᠦᠵᠡᠯ᠎ᠠ

ᠬᠤᠷᠭᠤᠢ ᠳᠠᠯ᠎ᠠ ᠪᠠᠨ ᠬᠤᠪᠢᠰᠭᠠᠵᠤ ᠪᠠᠢ᠌ᠨ᠎ᠠ ᠭᠡᠵᠤ

ᠰᠠᠳᠤᠨ ᠳᠠᠷᠢᠶ᠎ᠠ ᠭᠠᠷᠭᠠᠵᠤ ᠦᠵᠡᠯ᠎ᠠ

ᠮᠤᠩᠭ᠋ᠤᠯ ᠥᠭᠡ ᠭᠡᠷᠡᠭ᠌ ᠦᠭᠡᠶ ᠭᠡᠵᠤ

ᠬᠠᠷᠢ ᠭᠡᠯᠡ ᠶᠢ ᠣᠷᠤᠯᠳᠤᠵᠤ ᠦᠵᠡᠯ᠎ᠠ

ᠮᠤᠩᠭ᠋ᠤᠯ ᠳᠤᠯᠤᠭᠠᠢ ᠴᠢᠨᠢ ᠡᠷᠭᠢᠭᠦᠤ ᠶᠤᠮ ᠪᠣᠯ

ᠮᠤᠯᠭᠤ ᠳᠠᠳᠠᠭᠠᠤᠨ ᠬᠠᠶᠠᠴᠢᠬᠠᠳᠠᠭ ᠪᠣᠯᠪᠠᠤ︖


ᠵᠤᠬᠢᠶᠠᠭᠴᠢ ᠶᠢᠨ ᠬᠠᠶ‍ᠢᠭ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2962
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ