ᠨᠡᠪᠲᠡᠷᠡᠨ ᠤᠷᠤᠬᠤ
ᠰᠢᠠᠵᠢᠶᠠᠩ ᠤᠨ ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ ᠤᠨ ᠳᠡᠦᠭᠡ ᠶᠢᠨ ᠣᠢ᠌ᠯᠠᠳᠤᠯ ᠤᠨ ᠳᠤᠬᠠᠢ

     [ ᠳᠤᠪᠴᠢ ᠠᠭᠤᠯᠭ᠎ᠠ ] 1935 ᠣᠨ ᠤ 1 ᠰᠠᠷ᠎ᠠ ᠳᠤ 《ᠰᠢᠠᠵᠢᠶᠠᠩ ᠤᠨ ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ》 ᠪᠠᠢ᠌ᠭᠤᠯᠤᠭᠳᠠᠭᠰᠠᠨ ᠡᠴᠡ ᠬᠣᠢ᠌ᠰᠢ᠂ ᠳᠤᠬᠠᠢ ᠦᠶ᠎ᠡ ᠶᠢᠨ ᠮᠤᠵᠢ ᠶᠢᠨ ᠵᠠᠰᠠᠭ ᠤᠨ ᠳᠠᠪᠰᠢᠩᠭ᠋ᠤᠢ ᠳᠦᠷᠤ ᠶᠢᠨ ᠪᠣᠳᠤᠯᠭ᠎ᠠ ᠪᠣᠯᠤᠨ ᠳᠤᠰ ᠬᠤᠷᠠᠯ ᠤᠨ ᠬᠠᠤᠯᠢ ᠶᠤᠰᠤᠨ ᠳᠤ ᠨᠡᠢ᠌ᠴᠡᠭᠦ ᠭᠡᠯᠪᠠᠷᠢ ᠶᠢ ᠠᠰᠢᠭᠯᠠᠵᠤ᠂ ᠰᠢᠠᠵᠢᠶᠠᠩ ᠤᠨ ᠮᠤᠩᠭ᠋ᠤᠯᠴᠤᠳ ᠲᠦᠪᠯᠡᠷᠠᠨ ᠰᠠᠭᠤᠭ᠎ᠠ ᠭᠠᠵᠠᠷ ᠣᠷᠤᠨ ᠪᠦᠭᠦᠨ ᠳᠤ ᠬᠤᠪᠢᠶᠠᠷᠢ ᠬᠤᠷᠠᠯ ᠪᠣᠯᠤᠨ ᠮᠤᠩᠭ᠋ᠤᠯ ᠰᠤᠷᠭᠠᠭᠤᠯᠢ ᠪᠠᠢ᠌ᠭᠤᠯᠵᠤ᠂ ᠵᠦᠪᠯᠠᠯᠳᠤ ᠬᠤᠯᠪᠣᠭᠠᠳᠤ ᠣᠯᠤᠰ ᠲᠤ ᠰᠤᠷᠤᠭᠴᠢ ᠳᠤᠮᠢᠯᠠᠨ ᠰᠤᠷᠤᠯᠴᠠᠭᠤᠯᠵᠤ᠂ ᠰᠤᠶᠤᠯ᠂ ᠪᠠᠶ᠎ᠠ ᠳᠠᠮᠢᠷ ᠤᠨ ᠭᠦᠳᠡᠯᠭᠡᠭᠡᠨ ᠢ ᠦᠷᠨᠢᠭᠦᠯᠭᠦ ᠪᠣᠶᠤ ᠠᠵᠤ ᠠᠬᠤᠢ ᠶᠢ ᠰᠡᠷᠭᠦᠭᠡᠨ ᠭᠦᠭ᠍ᠵᠢᠭᠦᠯᠭᠦ ᠵᠡᠷᠭᠡ ᠠᠵᠢᠯ ᠣᠢ᠌ᠯᠠᠰ ᠢ ᠭᠦᠭ᠍ᠵᠢᠭᠦᠯᠤᠨ ᠠᠭᠢᠭᠤᠯᠤᠭᠰᠠᠨ ᠪᠢᠯᠠ᠃ ᠡᠳᠡᠭᠡᠷ ᠣᠢ᠌ᠯᠠ ᠠᠵᠢᠯᠯᠠᠭ᠎ᠠ ᠪᠣᠯ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠳᠡᠦᠭᠡᠨ ᠳᠡᠭᠡᠷ᠎ᠡ ᠡᠭᠦᠰᠪᠦᠷᠢ ᠶᠢᠨ ᠴᠢᠨᠠᠷ ᠲᠡᠶ ᠠᠵᠢᠯ ᠪᠣᠯᠬᠤ ᠪᠦᠭᠡᠳ ᠰᠢᠡᠵᠢᠶᠡᠩ ᠤᠨ ᠮᠤᠩᠭ᠋ᠤᠯ ᠦᠨᠳᠦᠰᠦᠳᠠᠨ ᠤ ᠣᠷᠴᠢᠨ ᠦᠶ᠎ᠡ ᠶᠢᠨ ᠰᠤᠶᠤᠯ᠂ ᠰᠤᠷᠭᠠᠨ ᠭᠦᠮᠦᠵᠢᠯ ᠵᠡᠷᠭᠡ ᠣᠢ᠌ᠯᠠᠰ ᠤᠨ ᠡᠭᠡ ᠡᠭᠦᠰᠦᠯ ᠨᠢ ᠪᠣᠯᠤᠨ᠎ᠠ᠃

     [ ᠲᠦᠯᠭᠢᠭᠦᠷ ᠥᠭᠡ ] ᠢᠷᠭᠡᠨ ᠣᠯᠤᠰ ᠤᠨ ᠦᠶ᠎ᠡ᠂ 《ᠰᠢᠠᠵᠢᠶᠠᠩ ᠤᠨ ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ》᠂ ᠳᠡᠦᠭᠡᠨ ᠣᠢ᠌ᠯᠠᠳᠤᠯ

       ᠨᠢᠭᠡ᠂ ᠳᠡᠦᠭᠡ ᠶᠢᠨ ᠠᠬᠤᠢ ᠪᠠᠢ᠌ᠳᠠᠯ

      ᠶᠢᠨ ᠰᠢᠤ ᠷᠧᠨ ᠤ ᠳᠡᠷᠰᠯᠡᠭᠦᠤ ᠨᠤᠶᠠᠷᠬᠠᠯ ᠢ ᠡᠰᠡᠷᠭᠦᠴᠡᠭ᠍ᠰᠡᠨ ᠬᠠᠮᠢᠯ ᠤᠨ ᠳᠠᠷᠢᠶᠠᠴᠢᠨ ᠤ ᠪᠣᠰᠤᠯᠭ᠎ᠠ ᠶᠢᠨ ᠴᠢᠨᠠᠷ ᠨᠢ ᠬᠤᠪᠢᠷᠠᠵᠤ ᠦᠨᠳᠦᠰᠦᠳᠠᠨ ᠤ ᠥᠰᠢᠶᠡᠷᠭᠡᠨ ᠠᠯᠠᠬᠤ ᠪᠠ ᠸᠠᠩ ᠤᠨ ᠳᠦᠷᠢᠮ ᠢ ᠰᠡᠷᠭᠦᠭᠡᠭᠦ ᠳᠡᠷᠰᠯᠡᠭᠦᠤ ᠣᠷᠪᠠᠯᠭ᠎ᠠ [1] ᠪᠣᠯᠤᠨ ᠬᠤᠪᠢᠷᠠᠭᠰᠠᠨ ᠳᠤ ᠬᠤᠵᠠᠨᠢᠶᠠᠽᠢ ᠭᠦᠮᠤᠨ ᠳᠤᠮᠢᠯᠠᠨ ᠭᠠᠠᠰᠤ ᠶᠢᠨ ᠵᠢᠤᠴᠤᠸᠠᠨ ᠳᠤ ᠣᠴᠢᠭᠤᠯᠵᠤ ᠮᠠ ᠵᠦᠩ ᠶ‍ᠢᠩ ᠢ ᠥᠳᠦᠭᠡᠨ ᠠᠪᠴᠢᠷᠠᠵᠠᠢ᠃ ᠮᠠ ᠵᠦᠩ ᠶ‍ᠢᠩ ᠄ 《ᠢᠰᠯᠠᠮ ᠱᠠᠰᠢᠠᠳᠠᠨ ᠠᠬ᠎ᠠ ᠳᠡᠭᠦᠤ ᠨᠡᠷ ᠶᠢᠡᠨ ᠠᠪᠣᠷᠠᠨ᠎ᠠ》 [2]᠂ 《ᠢᠰᠯᠠᠮ ᠱᠠᠰᠢᠠᠳᠤ ᠣᠯᠤᠰ ᠪᠠᠢ᠌ᠭᠤᠯᠤᠨ᠎ᠠ》 [3] ᠭᠡᠭᠦ ᠣᠷᠢᠶ᠎ᠠ ᠬᠠᠰᠭᠢᠷᠠᠵᠤ ᠬᠠᠷᠢᠶᠠᠳᠤ ᠴᠡᠷᠢᠭ᠌ ᠶᠢᠡᠨ ᠳᠠᠢ᠌ᠴᠢᠯᠠᠭᠠᠤᠨ 1931 ᠣᠨ ᠤ 5 ᠰᠠᠷ᠎ᠠ ᠳᠤ ᠰᠢᠠᠵᠢᠶᠠᠩ ᠳᠤ ᠣᠷᠤᠵᠤ ᠢᠷᠡᠭᠡᠳ ᠬᠠᠮᠢᠯ ᠳ᠋ᠠᠭᠢ ᠬᠤᠵᠠᠨᠢᠶᠠᠽᠢ ᠵᠡᠷᠭᠡ ᠭᠦᠮᠦᠰ ᠯᠦᠭᠡ ᠰᠥᠯᠪᠠᠭᠡᠯᠳᠤᠨ ᠬᠤᠤᠪᠢᠯᠳᠤᠵᠤ᠂ ᠢᠰᠯᠠᠮ ᠤᠨ ᠱᠠᠰᠢᠠᠳᠠᠨ ᠪᠣᠰᠤ ᠦᠨᠳᠦᠰᠦᠳᠠᠨ ᠨᠤᠭᠦᠳ ᠢ ᠭᠠᠳᠠᠭᠤᠷᠴᠢᠯᠠᠵᠤ᠂ 《ᠦᠨᠳᠦᠰᠦᠳᠠᠨ ᠪᠣᠯᠤᠨ ᠱᠠᠰᠢᠨ ᠤ ᠥᠰᠢᠶᠡᠷᠭᠡᠨ ᠠᠯᠠᠬᠤ》 ᠶᠠᠯᠠᠳᠤ ᠠᠵᠢᠯᠯᠠᠭ᠎ᠠ ᠶᠢ ᠶᠡᠭᠡᠪᠠᠷ ᠭᠢᠪᠠ᠃

     ᠡᠨᠡ ᠶᠠᠪᠣᠳᠠᠯ ᠨᠢ ᠰᠢᠠᠵᠢᠶᠠᠩ ᠤᠨ ᠠᠮᠤᠷ ᠲᠦᠪᠰᠢᠨ ᠳᠤ ᠭᠦᠡᠳᠤ ᠨᠤᠴᠢᠳᠠᠢ ᠰᠦᠷᠳᠡᠭᠦᠯᠦᠯ ᠪᠣᠯᠤᠭᠰᠠᠨ ᠳᠤ᠂ ᠳᠤᠬᠠᠢ ᠶᠢᠨ ᠦᠶ᠎ᠡ ᠵᠢᠨ ᠰᠢᠠᠵᠢᠶᠠᠩ ᠤᠨ ᠡᠷᠭᠡ ᠪᠠᠷᠢᠭᠴᠢ ᠶᠢᠨ ᠰᠢᠤ ᠷᠧᠨ ᠮᠠᠰᠢ ᠪᠠᠴᠢᠮᠳᠠᠵᠤ᠂ ᠳᠤᠷᠭᠤᠳ ᠤᠨ ᠡᠮᠦᠨ᠎ᠡ ᠠᠢ᠌ᠮᠠᠭ ᠤᠨ ᠰᠢᠠᠴᠢᠨ ᠭᠡᠭᠡᠨ ᠢ ᠴᠡᠷᠢᠭ᠌ ᠳᠠᠢ᠌ᠴᠢᠯᠠᠨ ᠬᠠᠮᠢᠯ ᠳᠤ ᠳᠦᠷᠭᠡᠨ ᠣᠴᠢᠵᠤ ᠳᠠᠢ᠌ᠨ ᠳᠤ ᠣᠷᠤᠯᠴᠠ ︕ ᠭᠡᠵᠤ ᠵᠠᠷᠯᠢᠭᠳᠠᠬᠤ ᠶᠢᠨ ᠵᠡᠷᠭᠡᠪᠠᠷ ᠣᠯᠠᠨ ᠣᠳᠠᠭ᠎ᠠ ᠪᠠᠴᠢᠮ ᠴᠠᠭᠢᠯᠭᠠᠨ ᠮᠡᠳᠡᠭᠡ [ 4 ] ᠶᠠᠪᠣᠭᠤᠯᠵᠤ ᠰᠢᠬᠠᠮᠳᠠᠭᠤᠯᠤᠭᠰᠠᠨ ᠪᠣᠯᠪᠠᠴᠤ᠂ ᠰᠢᠠᠴᠢᠨ ᠭᠡᠭᠡᠨ ᠣᠭᠳᠤ ᠴᠡᠷᠢᠭ᠌ ᠭᠦᠳᠡᠯᠭᠡᠭᠦ ᠦᠭᠡᠶ ᠪᠠᠷ ᠦᠯᠦ ᠪᠠᠷᠠᠨ᠂ ᠬᠠᠮᠢᠯ ᠳ᠋ᠠᠭᠢ ᠮᠤᠵᠢ ᠶᠢᠨ ᠵᠠᠰᠠᠭ ᠤᠨ ᠭᠠᠵᠠᠷ ᠤᠨ ᠡᠰᠡᠷᠭᠦ ᠡᠳᠡᠭᠡᠳ ᠯᠦᠭᠡ ᠳᠠᠯᠳᠠᠭᠤᠷ ᠰᠥᠯᠪᠠᠭᠡᠯᠳᠦᠭᠡᠳ ᠮᠤᠵᠢ ᠶᠢᠨ ᠵᠠᠰᠠᠭ ᠤᠨ ᠭᠠᠵᠠᠷ ᠢ ᠨᠤᠷᠠᠭᠠᠬᠤ ᠪᠠᠷ ᠣᠷᠤᠯᠳᠤᠭᠰᠠᠨ ᠳᠤ᠂ ᠮᠤᠵᠢ ᠶᠢᠨ ᠵᠠᠰᠠᠭ ᠤᠨ ᠭᠠᠵᠠᠷ ᠡᠴᠡ 《ᠴᠡᠷᠢᠭ᠌ ᠤᠨ ᠵᠠᠷᠯᠢᠭ ᠵᠦᠷᠢᠴᠠᠵᠤ᠂ ᠳᠡᠭᠡᠷᠡᠮ ᠯᠦᠭᠡ ᠰᠥᠯᠪᠠᠭᠡᠯᠳᠦᠪᠡ》 ᠭᠡᠭᠦ ᠶᠠᠯ᠎ᠠ ᠳᠤᠯᠭᠠᠨ ᠳᠡᠭᠦᠨ ᠢ ᠪᠠᠷᠢᠪᠴᠢᠯᠠᠵᠤ᠂ 1932 ᠣᠨ ᠤ 5 ᠰᠠᠷ᠎ᠠ ᠳᠤ ᠫᠣᠤᠳᠠᠨ ᠠᠯᠠᠪᠠ [ 5 ]᠃

     ᠳᠤᠰ ᠵᠢᠯ ᠤᠨ 8 ᠰᠠᠷ᠎ᠠ ᠳᠤ ᠮᠠ ᠵᠦᠩ ᠶ‍ᠢᠩ ᠬᠤᠶᠠᠳᠤᠭᠠᠷ ᠣᠳᠠᠭ᠎ᠠ ᠰᠢᠠᠵᠢᠶᠠᠩ ᠳᠤ ᠣᠷᠤᠵᠤ ᠢᠷᠡᠭᠡᠳ ᠪᠠᠰᠠ ᠨᠢᠭᠡ ᠣᠳᠠᠭᠠᠨ ᠤ《ᠦᠨᠳᠦᠰᠦᠳᠠᠨ ᠪᠣᠯᠤᠨ ᠱᠠᠰᠢᠨ ᠤ ᠥᠰᠢᠶᠡᠷᠭᠡᠨ ᠠᠯᠠᠬᠤ》 ᠶᠠᠯᠠᠳᠤ ᠭᠡᠷᠡᠭ᠌ ᠢ ᠭᠢᠪᠠ᠃ ᠡᠨᠡ ᠭᠦ ᠴᠢᠮᠡᠭᠡ ᠶᠢ ᠡᠯ᠎ᠡ ᠦᠨᠳᠦᠰᠦᠳᠠᠨ ᠤ ᠠᠷᠠᠤᠨ ᠲᠦᠮᠡᠨ ᠣᠯᠵᠤ ᠰᠤᠨᠤᠰᠤᠭᠠᠤᠨ ᠲᠤᠩ ᠠᠶᠤᠨ ᠰᠦᠷᠳᠠᠪᠠ᠃ ᠢᠯᠠᠩᠭ᠋ᠤᠶ᠎ᠠ᠂ ᠰᠢᠠᠵᠢᠶᠠᠩ ᠤᠨ ᠭᠦᠮᠤᠨ ᠠᠮᠠ ᠶᠢᠨ ᠣᠯᠠᠩᠭᠢ ᠶᠢ ᠡᠵᠡᠯᠡᠭᠦ ᠢᠰᠯᠠᠮ ᠱᠠᠰᠢᠠᠳᠠᠨ ᠳᠤᠮᠳᠠ ᠲ᠋ᠠᠷᠬᠠᠢ ᠪᠣᠳᠠᠷᠬᠠᠢ ᠰᠠᠭᠤᠷᠢᠰᠢᠵᠤ ᠪᠠᠢ᠌ᠭᠰᠠᠨ ᠮᠤᠩᠭ᠋ᠤᠯᠴᠤᠳ ᠡᠨᠡ ᠴᠢᠮᠡᠭᠡ ᠶᠢ ᠰᠤᠨᠤᠰᠤᠭᠠᠤᠨ ᠮᠠᠰᠢ ᠰᠤᠴᠢᠨ ᠭᠡᠯᠮᠡᠭ᠍ᠳᠡᠵᠡᠢ᠃ ᠳᠠᠳᠠᠨᠤᠰ ᠤᠨ ᠶᠠᠯᠠᠳᠤ ᠠᠵᠢᠯᠯᠠᠭ᠎ᠠ ᠨᠢ ᠰᠢᠠᠵᠢᠶᠠᠩ ᠤᠨ ᠮᠤᠩᠭ᠋ᠤᠯᠴᠤᠳ ᠤᠨ ᠦᠨᠳᠦᠰᠦᠳᠠᠨ ᠪᠣᠯᠤᠨ ᠱᠠᠰᠢᠨ ᠶᠢᠡᠨ ᠭᠦᠡᠳᠦᠳᠭᠡᠭᠦ ᠰᠡᠳᠬᠢᠯᠭᠡ ᠶᠢ ᠨᠢ ᠭᠦᠡᠳᠤ ᠨᠤᠴᠢᠳᠠᠢ ᠪᠠᠷ ᠳᠠᠯᠭᠢᠭᠳᠠᠭᠰᠠᠨ ᠪᠠ ᠴᠠᠭᠠᠰᠢᠯᠠᠪᠠᠯ ᠨᠢᠭᠡᠨᠲᠡ ᠣᠷᠤᠰᠢᠨ ᠳᠤᠭᠳᠠᠨᠢᠬᠤ ᠭᠢᠭᠡᠳ ᠮᠥᠭᠦᠵᠤ ᠰᠦᠨᠤᠵᠤ ᠠᠶᠤᠯ ᠳᠤᠯᠭᠠᠷᠠᠭᠰᠠᠨ ᠪᠠᠢ᠌ᠨ᠎ᠠ᠃

     ᠡᠢ᠌ᠮᠤ ᠵᠠᠩᠭᠢᠯᠭ᠎ᠠ ᠶᠢᠨ ᠦᠶ᠎ᠡ ᠳᠤ᠂ ᠦᠨᠳᠦᠰᠦᠳᠠᠨ ᠤ ᠪᠠᠨ ᠡᠷᠭᠡ ᠠᠰᠢᠭ ᠢ ᠬᠠᠮᠠᠭᠠᠯᠠᠬᠤ ᠶᠢᠨ ᠲᠦᠯᠦᠭᠡ᠂ ᠡᠮᠦᠨ᠎ᠡ ᠰᠢᠠᠵᠢᠶᠠᠩ ᠤᠨ ᠳᠡᠭᠡᠷᠡᠮ ᠢ ᠣᠰᠠᠳᠬᠠᠬᠤ ᠳᠠᠳ᠋ ᠶᠡᠷᠦᠩᠭᠡᠢ ᠵᠢᠯᠤᠭᠤᠳᠤᠭᠴᠢ [6] ᠰᠢᠠᠵᠢᠶᠠᠩ ᠤᠨ ᠮᠤᠩᠭ᠋ᠤᠯ ᠮᠤᠷᠢᠳᠤ ᠴᠡᠷᠢᠭ᠌ ᠤᠨ ᠬᠤᠰᠢᠭᠤᠴᠢ ᠭᠧᠨᠧᠷᠡᠯ ᠰᠢᠯᠢᠭ᠌ [7] ᠬᠤᠱᠤᠳ ᠤᠨ ᠪᠠᠠᠳᠢ [8] ᠪᠠᠢ᠌ᠰᠠ ᠲᠡᠶ ᠬᠠᠮᠳᠤ᠂ ᠡᠮᠦᠨ᠎ᠡ ᠳᠤᠷᠭᠤᠳ ᠠᠢ᠌ᠮᠠᠭ ᠪᠠ ᠬᠤᠱᠤᠳ ᠠᠢ᠌ᠮᠠᠭ ᠤᠨ ᠡᠷᠡᠯᠭᠡᠭ᠌ ᠪᠠᠭᠠᠳᠤᠷ ᠮᠤᠷᠢᠳᠤ ᠴᠡᠷᠢᠭ᠌ ᠢ ᠳᠠᠢ᠌ᠴᠢᠯᠠᠭᠠᠤᠨ ᠬᠠᠮᠢᠯ ᠳᠤ ᠭᠦᠷᠴᠤ ᠳᠠᠢ᠌ᠨ ᠳᠤ ᠣᠷᠤᠯᠴᠠᠨ᠂ ᠦᠨᠳᠦᠰᠦᠳᠠᠨ ᠤ ᠥᠰᠢᠶᠡᠷᠭᠡᠨ ᠠᠯᠠᠬᠤ ᠠᠵᠢᠯᠯᠠᠭ᠎ᠠ ᠶᠢ ᠡᠷᠡᠰ ᠶᠢᠡᠷ ᠡᠰᠡᠷᠭᠦᠴᠡᠭ᠍ᠰᠡᠨ ᠪᠠᠢ᠌ᠪᠠ᠃ 《ᠢᠷᠭᠡᠨ ᠣᠯᠤᠰ ᠤᠨ ᠦᠶ᠎ᠡ ᠶᠢᠨ ᠰᠢᠠᠵᠢᠶᠠᠩ ᠤᠨ ᠳᠡᠦᠭᠡ》 ᠳ᠋ᠤ ᠄ 《 ᠶᠢᠨ ᠰᠢᠤ ᠷᠧᠨ ᠡᠴᠡ ᠱᠸᠩ ᠱᠢ ᠼᠠᠢ ᠪᠣᠯᠤᠨ ᠡᠮᠦᠨ᠎ᠡ ᠰᠢᠠᠵᠢᠶᠠᠩ ᠳᠤ ᠰᠠᠭᠤᠭ᠎ᠠ ᠴᠧᠨ ᠫᠢᠨ ᠰᠢᠤ᠂ ᠰᠢᠯᠢᠭ᠌ ᠤᠨ ᠮᠤᠷᠢᠳᠤ ᠴᠡᠷᠢᠭ᠌ ᠢ ᠳᠤᠷᠫᠠᠨ᠂ ᠫᠢᠴᠠᠨ᠂ ᠳᠤᠬᠤᠰᠤᠨ ᠳᠤ ᠣᠴᠢᠵᠤ ᠳᠤᠰᠯᠠ ︕ ᠭᠡᠵᠤ ᠵᠠᠷᠯᠢᠭᠳᠠᠭᠰᠠᠨ ᠳᠤ᠂ ᠳᠠᠳᠠᠨ ᠤ ᠵᠢᠯᠤᠭᠤᠳᠬᠤ ᠨᠢ ᠭᠠᠷᠮᠠᠭᠠᠢ ᠡᠴᠡ ᠪᠣᠯᠵᠤ ᠪᠠᠢ᠌ᠯᠳᠤᠬᠤ ᠪᠦᠷᠢ ᠢᠯᠠᠯᠳᠠ ᠣᠯᠵᠤ ᠪᠠᠢ᠌ᠯ᠎ᠠ》 [9] ᠭᠡᠵᠤ ᠦᠨᠳᠦᠰᠦᠳᠠᠨ ᠤ ᠪᠠᠨ ᠡᠷᠭᠡ ᠠᠰᠢᠭ ᠤᠨ ᠲᠦᠯᠦᠭᠡ ᠪᠠᠭᠠᠳᠤᠷᠯᠢᠭ ᠶᠢᠡᠷ ᠪᠠᠢ᠌ᠯᠳᠤᠵᠤ ᠪᠠᠢ᠌ᠭᠰᠠᠨ ᠪᠠᠢ᠌ᠳᠠᠯ ᠢ ᠳᠤᠪᠴᠢ ᠣᠨᠤᠪᠴᠢᠳᠠᠢ ᠳᠡᠮᠳᠡᠭᠯᠡᠵᠡᠢ᠃

     ᠱᠸᠩ ᠱᠢ ᠼᠠᠢ ᠰᠢᠠᠵᠢᠶᠠᠩ ᠤᠨ ᠡᠯ᠎ᠡ ᠦᠨᠳᠦᠰᠦᠳᠠᠨ ᠤ ᠠᠷᠠᠤᠨ ᠲᠦᠮᠡᠨ ᠢ ᠳᠦᠰᠢᠭᠯᠡᠵᠤ᠂ ᠢᠯᠠᠩᠭ᠋ᠤᠶ᠎ᠠ ᠳᠤᠬᠠᠢ ᠦᠶ᠎ᠡ ᠶᠢᠨ ᠰᠢᠠᠵᠢᠶᠠᠩ ᠤᠨ ᠢᠰᠯᠠᠮ ᠤᠨ ᠱᠠᠰᠢᠠᠳᠠᠨ ᠪᠣᠰᠤ ᠭᠤᠤᠯ ᠦᠨᠳᠦᠰᠦᠳᠠᠨ ᠪᠣᠯᠬᠤ ᠭᠢᠳᠠᠤᠨ᠂ ᠮᠤᠩᠭ᠋ᠤᠯ ᠵᠡᠷᠭᠡ ᠦᠨᠳᠦᠰᠦᠳᠠᠨ ᠤ ᠠᠷᠠᠤᠨ ᠲᠦᠮᠡᠨ ᠪᠣᠯᠤᠨ ᠵᠦᠪᠯᠠᠯᠳᠤ ᠬᠤᠯᠪᠣᠭᠠᠳᠤ ᠣᠯᠤᠰ ᠤᠨ ᠳᠡᠮᠵᠢᠯᠭᠡ ᠪᠠᠷ ᠮᠠ ᠵᠦᠩ ᠶ‍ᠢᠩ ᠢ ᠳᠠᠢ᠌ᠯᠠᠨ ᠳᠠᠷᠤᠵᠤ ᠳᠠᠢ᠌ᠨ ᠢ ᠳᠦᠪᠰᠢᠳᠭᠡᠭᠡᠳ᠂ ᠰᠢᠠᠵᠢᠶᠠᠩ ᠢ ᠨᠤᠶᠠᠷᠬᠠᠬᠤ ᠡᠷᠭᠡ ᠶᠢ ᠭᠠᠷᠳᠠᠨ ᠠᠪᠣᠭᠰᠠᠨ ᠡᠴᠡ ᠬᠣᠢ᠌ᠰᠢ᠂ ᠡᠳᠡᠭᠡᠷ ᠭᠦᠮᠦᠰ ᠢ ᠦᠷᠭᠦᠯᠵᠢᠯᠡᠨ ᠠᠰᠢᠭᠯᠠᠵᠤ ᠪᠠᠢ᠌ᠷᠢ ᠰᠠᠭᠤᠷᠢ ᠪᠠᠨ ᠪᠠᠳᠤᠳᠬᠠᠬᠤ ᠶᠢᠨ ᠲᠦᠯᠦᠭᠡ᠂ ᠮᠤᠵᠢ ᠶᠢᠨ ᠵᠠᠰᠠᠭ ᠤᠨ ᠭᠠᠵᠠᠷ ᠤᠨ ᠨᠤᠶᠠᠤᠨ ᠲᠤ ᠳᠤᠭᠢᠷᠠᠭᠤᠯᠤᠯᠳᠠ ᠭᠢᠵᠤ᠂ ᠴᠥᠭᠡᠨ ᠳᠤᠭᠠᠳᠤ ᠦᠨᠳᠦᠰᠦᠳᠠᠨ ᠤ ᠳᠡᠭᠡᠳᠤ ᠳᠠᠪᠬᠤᠷᠭᠠᠨ ᠤ ᠭᠡᠰᠡᠭ᠌ ᠭᠦᠮᠦᠰ ᠲᠤ ᠮᠤᠵᠢ ᠶᠢᠨ ᠵᠠᠰᠠᠭ ᠤᠨ ᠭᠠᠵᠠᠷ ᠡᠴᠡ ᠡᠭᠦᠷᠭᠡ ᠳᠤᠰᠢᠶᠠᠯ ᠣᠯᠭᠤᠵᠤ᠂ ᠵᠠᠰᠠᠭ ᠤᠨ ᠠᠵᠢᠯ ᠡᠷᠭᠢᠯᠡᠭᠦᠯᠦᠭ᠍ᠰᠡᠨ ᠪᠠᠢ᠌ᠪᠠ᠃ ᠡᠭᠦᠨ ᠳᠤ᠂ 19 ᠨᠠᠰᠤ ᠲᠡᠶ ᠮᠠᠠᠴᠤᠭᠵᠠᠪ ᠬᠠᠨ ᠸᠠᠩ ᠢ ᠰᠢᠠᠵᠢᠶᠠᠩ ᠤᠨ ᠠᠷᠠᠤᠨ ᠣᠯᠠᠨ ᠤ ᠡᠵᠡᠷᠭᠡᠭ᠌ ᠳᠦᠷᠢᠮᠭᠡᠢ᠌ᠳᠡᠨ ᠢ ᠡᠰᠡᠷᠭᠦᠴᠡᠭᠦ ᠬᠤᠯᠪᠣᠭᠠᠳᠤ ᠬᠤᠷᠠᠯ ᠤᠨ ᠳᠠᠳ᠋ ᠳᠠᠷᠤᠭ᠎ᠠ ᠪᠣᠯᠤᠨ ᠮᠤᠵᠢ ᠶᠢᠨ ᠵᠠᠰᠠᠭ ᠤᠨ ᠭᠠᠵᠠᠷ ᠤᠨ ᠭᠡᠰᠢᠭᠦᠨ ᠶᠢᠡᠷ ᠳᠤᠮᠢᠯᠠᠵᠤ᠂ ᠳᠡᠭᠦᠨ ᠤ ᠪᠠᠭᠰᠢ ᠪᠣᠯᠤᠨ ᠳᠤᠰᠠᠯᠠᠭᠠᠴᠢ ᠰᠢᠯᠢᠭ᠌ ᠢ ᠮᠤᠵᠢ ᠶᠢᠨ ᠰᠤᠷᠭᠠᠨ ᠭᠦᠮᠦᠵᠢᠯ ᠤᠨ ᠳᠢᠩᠭᠢᠮ ᠤᠨ ᠳᠠᠳ᠋ ᠳᠠᠷᠤᠭ᠎ᠠ ᠪᠠᠷ ᠳᠤᠮᠢᠯᠠᠵᠤ᠂ ᠳᠠᠳᠠᠨ ᠢ ᠭᠡᠷ ᠪᠦᠯᠢ ᠪᠠᠨ ᠠᠪᠴᠤ ᠦᠷᠤᠮᠴᠢ ᠳᠤ ᠳᠦᠷᠭᠡᠨ ᠨᠡᠭᠦᠵᠤ ᠢᠷᠡᠳᠦᠭᠡᠢ ᠭᠡᠵᠤ ᠵᠠᠷᠯᠢᠭᠳᠠᠵᠠᠢ᠃

     ᠱᠸᠩ ᠱᠢ ᠼᠠᠢ ᠪᠣᠯ ᠲᠤᠩ ᠠᠳᠠᠭᠠᠷᠬᠠᠨ ᠰᠡᠵᠢᠭᠯᠡᠭᠦ ᠵᠠᠩ ᠲᠡᠶ ᠭᠦᠮᠤᠨ ᠪᠠᠢ᠌ᠪᠠ  ᠃ ᠳᠠᠷᠠ᠂ ᠮᠠᠠᠴᠤᠭᠵᠠᠪ ᠬᠠᠨ ᠸᠠᠩ ᠳᠤ ᠰᠡᠵᠢᠭ᠍ᠳᠡᠢ ᠪᠠᠷ ᠪᠠᠷᠠᠬᠤ ᠦᠭᠡᠶ᠂ ᠬᠠᠮᠢᠯ ᠳᠤ ᠮᠦᠷᠤ ᠵᠡᠷᠭᠡᠴᠡᠨ ᠴᠢᠰᠤ ᠣᠷᠤᠰᠬᠠᠨ ᠡᠷᠡᠯᠭᠡᠭᠯᠡᠨ ᠪᠠᠢ᠌ᠯᠳᠤᠵᠤ ᠶᠠᠪᠣᠭᠰᠠᠨ ᠰᠢᠯᠢᠭ᠌ ᠲᠤ ᠨᠠᠩ ᠴᠤ ᠠᠳᠠᠭᠠᠷᠬᠠᠨ ᠰᠡᠵᠢᠭᠯᠡᠵᠤ᠂ ᠳᠠᠳᠠᠨ ᠳᠤ ᠠᠵᠢᠯ ᠳᠤᠭᠢᠷᠠᠭᠤᠯᠬᠤ ᠨᠠᠷ᠎ᠠ ᠪᠠᠷ ᠦᠷᠤᠮᠴᠢ ᠳᠤ ᠳᠡᠷᠭᠡᠳᠡ ᠪᠠᠨ ᠠᠪᠴᠢᠷᠠᠨ ᠭᠢᠨᠠᠨ ᠬᠠᠷᠠᠬᠤ ᠪᠠ ᠰᠤᠯᠠ ᠬᠤᠷᠢᠬᠤ ᠳᠤ ᠠᠮᠠᠷ ᠢ ᠪᠣᠳᠤᠭᠰᠠᠨ ᠪᠠᠢ᠌ᠪᠠ᠃

     ᠳᠤᠬᠠᠢ ᠶᠢᠨ ᠦᠶ᠎ᠡ ᠳᠤ 《ᠨᠠᠠᠵᠢᠩ ᠤᠨ ᠵᠠᠰᠠᠭ ᠤᠨ ᠭᠠᠵᠠᠷ ᠡᠴᠡ ᠳᠡᠭᠦᠨ ᠢ ᠳᠤᠰᠠᠯᠠᠵᠤ ᠴᠢᠳᠠᠬᠤ ᠦᠭᠡᠶ ᠪᠠᠢ᠌ᠬᠤ ᠶᠢ ᠱᠸᠩ ᠱᠢ ᠼᠠᠢ ᠮᠡᠳᠡᠭᠦ ᠪᠦᠭᠡᠳ ᠵᠦᠪᠯᠠᠯᠳᠤ ᠬᠤᠯᠪᠣᠭᠠᠳᠤ ᠣᠯᠤᠰ ᠰᠢᠠᠵᠢᠶᠠᠩ ᠤᠨ ᠣᠯᠤᠰ ᠳᠦᠷᠤ ᠳᠤ ᠴᠢᠬᠤᠯᠠ ᠪᠠᠢ᠌ᠷᠢ ᠶᠢ ᠡᠵᠡᠯᠡᠵᠤ ᠪᠠᠢ᠌ᠬᠤ ᠶᠢ ᠴᠤ ᠣᠢ᠌ᠯᠭᠠᠬᠤ ᠣᠴᠢᠷ ᠡᠴᠡ᠂ ᠳᠠᠷᠠ ᠨᠠᠠᠵᠢᠩ ᠤᠨ ᠵᠠᠰᠠᠭ ᠤᠨ ᠭᠠᠵᠠᠷ ᠡᠴᠡ ᠪᠦᠷᠢᠮᠦᠰᠤᠨ ᠳᠠᠷᠰᠯᠠᠵᠤ᠂ ᠵᠦᠪᠯᠠᠯᠳᠤ ᠬᠤᠯᠪᠣᠭᠠᠳᠤ ᠣᠯᠤᠰ ᠢ ᠳᠤᠳᠤᠨᠤᠴᠢᠯᠠᠬᠤ ᠪᠠᠷ ᠵᠤᠷᠢᠭᠰᠠᠨ ᠪᠠᠢ᠌ᠪᠠ᠃》 [10] ᠱᠸᠩ ᠱᠢ ᠼᠠᠢ ᠵᠦᠪᠯᠠᠯᠳᠤ ᠬᠤᠯᠪᠣᠭᠠᠳᠤ ᠣᠯᠤᠰ ᠪᠣᠯᠤᠨ ᠳᠤᠮᠳᠠᠳᠤ ᠣᠯᠤᠰ ᠤᠨ ᠡᠪ ᠬᠠᠮᠳᠤ ᠨᠠᠮ ᠯᠤᠭ᠎ᠠ ᠢᠳᠠᠪᠭᠢᠳᠠᠢ ᠪᠠᠷ ᠤᠢ᠌ᠷᠡᠳᠦᠵᠤ 《ᠡᠵᠡᠷᠭᠡᠭ᠌ ᠳᠦᠷᠢᠮᠡᠭᠡᠢ᠌ᠳᠡᠨ ᠢ ᠡᠰᠡᠷᠭᠦᠴᠡᠭᠦ᠂ ᠡᠩᠭᠡ ᠳᠠᠢ᠌ᠪᠣᠩ᠂ ᠪᠦᠳᠦᠭᠡᠨ ᠪᠠᠢ᠌ᠭᠤᠯᠬᠤ》 ᠭᠡᠭᠦ ᠭᠤᠷᠪᠠᠨ ᠶᠡᠭᠡ ᠳᠦᠷᠤ ᠶᠢᠨ ᠪᠣᠳᠤᠯᠭ᠎ᠠ ᠶᠢ ᠳᠤᠷᠠᠳᠪᠠ᠃ 《ᠳᠠᠷᠠ ᠪᠠᠷ ᠵᠦᠪᠯᠠᠯᠳᠤ ᠬᠤᠯᠪᠣᠭᠠᠳᠤ ᠣᠯᠤᠰ ᠤᠨ ᠢᠳᠡᠭᠡᠯ ᠢ ᠣᠯᠬᠤ ᠶᠢᠨ ᠲᠦᠯᠦᠭᠡ᠂ ᠣᠯᠤᠰ ᠳᠦᠷᠤ ᠶᠢᠨ ᠳᠠᠯ᠎ᠠ ᠪᠠᠷ ᠳᠠᠪᠰᠢᠩᠭ᠋ᠤᠢ ᠣᠪᠣᠷ ᠭᠠᠷᠭᠠᠵᠤ᠂ ᠵᠦᠪᠯᠠᠯᠳᠤ ᠬᠤᠯᠪᠣᠭᠠᠳᠤ ᠣᠯᠤᠰ ᠢ ᠳᠤᠳᠤᠨᠤᠴᠢᠯᠠᠬᠤ᠂ ᠡᠵᠡᠷᠭᠡᠭ᠌ ᠳᠦᠷᠢᠮᠡᠭᠡᠢ᠌ᠳᠡᠨ ᠢ ᠡᠰᠡᠷᠭᠦᠴᠡᠭᠦ ᠣᠷᠢᠶ᠎ᠠ ᠶᠢ ᠳᠤᠷᠠᠳᠤᠭᠰᠠᠨ ᠳᠤ᠂ ᠵᠦᠪᠯᠠᠯᠳᠤ ᠬᠤᠯᠪᠣᠭᠠᠳᠤ ᠣᠯᠤᠰ ᠡᠴᠡ ᠣᠯᠤᠰ ᠳᠦᠷᠤ᠂ ᠠᠵᠤ ᠠᠬᠤᠢ᠂ ᠴᠡᠷᠢᠭ᠌ ᠤᠨ ᠶᠠᠪᠣᠳᠠᠯ ᠵᠡᠷᠭᠡ ᠳᠠᠯ᠎ᠠ ᠪᠠᠷ ᠱᠸᠩ ᠱᠢ ᠼᠠᠢ ᠶᠢᠨ ᠣᠷᠤᠨ ᠨᠤᠳᠤᠭ ᠤᠨ ᠵᠠᠰᠠᠭ ᠤᠨ ᠭᠠᠵᠠᠷ ᠢ ᠳᠠᠮᠵᠢᠨ ᠳᠤᠰᠠᠯᠠᠪᠠ᠃    ᠁ ᠵᠦᠪᠯᠠᠯᠳᠤ ᠬᠤᠯᠪᠣᠭᠠᠳᠤ ᠣᠯᠤᠰ ᠡᠴᠡ ᠳᠸᠭ᠍ᠨᠢᠭ᠌ ᠮᠡᠷᠭᠡᠵᠢᠯᠳᠡᠨ ᠪᠠ ᠡᠷᠳᠡᠮᠳᠡᠳ ᠢ ᠳᠤᠮᠢᠯᠠᠵᠤ᠂ ᠰᠢᠠᠵᠢᠶᠠᠩ ᠢ ᠪᠦᠳᠦᠭᠡᠨ ᠪᠠᠢ᠌ᠭᠤᠯᠬᠤ ᠲᠦᠯᠦᠪᠯᠡᠭᠡ ᠶᠢ ᠬᠠᠪᠰᠤᠷᠠᠨ ᠳᠤᠭᠳᠠᠭᠠᠵᠤ ᠥᠭ᠍ᠴᠡᠢ》 [11]᠃ 《ᠱᠸᠩ ᠱᠢ ᠼᠠᠢ ᠶᠢᠨ ᠣᠷᠢᠶᠠᠯᠭ᠎ᠠ ᠪᠠᠷ 1934 ᠣᠨ ᠡᠴᠡ ᠡᠭᠢᠯᠡᠨ ᠵᠦᠪᠯᠠᠯᠳᠤ ᠬᠤᠯᠪᠣᠭᠠᠳᠤ ᠣᠯᠤᠰ ᠤᠨ ᠡᠪ ᠬᠠᠮᠳᠤ ᠨᠡᠮ 〈ᠪᠤᠯᠱᠧᠸᠢᠭ᠌〉 ᠊ᠤᠨ ᠭᠡᠰᠢᠭᠦᠤᠨ ᠰᠢᠠᠵᠢᠶᠠᠩ ᠳᠤ ᠤᠷᠢᠳ ᠬᠤᠵᠢᠳ ᠳᠤᠮᠢᠯᠠᠭᠳᠠᠨ ᠢᠷᠠᠵᠤ ᠠᠵᠢᠯᠯᠠᠭᠰᠠᠨ ᠶᠤᠮ》 [12]᠃ ᠳᠠᠳᠠᠨ ᠱᠸᠩ ᠱᠢ ᠼᠠᠢ ᠳᠤ ᠬᠠᠪᠰᠤᠷᠠᠨ ᠳᠠᠪᠰᠢᠩᠭ᠋ᠤᠢ 《ᠵᠢᠷᠭᠤᠭᠠᠨ ᠶᠡᠭᠡ ᠳᠦᠷᠤ ᠶᠢᠨ ᠪᠣᠳᠤᠯᠭ᠎ᠠ》 ᠵᠢ ᠳᠤᠭᠳᠠᠭᠠᠵᠤ ᠦᠭ‍ᠭᠦᠭ᠍ᠰᠡᠨ ᠤ ᠬᠠᠮᠳᠤ ᠪᠣᠳᠠᠳᠠᠢ ᠪᠠᠷ ᠭᠡᠷᠡᠭ᠍ᠵᠢᠭᠦᠯᠵᠡᠢ᠃ ᠡᠨᠡ ᠭᠦ 《ᠵᠢᠷᠭᠤᠭᠠᠨ ᠶᠡᠭᠡ ᠳᠦᠷᠤ ᠶᠢᠨ ᠪᠣᠳᠤᠯᠭ᠎ᠠ》 ᠶ᠋ᠢ ᠪᠣᠯ ᠡᠪ ᠬᠠᠮᠳᠤ ᠨᠠᠮ ᠤᠨ ᠭᠡᠰᠢᠭᠦᠤᠨ ᠪᠣᠯᠤᠨ ᠳᠠᠪᠰᠢᠩᠭ᠋ᠤᠢ ᠭᠦᠮᠦᠰ ᠤᠨ ᠬᠠᠪᠰᠤᠷᠯᠭ᠎ᠠ ᠪᠠᠷ ᠳᠤᠭᠳᠠᠭᠠᠭᠰᠠᠨ ᠪᠣᠯᠬᠤᠷ ᠳᠠᠷᠠ ᠨᠢ 《ᠰᠢᠠᠵᠢᠶᠠᠩ ᠤᠨ ᠳᠡᠦᠭᠡᠨ ᠳᠤ ᠠᠩᠬ᠎ᠠ ᠣᠳᠠᠭ᠎ᠠ ᠳᠤᠷᠠᠳᠤᠭᠳᠠᠭᠰᠠᠨ ᠳᠠᠪᠰᠢᠩᠭ᠋ᠤᠢ ᠳᠦᠷᠤ ᠶᠢᠨ ᠪᠣᠳᠤᠯᠭ᠎ᠠ ᠪᠣᠯᠬᠤ ᠳᠤᠯᠠ ᠳᠤᠬᠠᠢ ᠦᠶ᠎ᠡ ᠶᠢᠨ ᠰᠢᠠᠵᠢᠶᠠᠩ ᠤᠨ ᠡᠯ᠎ᠡ ᠦᠨᠳᠦᠰᠦᠳᠠᠨ ᠤ ᠠᠷᠠᠤᠨ ᠲᠦᠮᠡᠨ ᠤ ᠭᠦᠰᠡᠯ ᠡᠷᠡᠮᠡᠯᠵᠡᠯ ᠯᠦᠭᠡ ᠨᠡᠢ᠌ᠴᠡᠭ᠍ᠰᠡᠨ ᠶᠤᠮ》 [13]᠂ ᠮᠦᠨ ᠴᠤ 《ᠰᠢᠠᠵᠢᠶᠠᠩ ᠤᠨ ᠣᠠᠴᠠᠭᠠᠢ ᠳᠡᠦᠭᠡᠨ ᠨᠥᠭᠦᠴᠡᠯ ᠳᠤ ᠬᠠᠮᠤᠭ ᠤᠨ ᠨᠡᠢ᠌ᠴᠡᠭ᠍ᠰᠡᠨ ᠬᠤᠪᠢᠰᠬᠠᠯᠳᠤ ᠳᠦᠷᠤ ᠶᠢᠨ ᠪᠣᠳᠤᠯᠭ᠎ᠠ ᠪᠣᠯᠬᠤ ᠶᠤᠮ》 [14]᠃ 1934 ᠣᠨ ᠳᠤ ᠱᠸᠩ ᠱᠢ ᠼᠠᠢ ᠵᠦᠪᠯᠠᠯᠳᠤ ᠶᠢᠨ ᠡᠪ ᠬᠠᠮᠳᠤ ᠨᠠᠮ ᠤᠨ ᠬᠠᠪᠰᠤᠷᠠᠯᠭ᠎ᠠ ᠪᠠᠷ 《ᠰᠢᠠᠵᠢᠶᠠᠩ ᠤᠨ ᠠᠷᠠᠤᠨ ᠣᠯᠠᠨ ᠤ ᠡᠵᠡᠷᠭᠡᠭ᠌ ᠳᠦᠷᠢᠮᠭᠡᠢ᠌ᠳᠡᠨ ᠢ ᠡᠰᠡᠷᠭᠦᠴᠡᠭᠦ ᠬᠤᠯᠪᠣᠭᠠᠳᠤ ᠬᠤᠷᠠᠯ》 ᠭᠡᠭᠦ ᠣᠯᠠᠨ ᠲᠦᠮᠡᠠᠴᠢ ᠣᠯᠤᠰ ᠳᠦᠷᠤ ᠶᠢᠨ ᠪᠦᠯᠭᠦᠮ ᠢ ᠪᠠᠢ᠌ᠭᠤᠯᠵᠠᠢ᠃ ᠳᠡᠭᠦᠨ ᠤ ᠴᠢᠬᠤᠯᠠ ᠡᠭᠦᠷᠭᠡ ᠨᠢ ᠭᠡᠪᠠᠯ 《ᠡᠯ᠎ᠡ ᠦᠨᠳᠦᠰᠦᠳᠠᠨ ᠤ ᠰᠤᠶᠤᠯ ᠢ ᠡᠷᠭᠡ ᠴᠢᠯᠦᠭᠡᠳᠡᠢ ᠪᠠᠷ ᠭᠦᠭ᠍ᠵᠢᠭᠦᠯᠵᠤ᠂ ᠦᠨᠳᠦᠰᠦᠳᠠᠨ ᠤ ᠣᠯᠠᠮᠵᠢᠯᠠᠯᠳᠤ ᠰᠤᠶᠤᠯ ᠳᠤ ᠨᠢ ᠰᠠᠭᠤᠷᠢᠯᠠᠨ ᠠᠷᠠᠤᠨ ᠢᠷᠭᠡᠳ ᠤᠨ ᠰᠤᠷᠭᠠᠭᠤᠯᠢ ᠪᠠᠢ᠌ᠭᠤᠯᠵᠤ᠂ ᠡᠯ᠎ᠡ ᠰᠤᠶᠤᠯ ᠤᠨ ᠠᠵᠢᠯ ᠢ ᠭᠦᠭ᠍ᠵᠢᠭᠦᠯᠭᠦ᠂ ᠵᠢᠱᠢᠶᠠᠯᠠᠪᠠᠯ᠂ ᠪᠠᠷ ᠭᠡᠪᠯᠡᠯ ᠤᠨ ᠣᠢ᠌ᠯᠠᠰ ᠢ ᠡᠷᠭᠢᠯᠡᠵᠤ᠂ ᠨᠤᠮ ᠪᠢᠴᠢᠭ᠌᠂ ᠰᠤᠨᠢᠨ ᠪᠣᠯᠤᠨ ᠣᠯᠠᠨ ᠵᠣᠢ᠌ᠯ ᠤᠨ ᠰᠡᠳᠭᠦᠯ ᠢ ᠡᠷᠭᠢᠯᠡᠨ ᠭᠡᠪᠯᠡᠭᠦ ᠵᠡᠷᠭᠡ ᠣᠢ᠌ᠯᠠᠰ ᠢ ᠭᠢᠭᠦ ᠳᠤ ᠣᠷᠤᠰᠢᠨ᠎ᠠ》 [15]᠃ 《ᠦᠨᠳᠦᠰᠦᠳᠠᠨ ᠤ ᠭᠡᠯᠪᠠᠷᠢ ᠲᠡᠶ ᠵᠢᠷᠭᠤᠭᠠᠨ ᠶᠡᠭᠡ ᠳᠦᠷᠤ ᠶᠢᠨ ᠪᠣᠳᠤᠯᠭ᠎ᠠ ᠪᠠᠷ ᠠᠭᠤᠯᠭ᠎ᠠ》 ᠪᠣᠯᠭᠠᠭᠰᠠᠨ ᠰᠤᠶᠤᠯ ᠤᠨ ᠴᠢᠭᠯᠡᠯᠳᠡ ᠶᠢᠨ ᠵᠢᠯᠤᠭᠤᠳᠤᠯᠭ᠎ᠠ ᠪᠠᠷ 1935 ᠣᠨ ᠡᠴᠡ ᠡᠭᠢᠯᠡᠨ ᠰᠢᠠᠵᠢᠶᠠᠩ ᠳ᠋ᠠᠭᠢ ᠠᠷᠪᠠᠨ ᠬᠤᠶᠠᠷ ᠦᠨᠳᠦᠰᠦᠳᠠᠨ ᠢ ᠪᠠᠭᠳᠠᠭᠠᠭᠰᠠᠨ ᠰᠤᠶᠤᠯ ᠢ ᠠᠭᠢᠭᠤᠯᠬᠤ ᠶ‍ᠢᠰᠤᠨ ᠬᠤᠷᠠᠯ ᠢ ᠡᠮᠦᠨ᠎ᠡ ᠬᠣᠢ᠌ᠨ᠎ᠠ ᠵᠠᠯᠭᠠᠭ᠎ᠠ ᠪᠠᠷ ᠪᠠᠢ᠌ᠭᠤᠯᠵᠠᠢ᠃

       ᠬᠤᠶᠠᠷ᠂ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠢ ᠪᠠᠢ᠌ᠭᠤᠯᠤᠭᠰᠠᠨ ᠨᠢ

     《ᠰᠢᠠᠵᠢᠶᠠᠩ ᠤᠨ ᠡᠯ᠎ᠡ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠪᠣᠯ ᠱᠸᠩ ᠱᠢ ᠼᠠᠢ ᠶᠢᠨ ᠵᠢᠷᠭᠤᠭᠠᠨ ᠶᠡᠭᠡ ᠳᠦᠷᠤ ᠶᠢᠨ ᠪᠣᠳᠤᠯᠭ᠎ᠠ ᠪᠠᠨ ᠭᠡᠷᠡᠭ᠍ᠵᠢᠭᠦᠯᠭᠦ ᠠᠰᠢᠭᠳᠠᠢ ᠭᠠᠵᠠᠷ ᠪᠣᠯᠬᠤ ᠶᠤᠮ᠃ ᠳᠠᠷᠠ ᠨᠢ ᠡᠯ᠎ᠡ ᠦᠨᠳᠦᠰᠦᠳᠠᠨ ᠤ ᠣᠯᠠᠮᠵᠢᠯᠠᠯᠳᠤ ᠰᠤᠶᠤᠯ ᠢ ᠭᠦᠭ᠍ᠵᠢᠭᠦᠯᠵᠤ᠂ ᠰᠤᠷᠭᠠᠨ ᠭᠦᠮᠦᠵᠢᠯ ᠢ ᠳᠦᠭᠡᠮᠡᠯᠵᠢᠭᠦᠯᠭᠦ᠂ ᠨᠡᠢ᠌ᠭᠡᠮ ᠨᠠᠢ᠌ᠳᠠ ᠶᠢᠨ ᠠᠰᠠᠷᠠᠮᠵᠢ ᠶᠢᠨ ᠣᠢ᠌ᠯᠠᠰ ᠢ ᠡᠷᠭᠢᠯᠡᠭᠦ ᠵᠡᠷᠭᠡ ᠳᠠᠯ᠎ᠠ ᠪᠠᠷ ᠵᠤᠭᠢᠬᠤ ᠠᠭᠢᠭᠤᠯᠬᠤ ᠣᠢ᠌ᠯᠠᠳᠤᠯ ᠥᠵᠡᠭᠦᠯᠦᠭ᠍ᠰᠡᠨ ᠣᠴᠢᠷ ᠰᠢᠠᠵᠢᠶᠠᠩ ᠤᠨ ᠳᠡᠦᠭᠡᠨ ᠳᠤ ᠴᠢᠬᠤᠯᠠᠴᠢᠯᠠᠭᠳᠠᠨ ᠳᠡᠮᠳᠡᠭᠯᠡᠭ᠍ᠳᠡᠭᠦ ᠶᠤᠰᠤᠳᠠᠢ ᠶᠤᠮ》 [16]᠃

     《ᠳ᠋ᠢᠬᠤᠧᠨ (ᠦᠷᠤᠮᠴᠢ ᠶᠢᠨ ᠥᠭᠡᠷ᠎ᠡ ᠨᠠᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊ ᠥᠭᠦᠯᠡᠭ᠍ᠴᠢ ᠡᠴᠡ) ᠳ᠋ᠤ ᠣᠢ᠌ᠭᠤᠷ᠂ ᠬᠠᠰᠠᠭ᠂ ᠭᠢᠷᠭᠢᠽᠢ᠂ ᠮᠤᠩᠭ᠋ᠤᠯ᠂ ᠰᠢᠪᠠᠢ᠂ ᠳᠠᠭᠤᠷ᠂ ᠮᠠᠠᠵᠤ ᠵᠡᠷᠭᠡ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠢ ᠪᠠᠢ᠌ᠭᠤᠯᠵᠤ᠂ ᠳᠡᠳᠡᠭᠡᠷ ᠦᠨᠳᠦᠰᠦᠳᠠᠨ ᠤ ᠳᠡᠭᠡᠳᠤ ᠳᠠᠪᠬᠤᠷᠭ᠎ᠠ ᠶᠢᠨ ᠭᠦᠮᠦᠰ ᠪᠠ ᠱᠠᠰᠢᠨ ᠤ ᠨᠠᠷ᠎ᠠ ᠭᠦᠡᠳᠤ ᠲᠡᠶ ᠭᠦᠮᠦᠰ ᠢ ᠰᠤᠩᠭ᠋ᠤᠨ ᠬᠤᠷᠠᠯ ᠤᠨ ᠳᠠᠷᠤᠭ᠎ᠠ ᠪᠣᠯᠭᠠᠭᠰᠠᠨ ᠶᠤᠮ》 [17]᠃ 《ᠮᠤᠩᠭ᠋ᠤᠯ ᠦᠨᠳᠦᠰᠦᠳᠠᠨ ᠤ ᠶᠡᠷᠦᠩᠭᠡᠢ ᠬᠤᠷᠠᠯ ᠤᠨ ᠠᠩᠬᠠᠳᠠᠭᠴᠢ ᠳᠠᠷᠤᠭ᠎ᠠ ᠪᠣᠯ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠣᠷᠤᠯᠠᠭᠴᠢ ᠳᠠᠷᠤᠭ᠎ᠠ᠂ ᠬᠠᠨ ᠸᠠᠩ ᠤᠨ ᠳᠤᠰᠠᠯᠠᠭᠴᠢ ᠰᠢᠯᠢᠭ᠌ ᠪᠣᠯᠤᠨ᠎ᠠ》 [18]᠃ ᠮᠤᠵᠢ ᠶᠢᠨ ᠰᠤᠷᠭᠠᠨ ᠭᠦᠮᠦᠵᠢᠯ ᠤᠨ ᠳᠢᠩᠭᠢᠮ ᠤᠨ ᠳᠠᠳ᠋ ᠳᠠᠷᠤᠭ᠎ᠠ ᠶᠢᠨ ᠡᠭᠦᠷᠭᠡ ᠳᠤᠰᠢᠶᠠᠯ ᠲᠡᠶ ᠰᠢᠯᠢᠭ᠌ ᠡᠨᠡ ᠭᠦ ᠳᠠᠪᠰᠢᠩᠭ᠋ᠤᠢ ᠳᠦᠷᠤ ᠶᠢᠨ ᠪᠣᠳᠤᠯᠭ᠎ᠠ ᠶᠢ ᠰᠠᠢ᠌ᠳᠤᠷ ᠠᠰᠢᠭᠯᠠᠵᠤ᠂ ᠳᠡᠭᠦᠨ ᠤ ᠰᠤᠷᠤᠭᠴᠢ ᠪᠣᠯᠬᠤ ᠮᠠᠠᠴᠤᠭᠵᠠᠪ ᠬᠠᠨ ᠸᠠᠩ ᠵᠡᠷᠭᠡ ᠮᠤᠩᠭ᠋ᠤᠯ ᠦᠨᠳᠦᠰᠦᠳᠠᠨ ᠤ ᠳᠡᠭᠡᠳᠤ ᠳᠠᠪᠬᠤᠷᠭᠠᠨ ᠤ ᠭᠦᠮᠦᠰ ᠪᠣᠯᠤᠨ ᠦᠷᠭᠡᠨ ᠣᠯᠠᠨ ᠲᠦᠮᠡᠨ ᠤ ᠳᠡᠮᠵᠢᠯᠭᠡ ᠪᠠᠷ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ (ᠮᠤᠩᠭ᠋ᠤᠯ ᠬᠤᠷᠠᠯ〉 ᠭᠡᠵᠤ ᠳᠤᠪᠴᠢᠯᠠᠨ᠎ᠠ) ᠊ᠢ ᠦᠳᠳᠠᠷ ᠳᠦᠷᠭᠡᠨ ᠪᠠᠢ᠌ᠭᠤᠯᠵᠠᠢ᠃

     ᠰᠢᠯᠢᠭ᠌ ᠤᠨ《ᠮᠤᠵᠢ ᠶᠢᠨ ᠵᠠᠰᠠᠭ ᠤᠨ ᠭᠠᠵᠠᠷ ᠲᠤ ᠳᠡᠪᠰᠢᠭᠦᠯᠦᠭ᠍ᠰᠡᠨ ᠮᠡᠳᠡᠭᠦᠯᠦᠯᠳᠡ》 [19] ᠡᠴᠡ ᠦᠵᠡᠪᠠᠯ᠂ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠪᠣᠯ 1935 ᠣᠨ ᠤ 1 ᠰᠠᠷ᠎ᠠ ᠶᠢᠨ 5 ᠊ᠤ ᠡᠳᠦᠷ ᠠᠯᠪᠠᠨ ᠶᠤᠰᠤ ᠪᠠᠷ ᠪᠠᠢ᠌ᠭᠤᠯᠤᠭᠳᠠᠵᠠᠢ᠃ ᠳᠡᠦᠭᠡᠨ ᠮᠠᠲ᠋ᠸᠷᠢᠶᠠᠯ ᠳᠤ ᠄ ᠣᠢ᠌ᠭᠤᠷ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠢ 1935 ᠣᠨ ᠤ 6 ᠰᠠᠷ᠎ᠠ ᠳᠤ᠂ ᠭᠢᠳᠠᠤᠨ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠢ 1937 ᠣᠨ ᠳᠤ᠂ ᠬᠤᠲᠤᠩ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠢ 1935 ᠣᠨ ᠤ 9 ᠰᠠᠷ᠎ᠠ ᠳᠤ᠂ ᠰᠢᠪᠠᠭᠡ᠂ ᠳᠠᠭᠤᠷ᠂ ᠮᠠᠠᠵᠤ ᠭᠤᠷᠪᠠᠨ ᠦᠨᠳᠦᠰᠦᠳᠠᠨ ᠤ ᠰᠤᠶᠤᠯ ᠠᠳᠠᠯᠢᠪᠳᠤᠷ ᠣᠴᠢᠷ 1938 ᠣᠨ ᠤ 7 ᠰᠠᠷ᠎ᠠ ᠳ᠋ᠤ  ᠬᠤᠯᠪᠤᠭᠠᠳᠤ ᠶᠡᠷᠦᠩᠭᠡᠢ ᠬᠤᠷᠠᠯ ᠭᠡᠵᠤ ᠳᠤᠰ ᠪᠦᠷᠢ ᠪᠠᠢ᠌ᠭᠤᠯᠤᠭᠳᠠᠵᠠᠢ [20] ᠭᠡᠵᠤ ᠳᠡᠮᠳᠡᠭᠯᠡᠭ᠍ᠰᠡᠨ ᠡᠴᠡ ᠦᠵᠡᠪᠠᠯ᠂ 《ᠮᠤᠩᠭ᠋ᠤᠯ ᠬᠤᠷᠠᠯ》 ᠪᠣᠯ ᠰᠢᠠᠵᠢᠶᠠᠩ ᠤᠨ ᠡᠯ᠎ᠡ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠤᠨ ᠳᠤᠳᠤᠷ᠎ᠠ ᠬᠠᠮᠤᠭ ᠤᠨ ᠡᠷᠳᠡ ᠪᠠᠢ᠌ᠭᠤᠯᠤᠭᠳᠠᠭᠰᠠᠨ ᠠᠯᠪᠠᠨ ᠶᠤᠰᠤᠨ ᠤ ᠵᠤᠬᠢᠶᠠᠨ ᠪᠠᠢ᠌ᠭᠤᠯᠤᠯᠳᠠ ᠪᠣᠯᠤᠨ᠎ᠠ᠃

     ᠵᠡᠭᠦᠨᠭᠠᠷ ᠢ ᠳᠦᠪᠰᠢᠳᠭᠡᠭᠡᠳ ᠳᠠᠮᠡᠢ ᠣᠳᠠᠭᠠᠤᠨ ᠦᠭᠡᠶ ᠪᠠᠢ᠌ᠳᠠᠯ᠎ᠠ᠂ ᠳᠤᠷᠭᠤᠳ᠂ ᠬᠤᠱᠤᠳᠴᠤᠳ ᠠᠯᠤᠰ ᠬᠤᠯᠠ ᠳ᠋ᠠᠭᠢ ᠢᠵᠢᠯ ᠵᠠᠢ ᠡᠴᠡ 1771 ᠣᠨ ᠳᠤ ᠣᠭ ᠨᠤᠳᠤᠭ ᠲᠠᠭᠠᠨ ᠪᠣᠴᠠᠵᠤ ᠢᠷᠡᠭ᠍ᠰᠡᠨ ᠳᠤ᠂ ᠴᠢᠩ ᠣᠯᠤᠰ ᠤᠨ ᠳᠦᠷᠤ ᠡᠴᠡ ᠭᠡᠳᠥᠢᠪᠠᠷ ᠬᠠᠷᠭᠠᠯᠵᠠᠯ ᠥᠵᠡᠭᠦᠯᠵᠤ᠂ ᠨᠤᠶᠠᠤᠨ ᠲᠤ ᠨᠢ ᠵᠡᠷᠭᠡ ᠭᠡᠷᠭᠡᠮ ᠣᠯᠭᠤᠵᠤ᠂ ᠡᠳ᠋ ᠪᠣᠳᠠᠰ ᠶᠢᠡᠷ ᠲᠡᠳᠬᠦᠭ᠍ᠰᠡᠨ ᠪᠣᠯᠪᠠᠴᠤ᠂ ᠳᠠᠳᠠᠨ ᠨᠢ ᠡᠢ᠌ᠮᠦᠷᠭᠦ ᠴᠠᠭ ᠦᠶ᠎ᠡ ᠳᠤ ᠪᠣᠴᠠᠵᠤ ᠢᠷᠡᠭ᠍ᠰᠡᠨ ᠵᠤᠷᠢᠯᠭ᠎ᠠ ᠶᠢ ᠨᠢ ᠮᠠᠰᠢ ᠰᠡᠵᠢᠭᠯᠡᠵᠤ ᠪᠠᠢ᠌ᠵᠠᠢ᠃ ᠳᠠᠢ᠌ᠨ ᠭᠦ᠂ ᠮᠠᠠᠵᠤ ᠴᠢᠩ ᠤᠨ ᠳᠦᠷᠤ ᠡᠴᠡ ᠮᠤᠩᠭ᠋ᠤᠯᠴᠤᠳ ᠢ ᠨᠤᠶᠠᠷᠬᠠᠬᠤ ᠳᠤ ᠭᠡᠷᠡᠭᠯᠡᠵᠤ ᠵᠠᠩᠰᠢᠭᠰᠠᠨ ᠠᠷᠭ᠎ᠠ ᠪᠣᠳᠤᠯᠭ᠎ᠠ ᠪᠣᠯᠬᠤ 《ᠬᠠᠭᠠᠴᠠᠭᠤᠯᠤᠨ ᠰᠠᠯᠭᠠᠵᠤ ᠭᠡᠰᠡᠭᠯᠡᠨ ᠵᠠᠭᠢᠷᠠᠬᠤ ᠪᠣᠳᠤᠯᠭ᠎ᠠ᠂ ᠥᠩᠭᠡ ᠮᠥᠩᠭᠦ ᠪᠠᠷ ᠢᠯᠪᠢᠨ ᠮᠡᠭᠡᠯᠡᠭᠦ ᠠᠷᠭ᠎ᠠ᠂ ᠪᠢᠳᠡᠭᠦᠮᠵᠢᠯᠡᠨ ᠭᠢᠵᠠᠭᠠᠷᠯᠠᠬᠤ ᠪᠣᠳᠤᠯᠭ᠎ᠠ ᠪᠣᠯᠤᠨ ᠰᠢᠷ᠎ᠠ ᠶᠢᠨ ᠱᠠᠰᠢᠨ ᠶᠢᠡᠷ ᠮᠤᠩᠬᠠᠷᠠᠭᠤᠯᠬᠤ ᠪᠣᠳᠤᠯᠭ᠎ᠠ》 ᠪᠠᠨ ᠭᠡᠷᠡᠭ᠍ᠵᠢᠭᠦᠯᠵᠤ᠂ ᠳᠠᠳᠠᠨᠤᠰ ᠢ  ᠲ᠋ᠩᠷᠢ ᠠᠭᠤᠯᠠ ᠶᠢᠨ ᠠᠷᠤ ᠦᠪᠣᠷ ᠶᠢᠡᠷ ᠭᠡᠳᠤᠨ ᠮᠢᠩᠭ᠋ᠠᠨ ᠭᠠᠵᠠᠷ ᠠᠯᠤᠰᠯᠠᠭᠤᠯᠤᠨ ᠪᠠᠢ᠌ᠷᠢᠰᠢᠭᠤᠯᠵᠤ᠂ ᠬᠠᠷᠢᠴᠠᠭ᠎ᠠ ᠬᠤᠯᠪᠣᠭ᠎ᠠ ᠶᠢ ᠨᠢ ᠰᠠᠯᠭᠠᠵᠤ᠂ ᠨᠢᠭᠡᠳᠤᠨ ᠡᠰᠡᠷᠭᠦᠴᠡᠵᠤ ᠴᠢᠳᠠᠬᠤ ᠦᠭᠡᠶ ᠪᠣᠯᠭᠠᠵᠤ ᠪᠦᠭᠡᠳ ᠪᠢᠳᠡᠭᠦᠮᠵᠢᠯᠡᠨ ᠭᠢᠵᠠᠭᠠᠷᠯᠠᠬᠤ ᠪᠣᠳᠤᠯᠭ᠎ᠠ ᠪᠠᠷ ᠳᠠᠢ᠌ᠴᠢᠨ ᠭᠦᠴᠤ ᠶᠢ ᠨᠢ ᠰᠠᠯᠭᠠᠵᠤ ᠰᠤᠯᠠᠷᠠᠭᠤᠯᠤᠨ ᠪᠠᠢ᠌ᠪᠠ᠃ ᠢᠯᠠᠩᠭ᠋ᠤᠶ᠎ᠠ ᠰᠢᠷ᠎ᠠ ᠶᠢᠨ ᠱᠠᠰᠢᠨ ᠶᠢᠡᠷ ᠮᠤᠩᠬᠠᠷᠠᠭᠤᠯᠬᠤ ᠪᠣᠳᠤᠯᠭ᠎ᠠ ᠶᠢ ᠭᠡᠷᠡᠭ᠍ᠵᠢᠭᠦᠯᠦᠭ᠍ᠰᠡᠨ ᠶᠢᠡᠷ ᠰᠢᠷ᠎ᠠ ᠶᠢᠨ ᠱᠠᠰᠢᠨ ᠤ ᠦᠵᠡᠯ ᠰᠠᠨᠠᠭ᠎ᠠ ᠮᠤᠩᠭ᠋ᠤᠯ ᠤᠨ ᠣᠯᠤᠰ ᠳᠦᠷᠤ᠂ ᠠᠵᠤ ᠠᠬᠤᠢ ᠪᠠ ᠰᠤᠶᠤᠯ ᠣᠷᠠᠯᠢᠭ ᠵᠡᠷᠭᠡ ᠣᠯᠠᠨ ᠳᠠᠯ᠎ᠠ ᠳᠤ ᠨᠠᠪᠴᠢᠨ ᠣᠷᠤᠵᠤ᠂ ᠮᠤᠩᠭ᠋ᠤᠯ ᠳᠤᠭᠠᠳᠠᠨ ᠤ ᠡᠷᠡᠯᠭᠡᠭ᠌ ᠪᠠᠭᠠᠳᠤᠷ ᠳᠠᠢ᠌ᠴᠢᠨ ᠰᠦᠰᠦ ᠵᠤᠷᠢᠭ ᠢ ᠨᠢ ᠪᠠᠭᠤᠷᠠᠭᠤᠯᠵᠤ᠂ ᠴᠤᠭ ᠰᠦᠯᠳᠡ ᠶᠢ ᠠᠯᠳᠠᠭᠤᠯᠵᠤ᠂ ᠨᠢᠭᠡᠮᠦᠰᠤᠨ ᠮᠤᠩᠬᠠᠷᠠᠭᠤᠯᠤᠨ ᠳᠤᠷᠣᠢ᠌ᠳᠠᠭᠤᠯᠵᠤ ᠮᠥᠭᠦᠯ ᠤᠨ ᠵᠠᠮ ᠳᠤ ᠭᠦᠳᠦᠯᠤᠨ ᠣᠷᠤᠭᠤᠯᠵᠠᠢ᠃ ᠡᠨᠡ ᠨᠢ ᠥᠨᠡᠭᠡᠷ 《ᠬᠤᠪᠢᠶᠠᠨ ᠡᠷᠭᠦᠮᠵᠢᠯᠡᠭᠦ ᠳᠦᠷᠢᠮ ᠶᠢᠡᠷ ᠭᠦᠴᠤᠨ ᠴᠢᠳᠠᠯ ᠢ ᠨᠢ ᠪᠠᠭᠤᠷᠠᠭᠤᠯᠵᠤ᠂ ᠱᠠᠰᠢᠨ ᠰᠢᠳᠦᠭᠦᠯᠭᠦ ᠠᠷᠭ᠎ᠠ ᠪᠠᠷ ᠬᠣᠢ᠌ᠴᠢ ᠶᠢ ᠨᠢ ᠳᠠᠰᠤᠯᠤᠭᠰᠠᠨ》 ᠶᠠᠪᠣᠳᠠᠯ ᠪᠣᠯᠤᠨ᠎ᠠ᠃ ᠰᠢᠯᠢᠭ᠌ ᠣᠯᠠᠨ ᠵᠢᠯ ᠤᠨ ᠠᠮᠢᠳᠤᠷᠠᠯ ᠳᠠᠮᠠᠴᠠᠯ ᠤᠨ ᠶᠠᠪᠣᠴᠠ ᠳᠠᠭᠠᠨ ᠡᠳᠡᠭᠡᠷ ᠬᠠᠷ᠎ᠠ ᠬᠤᠤᠷᠳᠠᠢ ᠪᠣᠳᠤᠯᠭ᠎ᠠ ᠳᠤ ᠲᠤᠩ ᠭᠦᠨ ᠣᠢ᠌ᠯᠠᠭᠠᠯᠳᠠ ᠲᠡᠶ ᠪᠣᠯᠤᠭᠰᠠᠨ ᠶᠤᠮ᠃ ᠳᠠᠷᠠ᠂ ᠰᠢᠠᠵᠢᠶᠠᠩ ᠤᠨ ᠮᠤᠩᠭ᠋ᠤᠯᠴᠤᠳ ᠤᠨ ᠬᠤᠴᠤᠷᠤᠨ ᠳᠤᠷᠣᠢ᠌ᠳᠠᠭᠰᠠᠨ ᠪᠠᠢ᠌ᠳᠠᠯ ᠢ ᠥᠭᠡᠷᠡᠴᠢᠯᠡᠭᠦ ᠭᠡᠪᠠᠯ ᠡᠷᠭᠡᠪᠰᠢ ᠰᠤᠷᠭᠠᠭᠤᠯᠢ ᠪᠠᠢ᠌ᠭᠤᠯᠵᠤ᠂ ᠰᠤᠶᠤᠯ ᠰᠤᠷᠭᠠᠨ ᠭᠦᠮᠦᠵᠢᠯ ᠢ ᠭᠦᠭ᠍ᠵᠢᠭᠦᠯᠵᠤ᠂ ᠳᠠᠪᠰᠢᠩᠭ᠋ᠤᠢ ᠦᠵᠡᠯ ᠰᠠᠨᠠᠭ᠎ᠠ ᠭᠢᠭᠡᠳ ᠪᠣᠰᠤᠳ ᠤᠨ ᠳᠠᠪᠰᠢᠭᠰᠠᠨ ᠰᠢᠨ᠎ᠠ ᠶᠠᠭᠤᠮ᠎ᠠ ᠶᠢ ᠭᠦᠯᠢᠶᠡᠨ ᠠᠪᠬᠤ ᠭᠡᠷᠡᠭ᠍ᠳᠡᠢ ᠭᠡᠰᠡᠨ ᠭᠦᠰᠡᠯᠡᠩ ᠡᠪᠦᠷᠯᠡᠭ᠍ᠰᠡᠨ ᠳᠠᠪᠰᠢᠩᠭ᠋ᠤᠢ ᠦᠵᠡᠯ ᠰᠠᠨᠠᠭ᠎ᠠ ᠲᠡᠶ ᠭᠦᠮᠤᠨ ᠪᠠᠢ᠌ᠵᠠᠢ᠃ ᠳᠤᠬᠠᠢ ᠦᠶ᠎ᠡ ᠶᠢᠨ 《ᠮᠤᠩᠭ᠋ᠤᠯᠴᠤᠳ ᠤᠨ ᠵᠠᠷᠢᠮ ᠳᠡᠭᠡᠳᠤ ᠳᠠᠪᠬᠤᠷᠭᠠᠨ ᠤ ᠭᠦᠮᠦᠰ ᠡᠨᠡ ᠭᠦ ᠬᠠᠤᠯᠢ ᠶᠤᠰᠤᠨ ᠤ ᠭᠡᠯᠪᠠᠷᠢ ᠶᠢ ᠠᠰᠢᠭᠯᠠᠨ ᠦᠨᠳᠦᠰᠦᠳᠠᠨ ᠤ ᠰᠤᠶᠤᠯ ᠰᠤᠷᠭᠠᠨ ᠭᠦᠮᠦᠵᠢᠯ ᠤᠨ ᠣᠢ᠌ᠯᠠᠰ ᠲᠤ ᠣᠢ᠌ᠯᠠᠴᠢᠯᠠᠵᠤ ᠪᠠᠢ᠌ᠪᠠ》 [21] ᠭᠡᠵᠤ 《ᠤᠢ᠌ᠷᠡᠳ ᠮᠤᠩᠭ᠋ᠤᠯ ᠤᠨ ᠳᠤᠪᠴᠢ ᠳᠡᠦᠭᠡ》 ᠳ᠋ᠤ ᠳᠡᠮᠳᠡᠭᠯᠡᠭ᠍ᠰᠡᠨ ᠪᠠᠢ᠌ᠨ᠎ᠠ᠃ ᠳᠤᠬᠠᠢ ᠶᠢᠨ ᠦᠶ᠎ᠡ ᠶᠢᠨ ᠮᠤᠵᠢ ᠶᠢᠨ ᠰᠤᠷᠭᠠᠨ ᠭᠦᠮᠦᠵᠢᠯ ᠤᠨ ᠳᠢᠩᠭᠢᠮ ᠤᠨ ᠳᠠᠳ᠋ ᠳᠠᠷᠤᠭ᠎ᠠ᠂ ᠮᠤᠩᠭ᠋ᠤᠯ ᠬᠤᠷᠠᠯ ᠢ ᠡᠭᠦᠰᠭᠡᠨ ᠪᠠᠢ᠌ᠭᠤᠯᠤᠭᠴᠢ ᠪᠦᠭᠡᠳ ᠮᠤᠩᠭ᠋ᠤᠯ ᠬᠤᠷᠠᠯ ᠤᠨ ᠠᠩᠬᠠᠳᠠᠭᠴᠢ ᠳᠠᠷᠤᠭ᠎ᠠ ᠪᠠᠢ᠌ᠭᠰᠠᠨ ᠰᠢᠯᠢᠭ᠌᠂ ᠱᠸᠩ ᠱᠢ ᠼᠠᠢ ᠶᠢᠨ ᠭᠡᠷᠡᠭ᠍ᠵᠢᠭᠦᠯᠵᠤ ᠪᠠᠢ᠌ᠭᠰᠠᠨ ᠳᠠᠪᠰᠢᠩᠭ᠋ᠤᠢ ᠳᠦᠷᠤ ᠶᠢᠨ ᠪᠣᠳᠤᠯᠭ᠎ᠠ᠂ ᠮᠤᠩᠭ᠋ᠤᠯ ᠬᠤᠷᠠᠯ ᠤᠨ ᠬᠠᠤᠯᠢ ᠶᠤᠰᠤᠨ ᠤ ᠭᠡᠯᠪᠠᠷᠢ ᠪᠣᠯᠤᠨ ᠮᠤᠩᠭ᠋ᠤᠯ ᠶᠡᠷᠦᠩᠭᠡᠢ ᠬᠤᠷᠠᠯ ᠤᠨ ᠳᠠᠷᠤᠭ᠎ᠠ ᠶᠢᠨ ᠳᠤᠰᠢᠶᠠᠯ ᠶᠢᠡᠨ ᠠᠰᠢᠭᠯᠠᠵᠤ᠂ ᠣᠤᠯ ᠡᠴᠡ ᠬᠤᠴᠤᠷᠤᠭᠳᠠᠮᠠᠯ ᠦᠪᠡᠷ ᠤᠨ ᠦᠨᠳᠦᠰᠦᠳᠠᠨ ᠶᠢᠡᠨ ᠣᠯᠠᠮ ᠬᠤᠴᠤᠷᠤᠭᠤᠯᠬᠤ ᠦᠭᠡᠶ ᠶᠢᠨ ᠲᠦᠯᠦᠭᠡ ᠰᠤᠶᠤᠯ ᠭᠡᠭᠡᠷᠡᠯ ᠶᠢᠡᠷ ᠳᠤᠷᠣᠢ᠌ᠳᠠᠯ ᠮᠥᠭᠦᠯ ᠡᠴᠡ ᠠᠪᠣᠷᠠᠬᠤ ᠪᠠᠷ ᠣᠶᠤᠨ ᠣᠬᠠᠭᠠᠨ ᠶᠢᠡᠨ ᠰᠢᠪᠬᠠᠵᠤ ᠪᠠᠢ᠌ᠭᠰᠠᠨ ᠪᠦᠭᠡᠳ ᠴᠢᠩ ᠣᠯᠤᠰ ᠤᠨ ᠳᠦᠷᠤ ᠡᠴᠡ ᠡᠯ᠎ᠡ ᠭᠠᠵᠠᠷ ᠣᠷᠤᠨ ᠤ ᠮᠤᠩᠭ᠋ᠤᠯᠴᠤᠳ ᠤᠨ ᠬᠠᠷᠢᠴᠠᠭ᠎ᠠ ᠬᠤᠯᠪᠣᠭ᠎ᠠ ᠶᠢ ᠳᠠᠰᠤᠯᠵᠤ ᠪᠢᠳᠡᠭᠦᠮᠵᠢᠯᠡᠭ᠍ᠰᠡᠨ ᠪᠠᠢ᠌ᠳᠠᠯ ᠢ ᠡᠴᠦᠰᠯᠡᠭᠦᠯᠵᠤ᠂ ᠰᠡᠷᠭᠦᠭᠡᠨ ᠪᠦᠯᠭᠦᠮᠳᠡᠭᠦᠯᠵᠤ ᠬᠠᠮᠳᠤ ᠳᠤ ᠨᠢ ᠣᠷᠤᠭᠰᠢᠯᠠᠨ ᠭᠦᠭ᠍ᠵᠢᠭᠦᠯᠭᠦ ᠪᠠᠷ ᠴᠢᠷᠮᠠᠢ᠌ᠵᠤ ᠪᠠᠢ᠌ᠵᠠᠢ᠃ ᠰᠢᠠᠵᠢᠶᠠᠩ ᠤᠨ ᠮᠤᠩᠭ᠋ᠤᠯ ᠬᠤᠷᠠᠯ ᠪᠣᠯ 《ᠳᠤᠬᠠᠢ ᠦᠶ᠎ᠡ ᠳ᠋ᠠᠭᠢ ᠪᠦᠭᠦ ᠰᠢᠠᠵᠢᠶᠠᠩ ᠤᠨ ᠤᠢ᠌ᠷᠠᠤᠨ ᠮᠤᠩᠭ᠋ᠤᠯ ᠤᠨ ᠡᠯ᠎ᠡ ᠴᠢᠭᠤᠯᠭᠠᠨ ᠬᠤᠰᠢᠭᠤᠨ ᠤ ᠳᠤᠳᠤᠷᠠᠭᠢ ᠴᠤᠷ ᠤᠨ ᠭᠠᠭᠴᠠ ᠣᠯᠠᠨ ᠲᠦᠮᠡᠠᠴᠢ ᠰᠤᠶᠤᠯ ᠤᠨ ᠪᠦᠯᠭᠦᠮ ᠪᠣᠯᠤᠨ᠎ᠠ》 [22]᠃ ᠮᠦᠨ ᠴᠤ ᠰᠢᠠᠵᠢᠶᠠᠩ ᠤᠨ ᠡᠯ᠎ᠡ ᠭᠠᠵᠠᠷ ᠣᠷᠤᠨ ᠳᠤ ᠳᠠᠷᠬᠠᠢ ᠪᠣᠳᠠᠷᠬᠠᠢ ᠰᠠᠭᠤᠷᠢᠰᠢᠵᠤ ᠪᠠᠢ᠌ᠭᠰᠠᠨ ᠮᠤᠩᠭ᠋ᠤᠯᠴᠤᠳ ᠤᠨ ᠣᠯᠤᠰ ᠳᠦᠷᠤ᠂ ᠠᠵᠤ ᠠᠬᠤᠢ᠂ ᠰᠤᠶᠤᠯ ᠰᠤᠷᠭᠠᠨ ᠭᠦᠮᠦᠵᠢᠯ ᠤᠨ ᠭᠦᠳᠡᠯᠭᠡᠭᠡᠨ ᠤ ᠲᠦᠪ ᠨᠢ ᠪᠣᠯᠵᠤ᠂ ᠢᠵᠢᠯ ᠡᠴᠡ ᠪᠣᠴᠠᠵᠤ ᠢᠷᠡᠭ᠍ᠰᠡᠨ ᠡᠴᠡ ᠬᠣᠢ᠌ᠰᠢ ᠬᠠᠭᠠᠴᠠᠨ ᠰᠠᠯᠤᠭᠰᠠᠨ ᠰᠢᠠᠵᠢᠶᠠᠩ ᠤᠨ ᠮᠤᠩᠭ᠋ᠤᠯᠴᠤᠳ ᠤᠨ ᠬᠠᠷᠢᠴᠠᠭ᠎ᠠ ᠬᠤᠯᠪᠣᠭ᠎ᠠ ᠶᠢ ᠰᠡᠷᠭᠦᠭᠡᠵᠡᠢ᠃ ᠪᠦᠭᠦ ᠰᠢᠠᠵᠢᠶᠠᠩ ᠤᠨ ᠮᠤᠩᠭ᠋ᠤᠯᠴᠤᠳ ᠮᠤᠩᠭ᠋ᠤᠯ ᠶᠡᠷᠦᠩᠭᠡᠢ ᠬᠤᠷᠠᠯ ᠤᠨ ᠣᠳᠤᠷᠢᠳᠤᠯᠭ᠎ᠠ ᠪᠠ ᠢᠳᠠᠪᠭᠢᠳᠠᠢ ᠣᠷᠢᠶᠠᠯᠭ᠎ᠠ᠂ ᠱᠠᠭᠠᠷᠳᠠᠯᠭ᠎ᠠ ᠪᠠᠷ ᠮᠤᠩᠭ᠋ᠤᠯᠴᠤᠳ ᠲᠦᠪᠯᠡᠷᠠᠨ ᠰᠠᠭᠤᠷᠢᠰᠢᠭᠰᠠᠨ ᠭᠠᠵᠠᠷ ᠤᠳ ᠶᠢᠠᠷ  ᠣᠬᠤᠷᠬᠠᠨ ᠬᠤᠭᠤᠴᠠᠭᠠᠨ ᠳᠤᠳᠤᠷ᠎ᠠ ᠮᠤᠩᠭ᠋ᠤᠯ ᠬᠤᠪᠢᠶᠠᠷᠢ ᠬᠤᠷᠠᠯ ᠤᠳ ᠢ ᠤᠷᠢᠳ ᠬᠤᠵᠢᠳ ᠪᠠᠢ᠌ᠭᠤᠯᠵᠠᠢ᠃ 《ᠰᠢᠠᠵᠢᠶᠠᠩ ᠤᠨ ᠮᠤᠩᠭ᠋ᠤᠯ ᠰᠤᠶᠤᠯ ᠢ ᠠᠭᠢᠭᠤᠯᠬᠤ ᠶᠡᠷᠦᠩᠭᠡᠢ ᠬᠤᠷᠠᠯ ᠢ ᠳ᠋ᠢᠬᠤᠧᠨ ᠳᠤ ᠪᠠᠢ᠌ᠭᠤᠯᠵᠤ᠂ ᠬᠠᠷᠠᠱᠠᠷ᠎ᠠ᠂ ᠢᠯᠢ᠂ ᠳᠠᠷᠪᠠᠭᠠᠳᠠᠢ᠂ ᠡᠡᠯᠳᠡᠢ ᠵᠡᠷᠭᠡ ᠳᠤᠰᠬᠠᠢ ᠣᠷᠤᠨ ᠳᠤ ᠣᠷᠤᠨ ᠤ ᠳᠠᠰ ᠤᠨ ᠳᠦᠷᠪᠠᠨ ᠬᠤᠷᠠᠯ ᠪᠠᠢ᠌ᠭᠤᠯᠤᠭᠰᠠᠨ ᠪᠦᠭᠡᠳ ᠮᠤᠩᠭ᠋ᠤᠯᠴᠤᠳ ᠲᠦᠪᠯᠡᠷᠠᠨ ᠰᠠᠭᠤᠭᠰᠠᠨ ᠠᠷᠪᠠᠨ ᠬᠤᠶᠠᠷ ᠰᠢᠶᠠᠨ ᠳᠤ ᠪᠠᠰᠠ ᠳᠤᠰ ᠪᠦᠷᠢ ᠰᠠᠯᠪᠣᠷᠢ ᠬᠤᠷᠠᠯ ᠪᠠᠢ᠌ᠭᠤᠯᠵᠠᠢ (ᠳᠠᠷᠤᠢ ᠾᠸᠵᠢᠩ᠂ ᠬᠤᠱᠤᠳ᠂ ᠨᠢᠯᠬ᠎ᠠ᠂ ᠳᠡᠭᠡᠰ᠂ ᠮᠤᠩᠭ᠋ᠤᠯᠭᠦ᠋ᠷᠢᠶ᠎ᠡ᠂ ᠪᠣᠷᠤᠳᠠᠯ᠎ᠠ᠂ ᠷᠠᠰᠢᠶᠠᠨ᠂ ᠵᠢᠩ᠂ ᠬᠠᠷᠠᠠᠤᠰᠤᠨ᠂ ᠳᠦᠷᠪᠠᠯᠵᠢᠨ᠂ ᠬᠤᠪᠣᠭᠰᠠᠢ᠌ᠷᠢ᠂ ᠵᠢᠮᠰᠠᠢ᠌ᠷᠢ)》 [23]᠃ ᠡᠳᠡᠭᠡᠷ ᠭᠠᠵᠠᠷ ᠤᠨ 《ᠮᠤᠩᠭ᠋ᠤᠯ ᠬᠤᠷᠠᠯ》 ᠨᠢ ᠳᠤᠰ ᠭᠠᠵᠠᠷ ᠣᠷᠤᠨ ᠤ ᠮᠤᠩᠭ᠋ᠤᠯᠴᠤᠳ ᠤᠨ ᠣᠯᠤᠰ ᠳᠦᠷᠤ᠂ ᠰᠤᠶᠤᠯ᠂ ᠰᠤᠷᠭᠠᠨ ᠭᠦᠮᠦᠵᠢᠯ ᠤᠨ ᠭᠦᠳᠦᠯᠪᠦᠷᠢ ᠶᠢᠨ ᠲᠦᠪ ᠨᠢ ᠪᠣᠯᠵᠤ᠂ ᠳᠤᠰ ᠭᠠᠵᠠᠷ ᠣᠷᠤᠨ ᠤ ᠦᠨᠳᠦᠰᠦᠳᠠᠨ ᠤ ᠰᠤᠶᠤᠯ᠂ ᠰᠤᠷᠭᠠᠨ ᠭᠦᠮᠦᠵᠢᠯ᠂ ᠨᠠᠢ᠌ᠳᠠ ᠶᠢᠨ ᠠᠰᠠᠷᠠᠮᠵᠢ ᠶᠢᠨ ᠣᠢ᠌ᠯᠠᠰ ᠤᠨ ᠭᠦᠭ᠍ᠵᠢᠯᠳᠡ ᠶᠢ ᠠᠭᠢᠭᠤᠯᠬᠤ ᠳᠤ ᠢᠳᠠᠪᠭᠢᠳᠠᠢ ᠣᠢ᠌ᠯᠠᠳᠤᠯ ᠥᠵᠡᠭᠦᠯᠵᠡᠢ᠃

      ᠭᠤᠷᠪᠠ᠂ ᠰᠢᠠᠵᠢᠶᠠᠩ ᠤᠨ ᠡᠯ᠎ᠡ ᠭᠠᠵᠠᠷ ᠣᠷᠤᠨ ᠳᠤ ᠮᠤᠩᠭ᠋ᠤᠯ ᠰᠤᠷᠭᠠᠭᠤᠯᠢ ᠪᠠᠢ᠌ᠭᠤᠯᠤᠭᠰᠠᠨ ᠨᠢ

      ᠰᠤᠷᠭᠠᠭᠤᠯᠢ ᠪᠠᠢ᠌ᠭᠤᠯᠵᠤ ᠰᠤᠶᠤᠯ ᠰᠤᠷᠭᠠᠨ ᠭᠦᠮᠦᠵᠢᠯ ᠢ ᠭᠦᠭ᠍ᠵᠢᠭᠦᠯᠭᠦ ᠨᠢ ᠠᠷᠠᠤᠨ ᠣᠯᠠᠨ ᠤ ᠮᠤᠩᠬᠠᠭ ᠪᠠᠯᠠᠢ ᠶᠠᠳᠠᠭᠤ ᠬᠤᠴᠤᠷᠤᠩᠭ᠋ᠤᠢ ᠪᠠᠢ᠌ᠳᠠᠯ ᠢ ᠬᠤᠪᠢᠷᠠᠭᠤᠯᠵᠤ᠂ ᠳᠠᠪᠰᠢᠩᠭ᠋ᠤᠢ ᠦᠨᠳᠦᠰᠦᠳᠠᠨ ᠯᠦᠭᠡ ᠮᠦᠷᠤ ᠵᠡᠷᠭᠡᠴᠡᠨ ᠣᠷᠤᠭᠰᠢᠯᠠᠵᠤ ᠴᠢᠳᠠᠨ᠎ᠠ᠃ ᠡᠢ᠌ᠮᠤ ᠡᠴᠡ《ᠮᠤᠩᠭ᠋ᠤᠯ ᠬᠤᠷᠠᠯ》 ᠊ᠤᠨ ᠣᠳᠤᠷᠢᠳᠤᠭᠴᠢᠳ ᠮᠤᠩᠭ᠋ᠤᠯ ᠦᠨᠳᠦᠰᠦᠳᠠᠨ ᠤ ᠳᠡᠭᠡᠳᠤ ᠳᠠᠪᠬᠤᠷᠠᠭ᠎ᠠ ᠶᠢᠨ ᠨᠤᠶᠠᠤᠨ ᠪᠠᠶᠠᠤᠨ ᠪᠠ ᠯᠠᠮᠠ ᠬᠤᠸᠠᠷᠠᠭ ᠤᠳ ᠤᠨ ᠣᠯᠠᠨ ᠲᠦᠮᠡᠨ ᠳᠤᠮᠳᠠᠭᠢ ᠨᠥᠯᠦᠭᠡ ᠪᠠ ᠠᠵᠤ ᠠᠬᠤᠢ ᠵᠡᠷᠭᠡ ᠳᠠᠯ᠎ᠠ ᠶᠢᠨ ᠳᠠᠪᠠᠭᠤᠯᠢᠭ ᠨᠥᠭᠦᠴᠡᠯ ᠢ ᠠᠰᠢᠭᠯᠠᠬᠤ ᠶᠢᠨ ᠬᠠᠮᠳᠤ᠂ ᠦᠨᠳᠦᠰᠦᠳᠠᠨ ᠤ ᠰᠤᠶᠤᠯ ᠳᠠᠭᠠᠨ ᠪᠣᠯᠤᠭᠰᠠᠨ ᠬᠠᠢ᠌ᠷ᠎ᠠ ᠰᠡᠳᠬᠢᠯᠭᠡ ᠶᠢ ᠭᠦᠭ᠍ᠵᠢᠭᠡᠨ ᠪᠦᠯᠭᠦᠮᠳᠡᠭᠦᠯᠵᠤ᠂ ᠰᠤᠶᠤᠯ ᠰᠤᠷᠭᠠᠨ ᠭᠦᠮᠦᠵᠢᠯ ᠤᠨ ᠣᠢ᠌ᠯᠠᠰ ᠲᠤ ᠥᠢᠯᠡᠴᠢᠯᠡᠭᠦ ᠶᠢᠨ ᠲᠦᠯᠦᠭᠡ᠂ ᠡᠯ᠎ᠡ ᠭᠠᠵᠠᠷ ᠤᠨ ᠮᠤᠩᠭ᠋ᠤᠯᠴᠤᠳ ᠤᠨ ᠠᠬᠠᠯᠠᠭᠴᠢᠳ ᠢ ᠦᠷᠤᠮᠴᠢ ᠳᠤ ᠵᠠᠯᠠᠨ ᠬᠤᠷᠠᠯ ᠭᠢᠵᠤ᠂ 《ᠬᠤᠷᠠᠯ ᠤᠨ ᠳᠠᠷᠠᠭ᠎ᠠ᠂ ᠮᠠᠠᠴᠤᠭᠵᠠᠪ ᠬᠠᠨ ᠠᠬᠠᠯᠠᠭᠠᠤᠨ ᠣᠳᠤ ᠶᠢᠨ ᠾᠸᠵᠢᠩ ᠤᠨ ᠭᠠᠵᠠᠷ ᠣᠷᠤᠨ ᠳᠤ ᠨᠢᠭᠡ ᠪᠠᠭ᠎ᠠ ᠰᠤᠷᠭᠠᠭᠤᠯᠢ ᠪᠠᠢ᠌ᠭᠤᠯᠵᠤ᠂ ᠬᠠᠨ ᠤ ᠣᠷᠳᠤᠨ ᠤ ᠪᠠᠭ᠎ᠠ ᠰᠤᠷᠭᠠᠭᠤᠯᠢ ᠭᠡᠵᠤ ᠨᠠᠷᠠᠯᠠᠵᠠᠢ᠃ ᠡᠨᠡ ᠪᠣᠯ ᠤᠢ᠌ᠷᠠᠤᠨ ᠮᠤᠩᠭ᠋ᠤᠯ ᠤᠨ ᠰᠤᠶᠤᠯ ᠰᠤᠷᠭᠠᠨ ᠭᠦᠮᠦᠵᠢᠯ ᠤᠨ ᠳᠡᠦᠭᠡ ᠳᠤ ᠢᠯᠠᠷᠠᠨ ᠭᠠᠷᠤᠭᠰᠠᠨ ᠠᠩᠬᠠᠳᠠᠭᠴᠢ ᠪᠠᠭ᠎ᠠ ᠰᠤᠷᠭᠠᠭᠤᠯᠢ ᠪᠣᠯᠬᠤ ᠪᠦᠭᠡᠳ ᠰᠢᠠᠵᠢᠶᠠᠩ ᠤᠨ ᠮᠤᠩᠭ᠋ᠤᠯᠴᠤᠳ ᠤᠨ ᠰᠤᠶᠤᠯ ᠰᠤᠷᠭᠠᠨ ᠭᠦᠮᠦᠵᠢᠯ ᠢ ᠳᠦᠭᠡᠮᠡᠯᠵᠢᠭᠦᠯᠵᠤ ᠡᠭᠢᠯᠡᠭ᠍ᠰᠡᠨ ᠢ ᠬᠠᠷᠠᠭᠤᠯᠵᠤ ᠪᠠᠢ᠌ᠨ᠎ᠠ》 [24]᠃ 《ᠬᠤᠱᠤᠳ ᠰᠢᠶᠠᠨ ᠤ ᠮᠤᠩᠭ᠋ᠤᠯ ᠦᠨᠳᠦᠰᠦᠳᠠᠨ ᠤ ᠦᠷᠭᠡᠨ ᠣᠯᠠᠨ ᠳᠠᠷᠢᠶᠠᠴᠢᠨ ᠮᠠᠯᠴᠢᠨ ᠪᠣᠰᠤᠳ ᠭᠠᠵᠠᠷ ᠤᠨ ᠮᠤᠩᠭ᠋ᠤᠯ ᠦᠨᠳᠦᠰᠦᠳᠠᠨ ᠤ ᠠᠷᠠᠤᠨ ᠲᠦᠮᠡᠨ ᠲᠡᠶ ᠠᠳᠠᠯᠢᠬᠠᠨ ᠰᠤᠶᠤᠯ ᠰᠤᠷᠭᠠᠨ ᠭᠦᠮᠦᠵᠢᠯ ᠶᠢᠡᠷ ᠮᠠᠰᠢ ᠬᠤᠴᠤᠷᠤᠩᠭ᠋ᠤᠢ ᠪᠠᠢ᠌ᠵᠤ᠂ 95% ᠶ᠋ᠢᠨ ᠭᠦᠮᠦᠰ ᠨᠢ ᠥᠰᠦᠭ᠌ ᠳᠡᠨᠢᠬᠤ ᠥᠭᠡᠢ ᠪᠠᠢ᠌ᠵᠠᠢ᠃ ᠮᠤᠩᠭ᠋ᠤᠯ ᠤᠨ ᠰᠤᠶᠤᠯ ᠢ ᠠᠭᠢᠭᠤᠯᠬᠤ ᠶᠡᠷᠦᠩᠭᠡᠢ ᠬᠤᠷᠠᠯ ᠤᠨ ᠳᠠᠷᠤᠭ᠎ᠠ ᠰᠢᠯᠢᠭ᠌ ᠤᠨ ᠰᠠᠨᠠᠭᠠᠴᠢᠯᠭ᠎ᠠ ᠪᠠᠷ 1936 ᠣᠨ ᠤ 5 ᠰᠠᠷ᠎ᠠ ᠳᠤ ᠬᠤᠱᠤᠳ ᠤᠨ ᠭᠠᠵᠠᠷ ᠣᠷᠤᠨ ᠤ ᠠᠩᠬᠠᠳᠠᠭᠴᠢ ᠰᠤᠷᠭᠠᠭᠤᠯᠢ ᠊᠊᠊᠊᠊᠊᠊᠊᠊᠊᠊᠊᠊᠊᠊ ᠳᠠᠭᠠᠷᠴᠢ ᠶᠢᠨ ᠪᠠᠭ᠎ᠠ ᠰᠤᠷᠭᠠᠭᠤᠯᠢ ᠶᠢ ᠪᠠᠢ᠌ᠭᠤᠯᠪᠠ᠃ ᠡᠨᠡ ᠨᠢ ᠬᠤᠱᠤᠳ ᠠᠢ᠌ᠮᠠᠭ ᠤᠨ ᠸᠠᠩ ᠭᠦᠩ ᠪᠣᠯᠬᠤ ᠠᠷᠠᠪᠳᠠᠠᠪᠣᠳᠢ ᠨᠤᠶᠠᠨ ᠤ ᠣᠷᠳᠤᠨ ᠳᠤ ᠪᠠᠢ᠌ᠭᠤᠯᠤᠭᠰᠠᠨ ᠰᠤᠷᠭᠠᠭᠤᠯᠢ ᠪᠣᠯᠤᠨ᠎ᠠ》 [25]᠃ ᠪᠣᠷᠤᠳᠠᠯ᠎ᠠ ᠳᠤ 《1936 ᠣᠨ ᠳᠤ ᠪᠣᠯᠠᠭᠠᠨ ᠠᠮᠪᠠᠨ ᠰᠢᠤᠶ‍ᠢᠩᠫᠠᠨ ᠳᠤ ᠴᠠᠬᠠᠷ ᠤᠨ ᠰᠢᠨ᠎ᠠ ᠠᠩᠭᠢ ᠶᠢᠨ ᠨᠢ᠋ᠮᠠᠨ ᠰᠤᠮᠤᠨ ᠤ ᠪᠠᠢ᠌ᠷᠢᠯᠠᠨ ᠣᠩᠰᠢᠬᠤ ᠰᠤᠷᠭᠠᠭᠤᠯᠢ ᠪᠣᠯᠬᠤ ᠮᠤᠩᠭ᠋ᠤᠯ ᠰᠤᠷᠭᠠᠭᠤᠯᠢ ᠶᠢ ᠪᠠᠢ᠌ᠭᠤᠯᠵᠤ᠂ ᠭᠢᠴᠢᠶᠠᠯ ᠤᠨ ᠭᠡᠷ᠂ ᠬᠤᠨᠤᠬᠤ ᠭᠡᠷ᠂ ᠪᠣᠳᠠᠭᠠᠨ ᠤᠨ ᠭᠡᠷ ᠢ ᠪᠠᠷᠢᠵᠤ ᠁ ᠳᠤᠰ ᠵᠢᠯ ᠳᠤ ᠨᠢ ᠪᠣᠯᠠᠭᠠᠨ ᠠᠮᠪᠠᠨ ᠴᠠᠬᠠᠷ ᠬᠠᠭᠤᠴᠢᠨ ᠠᠩᠭᠢ ᠶᠢᠨ ᠨᠢ᠋ᠮᠠᠨ ᠰᠤᠮᠤᠨ ᠢ ᠳᠠᠢ᠌ᠴᠢᠯᠠᠵᠤ ᠷᠠᠰᠢᠶᠠᠨ ᠰᠢᠶᠠᠨ ᠤᠨ ᠬᠠᠷᠠᠪᠣᠬ᠎ᠠ ᠪᠣᠯᠤᠨ ᠪᠠᠳᠤᠬᠤᠳᠤᠭᠤᠷ ᠭᠡᠭᠦ ᠬᠤᠶᠠᠷ ᠭᠠᠵᠠᠷ ᠲᠤ ᠪᠠᠰᠠ ᠬᠤᠶᠠᠷ ᠰᠤᠷᠭᠠᠭᠤᠯᠢ ᠪᠠᠢ᠌ᠭᠤᠯᠤᠭᠰᠠᠨ ᠶᠤᠮ》 [26]᠃ 《1935 ᠣᠨ ᠳᠤ ᠵᠢᠩ ᠤᠨ ᠪᠠᠯᠭᠠᠰᠤᠨ ᠳᠤ ᠮᠤᠩᠭ᠋ᠤᠯ ᠰᠤᠷᠭᠠᠭᠤᠯᠢ ᠪᠠᠢ᠌ᠭᠤᠯᠵᠤ (ᠣᠳᠤ ᠶᠢᠨ ᠬᠤᠶᠠᠳᠤᠭᠠᠷ ᠳᠤᠮᠳᠠᠳᠤ ᠰᠤᠷᠭᠠᠭᠤᠯᠢ)᠂ ᠳ᠋ᠠᡁᠸᠶᠠᠠᠽᠢ ᠳᠤ ᠪᠠᠰᠠ ᠨᠢᠭᠡ ᠮᠤᠩᠭ᠋ᠤᠯ ᠰᠤᠷᠭᠠᠭᠤᠯᠢ ᠪᠠᠢ᠌ᠭᠤᠯᠤᠭᠰᠠᠨ ᠶᠤᠮ》 [27]᠃ 《ᠰᠢᠠᠵᠢᠶᠠᠩ ᠤᠨ ᠮᠤᠩᠭ᠋ᠤᠯ ᠤᠨ ᠣᠤᠠᠬ᠎ᠠ ᠰᠤᠶᠤᠯ ᠢ ᠠᠭᠢᠭᠤᠯᠬᠤ ᠬᠤᠷᠠᠯ ᠠᠯᠢᠪᠠ ᠭᠠᠵᠠᠷ ᠤᠨ ᠰᠠᠯᠪᠣᠷᠢ ᠬᠤᠷᠠᠯ ᠳᠤ ᠰᠤᠷᠭᠠᠭᠤᠯᠢ ᠪᠠᠢ᠌ᠭᠤᠯᠬᠤ ᠶᠢ ᠱᠠᠭᠠᠷᠳᠠᠭᠰᠠᠨ ᠤ ᠬᠠᠮᠳᠤ ᠶᠠᠫᠣᠨ ᠢ ᠡᠰᠡᠷᠭᠦᠴᠡᠭᠦ ᠪᠠ 〈ᠵᠢᠷᠭᠤᠭᠠᠨ ᠶᠡᠭᠡ ᠳᠦᠷᠤ ᠶᠢᠨ ᠪᠣᠳᠤᠯᠭ᠎ᠠ〉 ᠶ᠋ᠢ ᠣᠬᠠᠭᠤᠯᠵᠤ ᠪᠠᠢ᠌ᠪᠠ᠃ ᠡᠭᠦᠨ ᠤ ᠨᠥᠯᠦᠭᠡ ᠪᠠᠷ ᠬᠠᠷᠠᠠᠤᠰᠤᠨ ᠰᠢᠶᠠᠨ ᠳᠤ ᠸᠠᠩ ᠨᠤᠶᠠᠤᠨ ᠤᠨ ᠶᠠᠮᠤᠨ ᠡᠴᠡ ᠰᠠᠯᠤᠭᠰᠠᠨ 〈ᠰᠡᠭᠡᠷ ᠤᠨ ᠮᠤᠩᠭ᠋ᠤᠯ ᠰᠤᠷᠭᠠᠭᠤᠯᠢ〉᠂ 〈ᠵᠢᠷᠭᠠᠯ ᠤᠨ ᠮᠤᠩᠭ᠋ᠤᠯ ᠰᠤᠷᠭᠠᠭᠤᠯᠢ〉 ᠵᠡᠷᠭᠡ ᠰᠢᠨ᠎ᠠ ᠮᠠᠶ‍ᠢᠭ ᠤᠨ ᠰᠤᠷᠭᠠᠭᠤᠯᠢ ᠪᠠᠢ᠌ᠭᠤᠯᠤᠭᠳᠠᠪᠠ ᠁ ᠡᠳᠡᠭᠡᠷ ᠰᠤᠷᠭᠠᠭᠤᠯᠢ ᠨᠤᠭᠤᠳ ᠬᠤᠵᠢᠮ ᠤᠨ ᠬᠠᠷᠠᠠᠤᠰᠤᠨ ᠤ ᠮᠤᠩᠭ᠋ᠤᠯᠴᠤᠳ ᠤᠨ ᠰᠤᠶᠤᠯ ᠰᠤᠷᠭᠠᠨ ᠭᠦᠮᠦᠵᠢᠯ ᠤᠨ ᠣᠢ᠌ᠯᠠᠰ ᠤᠨ ᠭᠦᠭ᠍ᠵᠢᠯᠳᠡ ᠳᠤ ᠰᠠᠭᠤᠷᠢ ᠳᠠᠯᠪᠢᠵᠤ ᠦᠭ‍ᠪᠡ》 [28]᠃ 《20 ᠳ᠋ᠤᠭᠠᠷ ᠵᠠᠭᠤᠨ ᠤᠨ ᠭᠤᠴᠢᠭᠠᠤᠨ ᠣᠨ ᠤ ᠡᠭᠢ ᠪᠠᠷ ᠳᠦᠷᠪᠠᠯᠵᠢᠨ ᠰᠢᠶᠠᠨ ᠤ ᠠᠷᠪᠠᠨ ᠰᠤᠮᠤᠨ ᠥᠭᠡᠯᠡᠳᠴᠥᠳ ᠰᠢᠶᠠᠨ ᠤ ᠪᠠᠯᠭᠠᠰᠤᠨ ᠳᠤ ᠰᠢᠨ᠎ᠠ ᠭᠡᠯᠪᠠᠷᠢ ᠶᠢᠨ ᠮᠤᠩᠭ᠋ᠤᠯ ᠪᠠᠭ᠎ᠠ ᠰᠤᠷᠭᠠᠭᠤᠯᠢ ᠪᠠᠢ᠌ᠭᠤᠯᠤᠭᠰᠠᠨ ᠶᠤᠮ᠃ 1934 ᠳ᠋ᠤᠭᠡᠷ ᠣᠨ ᠳᠤ ᠴᠢᠯᠠᠭᠤᠨ ᠥᠭᠡᠷᠳᠡᠢ᠂ ᠮᠠᠷᠭᠠᠯᠳᠠᠨ ᠢᠯᠭᠡᠳᠡᠢ᠂ ᠯᠤᠤᠽᠠᠩ ᠳ᠋ᠠ ᠯᠠᠮᠠ ᠪᠠᠷ ᠠᠬᠠᠯᠠᠭᠤᠯᠤᠭᠰᠠᠨ ᠠᠷᠪᠠᠨ ᠰᠤᠮᠤᠨ᠂ ᠳᠦᠷᠪᠠᠨ ᠭᠦᠷᠢᠶ᠎ᠡ ᠶᠢᠨ ᠬᠠᠷ᠎ᠠ ᠰᠢᠷ᠎ᠠ ᠨᠤᠶᠠᠤᠨ ᠪᠠᠷᠯᠤᠭ ᠤᠨ ᠭᠦᠷᠢᠶ᠎ᠡ ᠳᠤ ᠨᠢᠭᠡ ᠣᠳᠠᠭ᠎ᠠ ᠶᠢᠨ ᠶᠡᠭᠡ ᠬᠤᠷᠠᠯ ᠭᠢᠵᠤ᠂ ᠠᠷᠪᠠᠨ ᠰᠤᠮᠤᠨ ᠤ ᠰᠤᠶᠤᠯ ᠰᠤᠷᠭᠠᠨ ᠭᠦᠮᠦᠵᠢᠯ ᠤᠨ ᠣᠢ᠌ᠯᠠᠰ ᠢ ᠶᠠᠭᠠᠭᠢᠵᠤ ᠳᠤᠬᠠᠢ ᠶᠢᠨ ᠴᠠᠭ ᠦᠶ᠎ᠡ ᠶᠢᠨ ᠭᠡᠷᠡᠭ᠍ᠴᠡᠭᠡᠨ ᠯᠦᠭᠡ ᠨᠡᠢ᠌ᠴᠡᠭᠦᠯᠵᠤ᠂ ᠰᠢᠨ᠎ᠠ ᠭᠡᠯᠪᠠᠷᠢ ᠶᠢᠨ ᠰᠤᠷᠭᠠᠭᠤᠯᠢ ᠪᠠᠢ᠌ᠭᠤᠯᠬᠤ ᠳᠤᠬᠠᠢ ᠭᠤᠤᠯᠴᠢᠯᠠᠨ ᠶᠠᠷᠢᠯᠴᠠᠵᠠᠢ》 [29]᠃ 《1935 ᠣᠨ ᠤ ᠦᠶ᠎ᠡ ᠪᠠᠷ ᠯᠠᠶ‍ᠢᠳᠢᠨ ᠥᠭᠡᠷᠳᠡᠢ᠂ ᠯᠤᠤᠷᠤᠪ ᠺᠠᠮᠪᠣ (ᠬᠠᠮᠪᠣ) ᠮᠠᠳᠤ ᠭᠦᠮᠦᠰ ᠤᠨ ᠴᠢᠷᠮᠠᠢ᠌ᠯᠭ᠎ᠠ ᠪᠠᠷ ᠨᠢᠯᠬ᠎ᠠ ᠳᠤ ᠮᠤᠩᠭ᠋ᠤᠯ ᠰᠤᠷᠭᠠᠭᠤᠯᠢ 〈ᠣᠯᠠᠭᠠᠨ ᠰᠤᠷᠭᠠᠭᠤᠯᠢ〉 ᠪᠠᠢ᠌ᠭᠤᠯᠵᠠᠢ》 [30]᠃ ᠳᠡᠭᠡᠰ ᠤᠨ ᠮᠤᠩᠭ᠋ᠤᠯᠴᠤᠳ 《ᠳᠦᠷᠪᠠᠨ ᠰᠤᠮᠤᠨ ᠱᠠᠪᠢᠨᠠᠷ ᠨᠡᠢ᠌ᠯᠡᠭᠡᠳ ᠪᠠᠬᠠᠯᠠᠭ ᠲᠤ ᠨᠢᠭᠡ ᠮᠤᠩᠭ᠋ᠤᠯ ᠰᠤᠷᠭᠠᠭᠤᠯᠢ ᠪᠠᠢ᠌ᠭᠤᠯᠵᠠᠢ ᠁ ᠨᠤᠳᠤᠭ ᠤᠨ ᠪᠠᠶᠠᠨ ᠨᠤᠶᠠᠤᠨ ᠶᠡᠭᠡ ᠭᠡᠮᠵᠢᠶᠡᠨ ᠤ ᠡᠳ᠋ ᠭᠦᠷᠦᠩᠭᠡ ᠪᠠᠷ ᠳᠤᠰᠠᠯᠠᠭᠰᠠᠨ ᠪᠦᠭᠡᠳ 1936 ᠣᠨ ᠳᠤ ᠰᠤᠷᠭᠠᠭᠤᠯᠢ ᠪᠠᠨ ᠵᠢᠩᠭᠢᠨᠢ ᠪᠠᠷ ᠡᠭᠢᠯᠡᠵᠡᠢ》 [31]᠃ 《ᠳᠡᠭᠡᠰ 1936 ᠣᠨ ᠳᠤ ᠳᠤᠳᠠᠢ ᠢᠯᠭᠡᠳᠡᠢ ᠰᠢᠶᠠᠨ ᠤ ᠪᠠᠯᠭᠠᠰᠤᠨ ᠳ᠋ᠠᠭᠢ ᠦᠪᠡᠷ ᠤᠨ ᠶᠠᠮᠤᠨ ᠳᠤ ᠪᠠᠨ ᠨᠢᠭᠡ ᠪᠠᠭ᠎ᠠ ᠰᠤᠷᠭᠠᠭᠤᠯᠢ ᠪᠠᠢ᠌ᠭᠤᠯᠤᠭᠠᠤᠨ ᠁ ᠳᠠᠮᠤᠷ ᠵᠠᠩᠭᠢ ᠶᠢᠨ ᠵᠢᠯᠤᠭᠤᠳᠤᠯᠭ᠎ᠠ ᠪᠠᠷ ᠨᠤᠳᠤᠭ ᠤᠨ ᠠᠷᠠᠤᠨ ᠭᠦᠳᠡᠯᠦᠯᠴᠡᠨ1940 ᠣᠨ ᠳᠤ ᠁ ᠳᠠᠪᠣᠠᠪᠣᠯᠠᠭ ᠤᠨ ᠠᠩᠬᠠᠳᠤᠭᠠᠷ ᠰᠤᠷᠭᠠᠭᠤᠯᠢ ᠰᠤᠠᠵᠤᠳᠤ ᠶᠢᠨ ᠰᠤᠷᠭᠠᠭᠤᠯᠢ ᠶᠢ ᠨᠡᠭᠡᠵᠡᠢ》 [32]᠃ ᠮᠤᠩᠭ᠋ᠤᠯᠭᠦ᠋ᠷᠢᠶ᠎ᠡ ᠶᠢᠨ ᠵᠢᠷᠭᠤᠭᠠᠨ ᠰᠤᠮᠤᠨ ᠥᠭᠡᠯᠡᠳ ᠲᠤ 《ᠰᠢᠶᠠᠨ ᠤ ᠪᠠᠯᠭᠠᠰᠤᠨ ᠳᠤ ᠠᠩᠬ᠎ᠠ ᠣᠳᠠᠭ᠎ᠠ ᠮᠤᠩᠭ᠋ᠤᠯ ᠪᠠᠭ᠎ᠠ ᠰᠤᠷᠭᠠᠭᠤᠯᠢ ᠪᠠᠢ᠌ᠭᠤᠯᠪᠠ》 [33]᠃ ᠮᠤᠩᠭ᠋ᠤᠯᠭᠦ᠋ᠷᠢᠶ᠎ᠡ ᠶᠢᠨ ᠴᠠᠭᠠᠠᠠᠤᠰᠤᠨ ᠳᠤ 《ᠫᠦᠷᠪᠠᠢ ᠵᠠᠩᠭᠢ ᠭᠡᠳᠡᠭ᠌ ᠭᠦᠮᠤᠨ ᠣᠷᠤᠰ ᠮᠤᠳᠤᠴᠢ ᠵᠠᠯᠠᠵᠤ ᠢᠷᠡᠭᠡᠳ ᠮᠤᠳᠤ ᠪᠠᠷ ᠭᠤᠷᠪᠠᠨ ᠠᠩᠭᠢ ᠶᠢᠨ ᠭᠢᠴᠢᠶᠠᠯ ᠤᠨ ᠭᠡᠷ ᠪᠠᠷᠢᠭᠤᠯᠪᠠ》 [34]᠃ 《1933 ᠣᠨ ᠡᠴᠡ ᠡᠮᠦᠨ᠎ᠡ ᠠᠯᠳᠠᠢ ᠶᠢᠨ ᠣᠷᠢᠶᠠᠩᠬᠠᠢ ᠳᠤ ᠰᠤᠷᠭᠠᠭᠤᠯᠢ ᠦᠭᠡᠶ ᠪᠠᠢ᠌ᠪᠠ᠃ 1934 ᠣᠨ (ᠳᠡᠦᠭᠡ ᠶᠢᠨ ᠮᠠᠲ᠋ᠸᠷᠢᠶᠠᠯ ᠢ ᠦᠨᠳᠦᠰᠦᠯᠪᠠᠯ 1936 ᠣᠨ ᠪᠣᠯᠬᠤ ᠶᠤᠰᠤᠳᠠᠢ ᠪᠠᠢ᠌ᠨ᠎ᠠ ᠊᠊᠊᠊᠊᠊᠊᠊᠊᠊᠊᠊᠊᠊᠊ ᠥᠭᠦᠯᠡᠭ᠍ᠴᠢ ᠡᠴᠡ) ᠳ᠋ᠤ ᠴᠠᠷᠪᠠᠬ᠎ᠠ ᠳᠦᠲᠤᠩ ᠤᠨ ᠰᠢᠭᠤᠳ ᠵᠢᠭᠠᠪᠣᠷᠢ ᠪᠠ ᠠᠯᠳᠠᠢ ᠳ᠋ᠠᠭᠢ 〈ᠮᠤᠩᠭ᠋ᠤᠯ ᠬᠤᠷᠠᠯ〉᠊ᠤᠨ ᠳᠡᠮᠵᠢᠯᠭᠡ ᠪᠠᠷ ᠠᠯᠢᠪᠠ ᠭᠠᠵᠠᠷ ᠲᠤ ᠰᠤᠷᠭᠠᠭᠤᠯᠢ ᠪᠠᠢ᠌ᠭᠤᠯᠤᠭᠳᠠᠵᠤ ᠡᠭᠢᠯᠡᠪᠡ᠃ ᠳᠡᠭᠡᠭᠡᠳ ᠠᠯᠳᠠᠢ ᠰᠢᠶᠠᠨ ᠳᠤ ᠬᠠᠰᠠᠭ ᠰᠤᠷᠭᠠᠭᠤᠯᠢ ᠳᠤᠳᠤᠷ᠎ᠠ 17 ᠰᠤᠷᠤᠭᠴᠢᠨ ᠲᠡᠶ ᠮᠤᠩᠭ᠋ᠤᠯ ᠠᠩᠭᠢ ᠰᠡᠭᠡᠵᠤ (ᠨᠡᠭᠡᠭᠡᠵᠤ)᠂ ᠠᠩᠬ᠎ᠠ ᠣᠳᠠᠭ᠎ᠠ ᠣᠷᠢᠶᠠᠩᠬᠠᠢ ᠶᠢᠨ ᠦᠷ᠎ᠡ ᠬᠡᠦᠬᠡᠳ ᠰᠤᠶᠤᠯ ᠰᠤᠷᠭᠠᠨ ᠭᠦᠮᠦᠵᠢᠯ ᠭᠦᠷᠳᠡᠪᠡ᠃ ᠳᠠᠷᠠᠭ᠎ᠠ ᠨᠢ 1936 ᠊᠊᠊᠊᠊᠊᠊᠊᠊᠊᠊᠊᠊᠊᠊ 1937 ᠣᠨ ᠳᠤ ᠠᠯᠳᠠᠢ ᠰᠢᠶᠠᠨ ᠤ ᠪᠠᠯᠪᠠᠭᠠᠢ ᠶᠢᠨ ᠣᠯᠠᠭᠠᠠᠤᠳᠤᠨ ᠳᠤ 〈ᠭᠡᠷᠡᠯ ᠪᠠᠭ᠎ᠠ ᠰᠤᠷᠭᠠᠭᠤᠯᠢ〉 ᠪᠠᠢ᠌ᠭᠤᠯᠵᠤ᠂ ᠳᠤᠰ ᠵᠢᠯ ᠬᠠᠷᠭᠠᠢ᠌ᠳᠤ ᠶᠢᠨ ᠵᠤᠭᠤᠰᠳᠤ ᠳᠤ ᠪᠠᠭ᠎ᠠ ᠰᠤᠷᠭᠠᠭᠤᠯᠢ ᠪᠠᠢ᠌ᠭᠤᠯᠤᠭᠳᠠᠵᠠᠢ᠃ 1938 ᠣᠨ ᠳᠤ ᠠᠯᠳᠠᠢ ᠠᠢ᠌ᠮᠠᠭ ᠳᠠᠭᠢ ᠮᠤᠩᠭ᠋ᠤᠯ ᠬᠤᠷᠠᠯ ᠤᠨ ᠳᠠᠷᠤᠭ᠎ᠠ ᠨᠡᠷ ᠤᠨ ᠰᠠᠨᠠᠭᠠᠴᠢᠯᠭ᠎ᠠ ᠪᠠᠷ ᠠᠯᠳᠠᠢ ᠠᠢ᠌ᠮᠠᠭ ᠤᠨ〈ᠰᠢᠷ᠎ᠠ ᠰᠦᠮ᠎ᠡ ᠳᠡᠭᠡᠷ᠎ᠡ〉 ᠨᠢᠭᠡ ᠮᠤᠩᠭ᠋ᠤᠯ ᠰᠤᠷᠭᠠᠭᠤᠯᠢ ᠪᠠᠢ᠌ᠭᠤᠯᠤᠭᠳᠠᠪᠠ ᠁ ᠰᠤᠷᠭᠠᠭᠤᠯᠢ ᠳᠡᠭᠦᠰᠭᠡᠭ᠍ᠰᠡᠨ ᠪᠠᠭ᠎ᠠ ᠰᠤᠷᠭᠠᠭᠤᠯᠢ ᠶᠢᠨ ᠮᠡᠳᠡᠯᠭᠡ ᠲᠡᠶ ᠭᠦᠮᠦᠰ ᠨᠢ ᠠᠯᠳᠠᠢ ᠠᠢ᠌ᠮᠠᠭ ᠤᠨ ᠮᠤᠩᠭ᠋ᠤᠯᠴᠤᠳ ᠰᠠᠭᠤᠷᠢᠰᠢᠭᠰᠠᠨ ᠰᠢᠶᠠᠨ᠂ ᠰᠤᠮᠤᠨ ᠳᠤ ᠣᠷᠢᠶᠠᠩᠬᠠᠢ ᠶᠢᠨ ᠦᠷ᠎ᠡ ᠬᠡᠦᠬᠡᠳ ᠢ ᠭᠦᠮᠦᠵᠢᠭᠦᠯᠭᠦ ᠠᠩᠬᠠᠨ ᠤ ᠰᠠᠭᠤᠷᠢ ᠶᠢ ᠳᠠᠯᠪᠢᠵᠠᠢ》 [35]᠃ 《ᠬᠤᠪᠣᠭᠰᠠᠢ᠌ᠷᠢ ᠶᠢᠨ ᠭᠠᠵᠠᠷ ᠣᠷᠤᠨ ᠤᠨ ᠬᠠᠮᠤᠭ ᠤᠨ ᠡᠷᠳᠡ ᠶᠢᠨ ᠵᠢᠩᠭᠢᠨᠢ ᠰᠤᠷᠭᠠᠭᠤᠯᠢ ᠪᠣᠯ ᠬᠤᠤᠰᠳᠤᠯᠤᠭᠠᠢ ᠶᠢᠨ ᠰᠤᠷᠭᠠᠭᠤᠯᠢ ᠪᠣᠯᠤᠨ᠎ᠠ᠃ 1940 ᠣᠨ ᠤ 3 ᠰᠠᠷ᠎ᠠ ᠳᠤ ᠪᠠᠢ᠌ᠭᠤᠯᠵᠠᠢ》 [36]᠃

     《1938 ᠣᠨ ᠭᠦᠷᠳᠡᠯ᠎ᠡ᠂ ᠪᠦᠭᠦ ᠰᠢᠠᠵᠢᠶᠠᠩ ᠤᠨ ᠠᠯᠪᠠᠨ ᠡᠴᠡ ᠪᠠᠢ᠌ᠭᠤᠯᠤᠭᠰᠠᠨ ᠰᠤᠷᠭᠠᠭᠤᠯᠢ ᠳᠤ ᠰᠤᠷᠤᠯᠴᠠᠵᠤ ᠪᠠᠢ᠌ᠭ᠎ᠠ ᠰᠤᠷᠤᠭᠴᠢᠳ 36675 ᠳᠤ ᠭᠦᠷᠴᠤ᠂ ᠡᠭᠦᠨ ᠤ ᠳᠤᠳᠤᠷ᠎ᠠ 2019 ᠮᠤᠩᠭ᠋ᠤᠯ ᠰᠤᠷᠤᠭᠴᠢ ᠪᠠᠢ᠌ᠪᠠ᠃ ᠡᠭᠦᠨ ᠡᠴᠡ ᠭᠠᠳᠠᠨ᠎ᠠ᠂ ᠡᠯ᠎ᠡ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠨᠢ ᠡᠪ ᠬᠠᠮᠳᠤᠴᠤᠳ ᠪᠠ ᠳᠠᠪᠰᠢᠩᠭ᠋ᠤᠢ ᠭᠦᠮᠦᠰ ᠤᠨ ᠳᠡᠮᠵᠢᠯᠭᠡ ᠪᠠᠷ ᠠᠯᠢᠪᠠ ᠦᠨᠳᠦᠰᠦᠳᠠᠨ ᠤ ᠰᠤᠶᠤᠯ ᠰᠤᠷᠭᠠᠨ ᠭᠦᠮᠦᠵᠢᠯ ᠤᠨ ᠣᠢ᠌ᠯᠠᠰ ᠢ ᠴᠢᠷᠮᠠᠢ᠌ᠨ ᠡᠷᠭᠢᠯᠡᠵᠤ᠂ ᠦᠨᠳᠦᠰᠦᠳᠠᠨ ᠤ ᠪᠠᠨ ᠠᠷᠠᠤᠨ ᠲᠦᠮᠡᠨ ᠤ ᠰᠤᠶᠤᠯ ᠤᠨ ᠭᠡᠪ ᠴᠢᠨᠠᠷ ᠢ ᠳᠡᠭᠡᠭ᠍ᠰᠢᠯᠡᠭᠦᠯᠭᠦ ᠳᠤ ᠴᠢᠬᠤᠯᠠ ᠶᠡᠭᠡ ᠬᠤᠪᠢ ᠨᠠᠮᠠᠷᠢ ᠣᠷᠤᠯᠤᠭᠤᠯᠤᠭᠰᠠᠨ ᠶᠤᠮ᠃ 1938 ᠣᠨ ᠭᠦᠷᠳᠡᠯ᠎ᠡ ᠁ ᠮᠤᠩᠭ᠋ᠤᠯ ᠬᠤᠷᠠᠯ ᠡᠴᠡ 24 ᠰᠤᠷᠭᠠᠭᠤᠯᠢ ᠪᠠᠢ᠌ᠭᠤᠯᠵᠠᠢ》 [ 37] ᠭᠡᠵᠤ ᠳᠡᠮᠳᠡᠭᠯᠡᠵᠤ ᠪᠣᠢ᠃

     1935 ᠣᠨ ᠳᠤ 《ᠮᠤᠵᠢ ᠡᠴᠡ ᠪᠠᠢ᠌ᠭᠤᠯᠤᠭᠰᠠᠨ ᠪᠠᠭᠰᠢ ᠶᠢᠨ ᠰᠤᠷᠭᠠᠭᠤᠯᠢ ᠳᠤ ᠣᠢ᠌ᠭᠤᠷ᠂ ᠬᠠᠰᠠᠭ᠂ ᠮᠤᠩᠭ᠋ᠤᠯ ᠦᠨᠳᠦᠰᠦᠳᠠᠨ ᠤ ᠠᠩᠭᠢ ᠶᠢ ᠪᠠᠢ᠌ᠭᠤᠯᠪᠠ᠃ ᠡᠭᠦᠨ ᠤ ᠳᠤᠳᠤᠷ᠎ᠠ ᠮᠤᠩᠭ᠋ᠤᠯ ᠦᠨᠳᠦᠰᠦᠳᠠᠨ ᠤ ᠠᠩᠭᠢ ᠨᠢ ᠰᠤᠷᠭᠠᠨ ᠭᠦᠮᠦᠵᠢᠯ ᠤᠨ ᠣᠤᠭᠠᠨ ᠠᠵᠢᠯᠳᠠᠤᠨ ᠢ  ᠭᠦᠮᠦᠵᠢᠭᠦᠯᠤᠨ ᠭᠠᠷᠭᠠᠵᠠᠢ》 [38]᠃ ᠳᠠᠳᠠᠨ ᠪᠣᠯ ᠠᠩᠬ᠎ᠠ ᠣᠳᠠᠭ᠎ᠠ ᠰᠢᠠᠵᠢᠶᠠᠩ ᠤᠨ ᠪᠠᠭᠰᠢ ᠶᠢᠨ ᠰᠤᠷᠭᠠᠭᠤᠯᠢ ᠡᠴᠡ ᠳᠡᠭᠦᠰᠭᠡᠭ᠍ᠰᠡᠨ ᠮᠤᠩᠭ᠋ᠤᠯ ᠰᠤᠷᠤᠭᠴᠢᠳ ᠪᠣᠯᠤᠨ᠎ᠠ᠃ ᠳᠠᠳᠠᠨ ᠳᠡᠭᠦᠰᠭᠦᠭᠡᠳ ᠨᠤᠳᠤᠭ ᠲᠠᠭᠠᠨ ᠪᠣᠴᠠᠵᠤ ᠦᠨᠳᠦᠰᠦᠳᠠᠨ ᠤ ᠪᠠᠨ ᠰᠤᠷᠭᠠᠨ ᠭᠦᠮᠦᠵᠢᠯ ᠢ ᠳᠦᠭᠡᠮᠡᠯᠵᠢᠭᠦᠯᠭᠦ ᠠᠵᠢᠯ ᠳᠤ ᠰᠠᠭᠤᠷᠢ ᠳᠠᠯᠪᠢᠵᠤ᠂ ᠰᠤᠶᠤᠯ ᠤᠨ ᠵᠠᠯᠭᠠᠮᠵᠢᠯᠠᠭᠴᠢᠳ ᠢ ᠭᠦᠮᠦᠵᠢᠭᠦᠯᠵᠤ᠂ ᠰᠤᠷᠭᠠᠨ ᠭᠦᠮᠦᠵᠢᠯ ᠤᠨ ᠣᠢ᠌ᠯᠠᠰ ᠲᠤ ᠬᠤᠪᠢ ᠨᠠᠮᠠᠷᠢ ᠪᠠᠨ ᠡᠷᠭᠦᠭ᠍ᠰᠡᠨ ᠶᠤᠮ᠃

     ᠮᠤᠩᠭ᠋ᠤᠯ ᠤᠨ ᠰᠤᠶᠤᠯ ᠢ ᠠᠭᠢᠭᠤᠯᠬᠤ ᠶᠡᠷᠦᠩᠭᠡᠢ 《ᠬᠤᠷᠠᠯ ᠡᠴᠡ ᠪᠠᠢ᠌ᠭᠤᠯᠤᠭᠰᠠᠨ ᠪᠠᠭ᠎ᠠ ᠰᠤᠷᠭᠠᠭᠤᠯᠢ ᠶᠢ ᠰᠠᠢ᠌ᠨ ᠶᠢᠡᠷ ᠡᠷᠭᠢᠯᠡᠭᠦ ᠶᠢᠨ ᠲᠦᠯᠦᠭᠡ ᠳᠤᠰᠬᠠᠢ ᠭᠦᠮᠦᠰ ᠢ ᠵᠤᠬᠢᠶᠠᠨ ᠪᠠᠢ᠌ᠭᠤᠯᠵᠤ᠂ ᠮᠤᠩᠭ᠋ᠤᠯ ᠪᠠᠭ᠎ᠠ ᠰᠤᠷᠭᠠᠭᠤᠯᠢ ᠶᠢᠨ ᠭᠢᠴᠢᠶᠠᠯ ᠤᠨ ᠳᠠᠪᠳᠠᠷ ᠢ ᠣᠷᠴᠢᠭᠤᠯᠤᠨ ᠨᠠᠢ᠌ᠷᠠᠭᠤᠯᠵᠠᠢ》 [39]᠃ 《1935 ᠣᠨ ᠤ ᠡᠪᠦᠯ᠂ ᠮᠤᠵᠢ ᠶᠢᠨ ᠲᠦᠪ ᠪᠣᠯᠬᠤ ᠳ᠋ᠢᠬᠤᠧᠨ ᠳᠤ ᠣᠷᠴᠢᠭᠤᠯᠤᠨ ᠨᠠᠢ᠌ᠷᠠᠭᠤᠯᠬᠤ ᠺᠤᠮᠢᠰ ᠢ ᠪᠠᠢ᠌ᠭᠤᠯᠵᠤ᠂ ᠳᠤᠰᠬᠠᠢ᠌ᠯᠠᠨ ᠦᠨᠳᠦᠰᠦᠳᠠᠨ ᠤ ᠥᠰᠦᠭ᠌ ᠪᠢᠴᠢᠭ᠌ ᠤᠨ ᠭᠢᠴᠢᠶᠠᠯ ᠤᠨ ᠳᠠᠪᠳᠠᠷ ᠢ ᠣᠷᠴᠢᠭᠤᠯᠤᠨ ᠨᠠᠢ᠌ᠷᠠᠭᠤᠯᠵᠤ᠂ ᠣᠷᠴᠢᠭᠤᠯᠵᠤ ᠨᠠᠢ᠌ᠷᠠᠭᠤᠯᠤᠭᠰᠠᠨ ᠮᠤᠩᠭ᠋ᠤᠯ ᠭᠢᠴᠢᠶᠠᠯ ᠤᠨ ᠳᠠᠪᠳᠠᠷ ᠨᠢ ᠠᠩᠬ᠎ᠠ ᠠᠯᠬᠤᠮ ᠳᠦᠭᠡᠮᠡᠯᠵᠢᠯᠡᠭ᠍ᠳᠡᠪᠡ》 [40]᠃ 《ᠭᠢᠴᠢᠶᠠᠯ ᠤᠨ ᠵᠢᠭᠠᠬᠤ ᠮᠠᠲ᠋ᠸᠷᠢᠶᠠᠯ ᠢ ᠭᠡᠪᠯᠡᠵᠤ ᠭᠠᠷᠭᠠᠬᠤ ᠳᠠᠯ᠎ᠠ ᠪᠠᠷ ᠮᠠᠰᠢ ᠳᠤᠪᠣᠢ᠌ᠮ᠎ᠠ ᠠᠵᠢᠯ ᠭᠢᠵᠤ᠂ ᠳᠤᠬᠠᠢ ᠶᠢᠨ ᠦᠶ᠎ᠡ ᠶᠢᠨ ᠪᠠᠷᠯᠠᠬᠤ ᠨᠥᠭᠦᠴᠡᠯ ᠲᠤᠢ᠌ᠯ ᠤᠨ ᠮᠠᠭᠤ᠂ ᠠᠵᠢᠯᠯᠠᠬᠤ ᠭᠦᠮᠦᠰ ᠮᠠᠰᠢ ᠳᠤᠳᠠᠮᠠᠭ ᠪᠠᠢ᠌ᠳᠠᠯ᠎ᠠ ᠭᠢᠳᠠᠤᠨ᠂ ᠣᠢ᠌ᠭᠤᠷ᠂ ᠬᠠᠰᠠᠭ᠂ ᠮᠤᠩᠭ᠋ᠤᠯ ᠳᠦᠷᠪᠠᠨ ᠦᠨᠳᠦᠰᠦᠳᠠᠨ ᠤ ᠥᠰᠦᠭ᠌ ᠪᠢᠴᠢᠭ᠌ ᠶᠢᠡᠷ ᠪᠠᠭ᠎ᠠ ᠰᠤᠷᠭᠠᠭᠤᠯᠢ ᠶᠢᠨ ᠭᠢᠴᠢᠶᠠᠯ ᠤᠨ ᠳᠠᠪᠳᠠᠷ ᠢ ᠨᠠᠢ᠌ᠷᠠᠭᠤᠯᠤᠨ ᠭᠡᠪᠯᠡᠭ᠍ᠰᠡᠨ ᠶᠠᠪᠣᠳᠠᠯ ᠨᠢ ᠰᠢᠠᠵᠢᠶᠠᠩ ᠤᠨ ᠰᠤᠷᠭᠠᠨ ᠭᠦᠮᠦᠵᠢᠯ ᠤᠨ ᠳᠡᠦᠭᠡᠨ ᠳ᠋ᠠᠭᠢ ᠡᠭᠦᠰᠭᠡᠪᠦᠷᠢ ᠶᠢᠨ ᠴᠢᠨᠠᠷ ᠲᠡᠶ ᠭᠡᠷᠡᠭ᠌ ᠪᠣᠯᠬᠤ ᠶᠤᠮ᠃ ᠪᠦᠷᠢᠨ ᠪᠣᠰᠤ ᠪᠦᠷᠢᠳᠭᠡᠯ ᠢ ᠣᠠᠳᠤᠰᠤᠯᠠᠪᠠᠯ᠂ 1939 ᠣᠨ ᠳᠤ ᠭᠡᠪᠯᠡᠭ᠍ᠰᠡᠨ ᠪᠠᠭ᠎ᠠ ᠰᠤᠷᠭᠠᠭᠤᠯᠢ ᠶᠢᠨ ᠭᠢᠴᠢᠶᠠᠯ ᠤᠨ ᠳᠠᠪᠳᠠᠷ ᠳᠤᠳᠤᠷ᠎ᠠ ᠮᠤᠩᠭ᠋ᠤᠯ ᠦᠨᠳᠦᠰᠦᠳᠠᠨ ᠤ ᠥᠰᠦᠭ᠌ ᠪᠢᠴᠢᠭ᠌ ᠶᠢᠡᠷ 100 ᠳᠠᠪᠳᠠᠷ ᠪᠠᠷᠯᠠᠵᠤ᠂ 1941 ᠣᠨ ᠳᠤ ᠮᠤᠩᠭ᠋ᠤᠯ ᠥᠰᠦᠭ᠌ ᠪᠢᠴᠢᠭ᠌ ᠶᠢᠡᠷ 12421 ᠳᠠᠪᠳᠠᠷ ᠪᠠᠷᠯᠠᠵᠠᠢ》 [41]᠃ ᠮᠤᠩᠭ᠋ᠤᠯ ᠦᠨᠳᠦᠰᠦᠳᠠᠨ ᠤ ᠥᠰᠦᠭ᠌ ᠪᠢᠴᠢᠭ᠌ ᠶᠢᠡᠷ ᠭᠢᠴᠢᠶᠠᠯ ᠤᠨ ᠳᠠᠪᠳᠠᠷ ᠢ ᠣᠷᠴᠢᠭᠤᠯᠤᠨ ᠨᠠᠢ᠌ᠷᠠᠭᠤᠯᠵᠤ ᠭᠡᠪᠯᠡᠭ᠍ᠰᠡᠨ ᠶᠠᠪᠣᠳᠠᠯ ᠨᠢ ᠰᠢᠠᠵᠢᠶᠠᠩ ᠮᠤᠩᠭ᠋ᠤᠯᠴᠤᠳ ᠤᠨ ᠰᠤᠷᠭᠠᠨ ᠭᠦᠮᠦᠵᠢᠯ ᠤᠨ ᠳᠡᠦᠭᠡᠨ ᠳᠤ ᠣᠷᠢᠳᠠ ᠭᠠᠷᠤᠭᠠᠤᠨ ᠦᠭᠡᠶ ᠡᠭᠦᠰᠭᠡᠪᠦᠷᠢ ᠶᠢᠨ ᠴᠢᠨᠠᠷ ᠲᠡᠶ ᠠᠵᠢᠯ ᠪᠣᠯᠬᠤ ᠶᠤᠮ᠃

     ᠮᠤᠩᠭ᠋ᠤᠯ ᠬᠤᠷᠠᠯ ᠪᠠᠢ᠌ᠭᠤᠯᠤᠭᠳᠠᠭᠰᠠᠨ ᠤ ᠡᠭᠢᠨ ᠤ ᠦᠶ᠎ᠡ ᠳᠤ ᠮᠤᠩᠭ᠋ᠤᠯ ᠬᠤᠷᠠᠯ ᠡᠴᠡ ᠰᠤᠷᠭᠠᠭᠤᠯᠢ ᠪᠠᠢ᠌ᠭᠤᠯᠬᠤ ᠶᠢᠨ ᠬᠠᠮᠳᠤ᠂ ᠰᠤᠷᠭᠠᠭᠤᠯᠢ ᠶᠢᠨ ᠵᠠᠷᠤᠳᠠᠯ᠂ ᠵᠢᠭᠠᠬᠤ ᠮᠠᠲ᠋ᠸᠷᠢᠶᠠᠯ᠂ ᠰᠤᠶᠤᠯ ᠰᠤᠷᠭᠠᠨ ᠭᠦᠮᠦᠵᠢᠯ ᠤᠨ ᠭᠦᠳᠡᠯᠭᠡᠭᠡᠨ ᠤ ᠰᠥᠢᠳᠭᠡᠯ ᠤᠨ ᠢᠷᠠᠯᠳᠠ ᠶᠢᠨ ᠳᠤᠬᠠᠢ ᠶᠠᠷᠢᠯᠴᠠᠵᠤ ᠪᠠᠳᠤᠯᠠᠮᠵᠢᠳᠠᠢ ᠪᠣᠯᠭᠠᠭᠰᠠᠨ ᠪᠦᠭᠡᠳ 《ᠰᠢᠡᠵᠢᠶᠡᠩ ᠤᠨ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠬᠤᠷᠠᠯ ᠪᠠᠢ᠌ᠭᠤᠯᠤᠭᠳᠠᠭᠰᠠᠨ ᠤ ᠳᠠᠷᠠᠭ᠎ᠠ᠂ ᠡᠯ᠎ᠡ ᠬᠤᠯᠪᠣᠭᠳᠠᠯ ᠪᠦᠭᠦᠢ ᠭᠠᠵᠠᠷ ᠣᠷᠤᠨ ᠳᠤ ᠪᠠᠭ᠎ᠠ ᠰᠤᠷᠭᠠᠭᠤᠯᠢ ᠪᠠᠢ᠌ᠭᠤᠯᠬᠤ ᠵᠠᠷᠤᠳᠠᠯ᠂ ᠵᠢᠭᠠᠬᠤ ᠮᠠᠲ᠋ᠸᠷᠢᠶᠠᠯ ᠤᠨ ᠠᠰᠠᠭᠤᠳᠠᠯ ᠢ ᠬᠤᠷᠠᠯ ᠭᠢᠵᠤ ᠨᠠᠷᠢᠨ ᠶᠢᠡᠷ ᠵᠦᠪᠴᠢᠯᠠᠵᠤ᠂ ᠰᠦᠮ᠎ᠡ ᠭᠡᠢ᠌ᠤᠨ᠂ ᠱᠠᠰᠢᠨ ᠤ ᠳᠠᠯᠠᠭᠢᠰ ᠢ ᠰᠦᠮ᠎ᠡ ᠭᠡᠢ᠌ᠤᠨ ᠤᠨ ᠨᠢᠭᠡ ᠭᠡᠰᠡᠭ᠌ ᠡᠳ᠋ ᠭᠦᠷᠦᠩᠭᠡ ᠪᠠᠨ ᠭᠠᠷᠭᠠᠵᠤ ᠪᠠᠭ᠎ᠠ ᠰᠤᠷᠭᠠᠭᠤᠯᠢ ᠪᠠᠢ᠌ᠭᠤᠯᠬᠤ ᠵᠠᠷᠤᠳᠠᠯ ᠪᠣᠯᠭᠠᠬᠤ ᠳᠤ ᠱᠠᠭᠠᠷᠳᠠᠵᠠᠢ》 [42]᠃ 《ᠰᠢᠠᠵᠢᠶᠠᠩ ᠤᠨ ᠮᠤᠩᠭ᠋ᠤᠯ ᠬᠤᠷᠠᠯ ᠤᠨ ᠠᠵᠢᠯᠯᠠᠭ᠎ᠠ ᠶᠢᠨ ᠵᠠᠷᠤᠳᠠᠯ ᠤᠨ ᠭᠤᠤᠯ ᠢᠷᠠᠯᠳᠠ ᠪᠣᠯ ᠪᠦᠭᠦ ᠰᠢᠠᠵᠢᠶᠠᠩ ᠤᠨ ᠡᠯ᠎ᠡ ᠮᠤᠩᠭ᠋ᠤᠯ ᠠᠢ᠌ᠮᠠᠭ ᠤᠨ ᠠᠷᠠᠤᠨ ᠣᠯᠠᠨ ᠡᠴᠡ ᠴᠤᠭᠯᠠᠭᠤᠯᠤᠭᠰᠠᠨ ᠮᠥᠩᠭᠦᠨ (ᠵᠤᠭᠤᠰ) ᠪᠣᠯᠤᠨ᠎ᠠ᠃ ᠶᠡᠷᠦᠩᠭᠡᠢ ᠬᠤᠷᠠᠯ ᠪᠠᠢ᠌ᠭᠤᠯᠤᠭᠳᠠᠭᠰᠠᠨ ᠤ ᠳᠠᠷᠠᠭ᠎ᠠ᠂ ᠡᠯ᠎ᠡ ᠨᠤᠳᠤᠭ ᠠᠢ᠌ᠮᠠᠭ ᠡᠴᠡ ᠦᠨᠳᠦᠰᠦᠳᠠᠨ ᠤ ᠪᠠᠨ ᠰᠤᠶᠤᠯ ᠰᠤᠷᠭᠠᠨ ᠭᠦᠮᠦᠵᠢᠯ ᠤᠨ ᠣᠢ᠌ᠯᠠᠰ ᠢ ᠭᠦᠭ᠍ᠵᠢᠭᠦᠯᠭᠦ ᠶᠢᠨ ᠲᠦᠯᠦᠭᠡ ᠠᠷᠪᠢᠨ ᠣᠯᠠᠨ ᠮᠠᠯ ᠭᠠᠷᠭᠠᠵᠤ ᠶᠡᠷᠦᠩᠭᠡᠢ ᠬᠤᠷᠠᠯ ᠤᠨ ᠰᠠᠭᠤᠷᠢ ᠮᠥᠩᠭᠦᠨ ᠪᠣᠯᠭᠠᠭᠰᠠᠨ ᠪᠠᠢ᠌ᠵᠠᠢ᠃ ᠶᠠᠠᠵᠢ ᠳᠤᠰᠬᠠᠢ ᠣᠷᠤᠨ ᠤ ᠾᠸᠵᠢᠩ᠂ ᠬᠤᠱᠤᠳ ᠤᠨ ᠮᠠᠯᠵᠢᠬᠤ ᠣᠷᠤᠨ ᠪᠣᠯᠤᠨ ᠢᠯᠢ᠂ ᠳᠠᠷᠪᠠᠭᠠᠳᠠᠢ᠂ ᠠᠯᠳᠠᠢ ᠭᠤᠷᠪᠠᠨ ᠠᠢ᠌ᠮᠠᠭ ᠳ᠋ᠠᠭᠢ ᠮᠤᠩᠭ᠋ᠤᠯ ᠦᠨᠳᠦᠰᠦᠳᠠᠨ ᠲᠦᠪᠯᠡᠷᠠᠨ ᠰᠠᠭᠤᠭᠰᠠᠨ ᠰᠢᠶᠠᠨ ᠨᠤᠭᠤᠳ ᠤᠨ ᠮᠠᠯᠵᠢᠬᠤ ᠣᠷᠤᠨ ᠳᠤ ᠪᠦᠷ ᠶᠡᠷᠦᠩᠭᠡᠢ ᠬᠤᠷᠠᠯ ᠤᠨ ᠰᠠᠭᠤᠷᠢ ᠮᠥᠩᠭᠦᠨ ᠤᠨ ᠮᠠᠯ ᠰᠦᠷᠦᠭ᠌ ᠪᠠᠢ᠌ᠪᠠ᠃》 [43]᠃ ᠡᠯ᠎ᠡ ᠭᠠᠵᠠᠷ ᠤᠨ《ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ ᠡᠴᠡ ᠣᠯᠠᠨ ᠲᠦᠮᠡᠨ ᠳᠤ ᠣᠬᠠᠭᠤᠯᠭ᠎ᠠ ᠳᠠᠢ᠌ᠴᠢᠯᠠᠯᠳᠠ ᠭᠢᠵᠤ ᠰᠠᠢ᠌ᠨ ᠳᠤᠷ᠎ᠠ ᠶᠢᠨ ᠰᠡᠯᠪᠠᠭ᠌ ᠬᠤᠷᠢᠶᠠᠬᠤ ᠭᠦᠳᠦᠯᠪᠦᠷᠢ ᠭᠢᠭ᠍ᠰᠡᠨ ᠳᠤ》 [44] ᠡᠯ᠎ᠡ ᠭᠠᠵᠠᠷ ᠤᠨ ᠮᠤᠩᠭ᠋ᠤᠯ ᠰᠤᠷᠭᠠᠭᠤᠯᠢ ᠨᠤᠭᠤᠳ ᠤᠨ ᠵᠠᠷᠤᠳᠠᠯ ᠨᠢ ᠪᠠᠳᠤᠯᠠᠪᠣᠷᠢ ᠲᠡᠶ ᠪᠣᠯᠵᠠᠢ᠃ 《ᠵᠢᠱᠢᠶᠠᠯᠠᠪᠠᠯ᠂ ᠳᠤᠬᠠᠢ ᠶᠢᠨ ᠦᠶ᠎ᠡ ᠳᠤ ᠰᠤᠷᠤᠭᠴᠢᠳ ᠤᠨ ᠣᠯᠠᠩᠭᠢ ᠨᠢ ᠥᠭᠡᠭᠦᠤ ᠶᠠᠳᠠᠭᠤ ᠮᠠᠯᠵᠢᠬᠤ ᠣᠷᠤᠨ ᠡᠴᠡ ᠢᠷᠡᠭ᠍ᠰᠡᠨ ᠪᠣᠯᠬᠤᠷ ᠰᠤᠷᠤᠯᠭ᠎ᠠ ᠶᠢᠨ ᠵᠠᠷᠤᠳᠠᠯ ᠶᠢᠡᠨ ᠳᠤᠰᠢᠶᠠᠵᠤ ᠴᠢᠳᠠᠬᠤ ᠦᠭᠡᠶ ᠪᠠᠢ᠌ᠵᠠᠢ᠃ ᠮᠤᠩᠭ᠋ᠤᠯ ᠤᠨ ᠰᠤᠶᠤᠯ ᠢ ᠠᠭᠢᠭᠤᠯᠬᠤ ᠶᠡᠷᠦᠩᠭᠡᠢ ᠬᠤᠷᠠᠯ ᠡᠴᠡ ᠮᠤᠩᠭ᠋ᠤᠯ ᠰᠤᠷᠤᠭᠴᠢ ᠪᠦᠭᠦᠨ ᠤ ᠰᠤᠷᠤᠯᠭ᠎ᠠ ᠪᠠ ᠡᠯ᠎ᠡ ᠭᠡᠷᠡᠭ᠍ᠰᠡᠯ ᠤᠨ ᠵᠠᠷᠤᠳᠠᠯ᠂ ᠬᠤᠭᠤᠯᠠ ᠪᠣᠳᠠᠭᠠᠨ ᠤ ᠮᠥᠩᠭᠦ (ᠵᠤᠭᠤᠰ)᠂ ᠬᠤᠪᠴᠠᠰᠤ ᠬᠤᠨᠠᠷ ᠵᠡᠷᠭᠡ ᠶᠢ ᠪᠦᠷ ᠮᠤᠩᠭ᠋ᠤᠯ ᠮᠠᠯᠴᠢᠳ ᠡᠴᠡ ᠴᠤᠭᠯᠠᠭᠤᠯᠵᠤ᠂ ᠪᠠᠭᠰᠢ ᠨᠡᠷ ᠤᠨ ᠴᠠᠯᠢᠩ ᠢ ᠬᠤᠱᠤᠳ ᠤᠨ ᠱᠧ ᡁᠢ ᠵᠢᠤᠢ ᠡᠴᠡ ᠰᠠᠷ᠎ᠠ ᠪᠦᠷᠢ ᠳᠠᠷᠬᠠᠭᠠᠨ ᠦᠭ‍ᠭᠦ ᠪᠠᠷ ᠳᠤᠭᠳᠠᠭᠠᠵᠠᠢ᠃ ᠢᠩᠭᠢᠭᠡᠳ ᠰᠤᠷᠭᠠᠭᠤᠯᠢ ᠭᠡᠪ ᠤᠨ ᠶᠢᠡᠷ ᠳᠤᠭᠳᠠᠨᠢᠵᠤ᠂ ᠰᠤᠷᠤᠭᠴᠢᠳ ᠰᠠᠨᠠᠭ᠎ᠠ ᠠᠮᠤᠷ ᠰᠤᠷᠤᠯᠴᠠᠵᠤ᠂ ᠪᠠᠭᠰᠢ ᠨᠡᠷ ᠰᠢᠷᠭᠠᠭᠤ ᠪᠠᠷ ᠭᠢᠴᠢᠶᠠᠯᠠᠯᠵᠤ ᠴᠢᠳᠠᠬᠤ ᠪᠣᠯᠵᠠᠢ》 [ 45]᠃    ᠰᠢᠠᠵᠢᠶᠠᠩ ᠤᠨ ᠤᠢ᠌ᠷ᠎ᠡ ᠦᠶ᠎ᠡ ᠶᠢᠨ ᠳᠡᠦᠭᠡ ᠪᠠᠷ ᠠᠪᠴᠤ ᠭᠡᠯᠡᠪᠠᠯ᠂ ᠭᠠᠳᠠᠭᠠᠳᠤ ᠶᠢᠨ ᠳᠦᠷᠢᠮᠭᠡᠢ᠌ᠯᠡᠯ ᠪᠠ ᠣᠯᠤᠰ ᠤᠨ ᠳᠤᠳᠤᠭᠠᠳᠤ ᠶᠢᠨ ᠹᠧᠤᠳᠠᠯ ᠤᠨ ᠰᠦᠷ ᠭᠦᠴᠤᠨ ᠤ ᠬᠠᠷᠭᠢᠰ ᠭᠡᠷᠴᠡᠭᠡᠢ ᠳᠠᠷᠤᠯᠠᠯ ᠮᠦᠯᠵᠢᠯ ᠡᠴᠡ ᠪᠣᠯᠵᠤ᠂ ᠡᠯ᠎ᠡ ᠦᠨᠳᠦᠰᠦᠳᠠᠨ ᠤ ᠰᠤᠷᠭᠠᠨ ᠭᠦᠮᠦᠵᠢᠯ ᠤᠨ ᠣᠢ᠌ᠯᠠᠰ ᠮᠠᠰᠢ ᠬᠤᠴᠤᠷᠤᠩᠭ᠋ᠤᠢ ᠪᠠᠢ᠌ᠵᠠᠢ᠃ ᠮᠤᠩᠭ᠋ᠤᠯᠴᠤᠳ ᠤᠨ ᠲᠦᠪᠯᠡᠷᠠᠨ ᠰᠠᠭᠤᠷᠢᠰᠢᠭᠰᠠᠨ ᠭᠠᠵᠠᠷ ᠲᠤ ᠵᠠᠰᠠᠭ ᠤᠨ ᠭᠠᠵᠠᠷ ᠡᠴᠡ ᠡᠷᠭᠢᠯᠡᠭ᠍ᠰᠡᠨ ᠰᠢᠨ᠎ᠠ ᠮᠠᠶ‍ᠢᠭ ᠤᠨ ᠰᠤᠷᠭᠠᠭᠤᠯᠢ ᠨᠢᠭᠡ ᠴᠤ ᠦᠭᠡᠶ ᠪᠠᠢ᠌ᠪᠠ᠃ ᠡᠯ᠎ᠡ ᠭᠠᠵᠠᠷ ᠤᠨ ᠬᠠᠨ ᠨᠤᠶᠠᠤᠨ ᠤᠨ ᠣᠷᠳᠤᠨ ᠳᠤ ᠬᠤᠪᠢ ᠬᠦᠮᠤᠨ ᠤ ᠡᠷᠭᠢᠯᠡᠭ᠍ᠰᠡᠨ ᠭᠡᠷ ᠤᠨ ᠰᠤᠷᠭᠠᠭᠤᠯᠢ ᠴᠥᠭᠡᠨ ᠪᠠᠢ᠌ᠳᠠᠭ ᠪᠣᠯᠪᠠᠴᠤ᠂ ᠥᠭᠡᠭᠦᠤ ᠶᠠᠳᠠᠭᠤ ᠠᠷᠠᠤᠨ ᠲᠦᠮᠡᠨ ᠤ ᠦᠷ᠎ᠡ ᠬᠡᠦᠬᠡᠳ ᠡᠢ᠌ᠮᠤ ᠰᠤᠷᠭᠠᠭᠤᠯᠢ ᠶᠢ ᠬᠠᠷᠠᠵᠤ ᠪᠣᠯᠬᠤ ᠡᠴᠡ ᠪᠢᠰᠢ ᠬᠠᠪᠢᠳᠠᠵᠤ ᠴᠢᠳᠠᠬᠤ ᠦᠭᠡᠶ ᠪᠠᠢ᠌ᠵᠠᠢ᠃ 《1933 ᠣᠨ ᠡᠴᠡ ᠡᠮᠦᠨ᠎ᠡ ᠪᠦᠭᠦ ᠰᠢᠠᠵᠢᠶᠠᠩ ᠤᠨ ᠭᠡᠪᠴᠢᠶᠡᠨ ᠳᠤ ᠮᠤᠩᠭ᠋ᠤᠯ ᠦᠨᠳᠦᠰᠦᠳᠠᠨ ᠤ ᠳᠤᠮᠳᠠ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠪᠠᠢ᠌ᠳᠤᠭᠠᠢ᠂ ᠵᠢᠩᠭᠢᠨᠢ ᠪᠠᠭ᠎ᠠ ᠰᠤᠷᠭᠠᠭᠤᠯᠢ ᠨᠢᠭᠡ ᠴᠤ ᠦᠭᠡᠶ ᠪᠠᠢ᠌ᠪᠠ》 [46]᠃ 1934 ᠣᠨ ᠡᠴᠡ ᠬᠣᠢ᠌ᠰᠢ 《ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠶᠡᠷᠦᠩᠭᠡᠢ ᠬᠤᠷᠠᠯ ᠪᠣᠯᠤᠨ ᠡᠯ᠎ᠡ ᠣᠷᠤᠨ ᠰᠢᠶᠠᠨ ᠤ ᠰᠠᠯᠪᠣᠷᠢ ᠬᠤᠷᠠᠯ ᠤᠨ ᠬᠠᠪᠰᠤᠷᠤᠯᠭ᠎ᠠ ᠳᠡᠮᠵᠢᠯᠭᠡ ᠪᠠᠷ ᠳᠡᠭ᠍ᠷᠢ ᠠᠭᠤᠯᠠ ᠶᠢᠨ ᠠᠷᠤ ᠦᠪᠣᠷ ᠳ᠋ᠠᠭᠢ ᠮᠤᠩᠭ᠋ᠤᠯ ᠦᠨᠳᠦᠰᠦᠳᠠᠨ ᠳᠦᠪᠯᠡᠷᠡᠭ᠍ᠰᠡᠨ ᠮᠠᠯᠵᠢᠬᠤ ᠣᠷᠤᠨ ᠳᠤ ᠮᠤᠩᠭ᠋ᠤᠯ ᠰᠤᠷᠭᠠᠭᠤᠯᠢ ᠦᠭᠡᠶ ᠪᠠᠢ᠌ᠭᠰᠠᠨ ᠡᠴᠡ ᠪᠣᠢ ᠪᠣᠯᠵᠤ᠂ ᠮᠠᠰᠢ ᠣᠯᠠᠨ ᠮᠠᠯᠴᠢᠳ ᠤᠨ ᠦᠷ᠎ᠡ ᠬᠡᠦᠬᠡᠳ ᠠᠩᠬ᠎ᠠ ᠣᠳᠠᠭ᠎ᠠ ᠵᠢᠩᠭᠢᠨᠢ ᠪᠠᠷ ᠰᠤᠶᠤᠯ ᠭᠦᠮᠦᠵᠢᠯ ᠭᠦᠷᠳᠡᠵᠤ᠂ ᠤᠢ᠌ᠷᠠᠤᠨ ᠮᠤᠩᠭ᠋ᠤᠯ ᠤᠨ ᠣᠤᠭᠠᠨ ᠰᠡᠭᠡᠭᠡᠳᠡᠳ ᠪᠣᠯᠵᠤ᠂ ᠦᠨᠳᠦᠰᠦᠳᠠᠨ ᠤ ᠰᠤᠶᠤᠯ ᠰᠤᠷᠭᠠᠨ ᠭᠦᠮᠦᠵᠢᠯ ᠳᠤ ᠣᠮᠳᠠᠭᠠᠢ᠌ᠯᠠᠵᠤ ᠪᠣᠯᠤᠰᠢ ᠦᠭᠡᠶ ᠣᠢ᠌ᠯᠠᠳᠤᠯ ᠥᠵᠡᠭᠦᠯᠦᠭ᠍ᠰᠡᠨ ᠪᠠᠢ᠌ᠨ᠎ᠠ》 [47] ᠭᠡᠵᠤ 《ᠤᠢ᠌ᠷᠠᠤᠨ ᠮᠤᠩᠭ᠋ᠤᠯ ᠤᠨ ᠳᠤᠪᠴᠢ ᠳᠡᠦᠭᠡ》 ᠳ᠋ᠤ ᠳᠡᠮᠳᠡᠭᠯᠡᠭ᠍ᠰᠡᠨ ᠪᠢᠯᠠ᠃ ᠡᠨᠡ ᠪᠣᠯ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠣᠷᠴᠢᠨ ᠦᠶ᠎ᠡ ᠶᠢᠨ ᠰᠤᠶᠤᠯ ᠰᠤᠷᠭᠠᠨ ᠭᠦᠮᠦᠵᠢᠯ ᠤᠨ ᠡᠭᠦᠰᠦᠯ ᠡᠭᠢᠯᠡᠯᠳᠡ ᠪᠣᠯᠬᠤ ᠶᠤᠮ᠃ ᠮᠦᠨ ᠴᠤ ᠰᠢᠠᠵᠢᠶᠠᠩ ᠤᠨ ᠮᠤᠩᠭ᠋ᠤᠯᠴᠤᠳ ᠤᠨ ᠰᠤᠶᠤᠯ ᠰᠤᠷᠭᠠᠨ ᠭᠦᠮᠦᠵᠢᠯ ᠤᠨ ᠳᠡᠦᠭᠡᠨ ᠳ᠋ᠠᠭᠢ ᠡᠭᠦᠰᠭᠡᠪᠦᠷᠢ ᠶᠢᠨ ᠴᠢᠨᠠᠷᠳᠠᠢ ᠳᠤᠮᠤ ᠭᠡᠷᠡᠭ᠌ ᠪᠣᠯᠬᠤ ᠶᠤᠮ᠃

      ᠳᠦᠷᠪᠠ᠂ ᠰᠤᠶᠤᠯ᠂ ᠪᠠᠶ᠎ᠠ ᠳᠠᠮᠢᠷ ᠤᠨ ᠣᠢ᠌ᠯᠠᠰ ᠢ ᠭᠦᠭ᠍ᠵᠢᠭᠦᠯᠦᠭ᠍ᠰᠡᠨ ᠨᠢ

      ᠥᠩᠭᠡᠷᠡᠭ᠍ᠰᠡᠨ ᠣᠯᠠᠨ ᠦᠶ᠎ᠡ ᠶᠢᠨ ᠬᠠᠷᠭᠢᠰ ᠨᠤᠶᠠᠷᠬᠠᠭᠴᠢᠳ ᠤᠨ ᠦᠨᠳᠦᠰᠦᠳᠠᠨ ᠤ ᠭᠡᠷᠴᠡᠭᠡᠢ ᠳᠠᠷᠤᠯᠠᠯ ᠮᠦᠯᠵᠢᠯ ᠡᠴᠡ ᠪᠣᠯᠵᠤ᠂ ᠰᠢᠠᠵᠢᠶᠠᠩ ᠤᠨ ᠰᠤᠶᠤᠯ ᠲᠤᠩ ᠬᠤᠴᠤᠷᠤᠩᠭ᠋ᠣᠢ᠌ᠷᠠᠭᠰᠠᠨ ᠶᠤᠮ᠃ ᠢᠯᠠᠩᠭ᠋ᠤᠶ᠎ᠠ᠂ ᠶᠠᠩ ᠽᠸᠩ ᠰᠢᠨ ᠤ ᠨᠤᠶᠠᠷᠬᠠᠯ ᠤᠨ ᠦᠶ᠎ᠡ ᠳᠤ ᠠᠷᠠᠤᠨ ᠢ ᠮᠤᠩᠬᠠᠷᠠᠭᠤᠯᠬᠤ ᠳᠦᠷᠤ ᠶᠢᠨ ᠪᠣᠳᠤᠯᠭ᠎ᠠ ᠶᠢ ᠭᠡᠷᠡᠭ᠍ᠵᠢᠭᠦᠯᠦᠭ᠍ᠰᠡᠨ ᠡᠴᠡ ᠰᠤᠶᠤᠯ ᠤᠨ ᠭᠦᠳᠡᠯᠪᠦᠷᠢ ᠲᠤᠩ ᠴᠥᠭᠡᠷᠡᠭ᠍ᠰᠡᠨ ᠪᠠᠢ᠌ᠵᠠᠢ᠃ ᠱᠸᠩ ᠱᠢ ᠼᠠᠢ ᠶᠢᠨ ᠦᠶ᠎ᠡ ᠳᠤ ᠳᠠᠪᠰᠢᠩᠭ᠋ᠤᠢ ᠪᠣᠳᠤᠯᠭᠠᠳᠠᠤᠨ ᠤᠨ ᠴᠢᠷᠮᠠᠢ᠌ᠯᠭ᠎ᠠ ᠪᠠᠷ ᠰᠢᠠᠵᠢᠶᠠᠩ ᠤᠨ ᠰᠤᠶᠤᠯ ᠤᠨ ᠬᠤᠴᠤᠷᠤᠩᠭ᠋ᠤᠢ ᠪᠠᠢ᠌ᠳᠠᠯ ᠳᠤ ᠬᠤᠪᠢᠷᠠᠯᠳᠠ ᠭᠠᠷᠴᠤ᠂ ᠡᠯ᠎ᠡ ᠵᠣᠢ᠌ᠯ ᠤᠨ ᠰᠤᠶᠤᠯ ᠤᠨ ᠭᠦᠳᠡᠯᠪᠦᠷᠢ ᠭᠦᠷ ᠭᠦᠭ᠍ᠵᠢᠭᠡᠨ ᠲᠡᠶ ᠪᠠᠷ ᠦᠷᠨᠢᠭ᠍ᠰᠡᠨ ᠶᠠᠪᠣᠳᠠᠯ ᠨᠢ ᠮᠤᠩᠭ᠋ᠤᠯᠴᠤᠳ ᠤᠨ ᠦᠨᠳᠦᠰᠦᠳᠠᠨ ᠤ ᠪᠠᠨ ᠣᠯᠠᠮᠵᠢᠯᠠᠯᠳᠤ ᠰᠤᠶᠤᠯ ᠤᠨ ᠳᠤᠬᠠᠢ ᠣᠷᠮ᠎ᠠ ᠰᠡᠳᠬᠢᠯᠭᠡ ᠶᠢ ᠭᠦᠭ᠍ᠵᠢᠭᠡᠵᠤ᠂ ᠡᠯ᠎ᠡ ᠵᠣᠢ᠌ᠯ ᠤᠨ ᠭᠦᠳᠦᠯᠪᠦᠷᠢ ᠦᠷᠨᠢᠭᠦ ᠳᠤ ᠴᠢᠬᠤᠯᠠ ᠣᠢ᠌ᠯᠠᠳᠤᠯ ᠥᠵᠡᠭᠦᠯᠵᠡᠢ᠃ ᠰᠢᠠᠵᠢᠶᠠᠩ ᠤᠨ 《ᠡᠯ᠎ᠡ ᠣᠷᠤᠨ ᠰᠢᠶᠠᠨ ᠳ᠋ᠠᠭᠢ ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ ᠨᠢ ᠶᠡᠷᠦᠩᠭᠡᠢ ᠬᠤᠷᠠᠯ ᠤᠨ ᠵᠢᠯᠤᠠᠭᠤᠳᠤᠯᠭ᠎ᠠ ᠪᠠᠷ ᠬᠤᠷᠠᠯ ᠡᠴᠡ ᠪᠠᠢ᠌ᠭᠤᠯᠤᠭᠰᠠᠨ ᠳᠤᠰ ᠭᠠᠵᠠᠷ ᠤᠨ ᠮᠤᠩᠭ᠋ᠤᠯ ᠦᠨᠳᠦᠰᠦᠳᠠᠨ ᠤ ᠪᠠᠭ᠎ᠠ ᠰᠤᠷᠭᠠᠭᠤᠯᠢ ᠶᠢ ᠰᠠᠢ᠌ᠨ ᠶᠢᠡᠷ ᠡᠷᠭᠢᠯᠡᠵᠤ᠂ ᠶᠠᠫᠣᠨ ᠢ ᠡᠰᠡᠷᠭᠦᠴᠡᠵᠤ ᠮᠥᠭᠦᠯ ᠡᠴᠡ ᠠᠪᠣᠷᠠᠬᠤ ᠪᠠᠷ ᠭᠤᠤᠯ ᠠᠭᠤᠯᠭ᠎ᠠ ᠪᠣᠯᠭᠠᠭᠰᠠᠨ ᠣᠬᠠᠭᠤᠯᠭ᠎ᠠ ᠭᠦᠮᠦᠵᠢᠯ ᠪᠠ ᠰᠤᠶᠤᠯ ᠤᠨ ᠠᠵᠢᠯᠯᠠᠭ᠎ᠠ ᠶᠢ ᠦᠷᠨᠢᠭᠦᠯᠵᠡᠢ᠃ ᠶᠠᠫᠣᠨ ᠢ ᠡᠰᠡᠷᠭᠦᠴᠡᠭᠦ ᠣᠬᠠᠭᠤᠯᠭ᠎ᠠ ᠭᠢᠭᠦ ᠳᠡᠭᠡᠨ᠂ ᠮᠤᠩᠭ᠋ᠤᠯ ᠦᠨᠳᠦᠰᠦᠳᠠᠨ ᠤ ᠳᠡᠦᠭᠡ ᠶᠢᠨ ᠪᠠᠢ᠌ᠳᠠᠯ ᠲᠡᠶ ᠣᠶᠠᠯᠳᠤᠭᠤᠯᠵᠤ᠂ ᠹᠧᠤᠳᠠᠯ ᠤᠨ ᠬᠠᠭᠤᠴᠢᠨ ᠶᠤᠰᠤ ᠬᠠᠭᠤᠷᠮᠠᠭ ᠵᠠᠩ᠂ ᠵᠢᠱᠢᠶᠠᠯᠠᠪᠠᠯ ᠦᠷ᠎ᠡ ᠬᠡᠦᠬᠡᠳ ᠶᠢᠡᠨ ᠰᠤᠷᠭᠠᠭᠤᠯᠢ ᠳᠤ ᠰᠤᠷᠤᠯᠴᠠᠭᠤᠯᠬᠤ ᠦᠭᠡᠶ᠂ ᠡᠮᠡᠭ᠍ᠳᠡᠢ᠌ᠴᠦᠳ ᠤᠨ ᠦᠰᠦ ᠶᠢ ᠬᠠᠢ᠌ᠴᠢᠯᠠᠭᠤᠯᠬᠤ ᠦᠭᠡᠶ᠂ ᠦᠷ᠎ᠡ ᠬᠡᠦᠬᠡᠳ ᠤᠨ ᠶᠢᠡᠨ ᠣᠷᠤᠭ ᠤᠨ ᠭᠡᠷᠡᠭ᠌ ᠢ ᠠᠪᠣ ᠡᠵᠢ ᠨᠢ ᠡᠵᠡᠨ ᠮᠠᠳᠠᠵᠤ ᠭᠢᠭᠦ᠂ ᠬᠤᠶᠠᠷ ᠭᠦᠤ ᠲᠡᠶ ᠪᠣᠯ ᠣᠬᠠᠭᠠᠨ ᠪᠢᠯᠢᠭ᠌ ᠰᠡᠷᠭᠡᠭ᠌ ᠨᠢᠭᠡᠨ ᠢ ᠨᠢ ᠰᠦᠮ᠎ᠡ ᠳᠤ ᠥᠭ᠍ᠴᠤ ᠮᠠᠠᠵᠢ (ᠪᠠᠠᠳᠢ) ᠪᠣᠯᠭᠠᠬᠤ ᠵᠡᠷᠭᠡ ᠶᠢ ᠡᠰᠡᠷᠭᠦᠴᠡᠵᠡᠢ᠃ ᠡᠨᠡ ᠨᠢ ᠳᠤᠬᠠᠢ ᠶᠢᠨ ᠦᠶ᠎ᠡ ᠳᠤ ᠳᠠᠪᠰᠢᠩᠭ᠋ᠤᠢ ᠠᠴᠢ ᠬᠤᠯᠪᠣᠭᠳᠠᠯ ᠲᠡᠶ ᠪᠠᠢ᠌ᠵᠤ᠂ ᠣᠯᠠᠨ ᠤ ᠣᠶᠤᠨ ᠣᠬᠠᠭᠠᠨ ᠢ ᠰᠡᠭᠡᠭᠡᠷᠡᠭᠦᠯᠵᠤ᠂ ᠦᠨᠳᠦᠰᠦᠳᠠᠨ ᠤ ᠭᠡᠪ ᠴᠢᠨᠠᠷ ᠢ ᠳᠡᠭᠡᠭ᠍ᠰᠢᠯᠡᠭᠦᠯᠭᠦ ᠣᠢ᠌ᠯᠠᠳᠤᠯ ᠥᠵᠡᠭᠦᠯᠵᠡᠢ》 [48]᠃ 《ᠶᠠᠫᠣᠨ ᠢ ᠡᠰᠡᠷᠭᠦᠴᠡᠭᠦ ᠳᠠᠢ᠌ᠨ ᠤ ᠬᠤᠭᠤᠴᠠᠭᠠᠨ ᠳᠤ ᠮᠤᠩᠭ᠋ᠤᠯ ᠤᠨ ᠰᠤᠶᠤᠯ ᠢ ᠠᠭᠢᠭᠤᠯᠬᠤ ᠶᠡᠷᠦᠩᠭᠡᠢ ᠬᠤᠷᠠᠯ ᠡᠴᠡ ᠣᠷᠤᠨ ᠰᠢᠶᠠᠨ ᠤ ᠰᠠᠯᠪᠣᠷᠢ ᠬᠤᠷᠠᠯ ᠳᠤ ᠶᠠᠫᠣᠨ ᠢ ᠡᠰᠡᠷᠭᠦᠴᠡᠭᠦ ᠣᠬᠠᠭᠤᠯᠭ᠎ᠠ ᠭᠢᠭᠦ᠂ ᠮᠥᠩᠭᠦ ᠴᠤᠭᠯᠠᠭᠤᠯᠬᠤ ᠵᠡᠷᠭᠡ ᠠᠵᠢᠯᠯᠠᠭ᠎ᠠ ᠶᠢ ᠪᠠᠢ᠌ᠷᠢᠰᠢᠭᠤᠯᠵᠤ᠂ ᠪᠠᠰᠠ ᠮᠤᠩᠭ᠋ᠤᠯ ᠪᠢᠴᠢᠭ᠌ ᠶᠢᠡᠷ ᠣᠬᠠᠭᠤᠯᠬᠤ ᠮᠠᠲ᠋ᠸᠷᠢᠶᠠᠯ ᠪᠣᠯᠤᠨ ᠨᠤᠮ ᠰᠡᠳᠭᠦᠯ ᠢ ᠣᠯᠠᠮᠵᠢᠯᠠᠨ ᠳᠠᠷᠬᠠᠭᠠᠵᠤ᠂ ᠬᠠᠨ᠎ᠠ ᠶᠢᠨ ᠰᠤᠨᠢᠨ ᠭᠠᠷᠭᠠᠵᠤ᠂ ᠣᠷᠢᠶ᠎ᠠ ᠯᠤᠽᠦᠩ ᠪᠢᠴᠢᠵᠤ ᠨᠠᠭᠠᠬᠤ᠂ ᠶᠠᠷᠢᠶ᠎ᠠ ᠳᠠᠯᠪᠢᠬᠤ ᠵᠡᠷᠭᠡ ᠠᠵᠢᠯᠯᠠᠭ᠎ᠠ ᠶᠢ ᠵᠤᠬᠢᠶᠠᠨ ᠪᠠᠢ᠌ᠭᠤᠯᠵᠤ ᠪᠠᠢ᠌ᠵᠠᠢ᠃ ᠶᠡᠷᠦᠩᠭᠡᠢ ᠬᠤᠷᠠᠯ ᠳᠤ ᠬᠠᠷᠢᠶᠠᠳᠤᠬᠤ ᠮᠤᠩᠭ᠋ᠤᠯ ᠬᠠᠰᠠᠭ ᠪᠠᠭᠰᠢ ᠶᠢᠨ ᠰᠤᠷᠭᠠᠭᠤᠯᠢ ᠶᠢᠨ ᠪᠠᠭᠰᠢ ᠰᠤᠷᠤᠭᠴᠢᠳ ᠶᠠᠫᠣᠨ ᠢ ᠡᠰᠡᠷᠭᠦᠴᠡᠭᠦ ᠠᠭᠤᠯᠭ᠎ᠠ ᠲᠡᠶ ᠶᠠᠷᠢᠶᠠᠳᠤ ᠵᠥᠴᠦᠭᠡ᠂ ᠪᠦᠵᠢᠭ᠌ ᠵᠡᠷᠭᠡ ᠣᠷᠠᠨ ᠰᠠᠢ᠌ᠬᠠᠨ ᠤ ᠳᠤᠭᠯᠠᠯᠳᠠ ᠶᠢ ᠵᠤᠬᠢᠶᠠᠨ ᠳᠤᠭᠯᠠᠵᠤ ᠪᠠᠢ᠌ᠵᠠᠢ》 [49]᠃ ᠶᠠᠫᠣᠨ ᠢ ᠡᠰᠡᠷᠭᠦᠴᠡᠭᠦ ᠳᠠᠢ᠌ᠨ ᠤ ᠦᠶ᠎ᠡ ᠪᠠ ᠰᠢᠠᠵᠢᠶᠠᠩ ᠢ ᠪᠦᠳᠦᠭᠡᠨ ᠪᠠᠢ᠌ᠭᠤᠯᠬᠤ ᠦᠶ᠎ᠡ ᠳᠤ ᠮᠤᠩᠭ᠋ᠤᠯ ᠦᠨᠳᠦᠰᠦᠳᠠᠨ ᠤ ᠣᠯᠠᠮᠵᠢᠯᠠᠯᠳᠤ ᠪᠢᠢᠯᠡᠭᠦ (ᠪᠦᠵᠢᠭ᠌ ᠪᠦᠵᠢᠭᠯᠡᠭᠦ)᠂ ᠭᠦᠭ᠍ᠵᠢᠮ ᠭᠦᠭ᠍ᠵᠢᠮᠳᠡᠭᠦ ᠵᠡᠷᠭᠡ ᠣᠷᠠᠯᠢᠭ ᠤᠨ ᠭᠦᠳᠦᠯᠪᠦᠷᠢ ᠶᠢ ᠦᠷᠨᠢᠭᠦᠯᠤᠨ᠂ ᠪᠣᠳᠠᠳᠠᠢ ᠪᠠᠷ ᠣᠬᠠᠭᠤᠯᠵᠤ ᠪᠠᠢ᠌ᠵᠠᠢ᠃

     ᠳᠤᠬᠠᠢ ᠶᠢᠨ ᠦᠶ᠎ᠡ ᠶᠡᠷᠦᠩᠭᠡᠢ ᠬᠤᠷᠠᠯ ᠤᠨ ᠬᠠᠷᠢᠶᠠᠳᠤ ᠮᠤᠩᠭ᠋ᠤᠯ ᠬᠠᠰᠠᠭ ᠰᠤᠷᠭᠠᠭᠤᠯᠢ ᠶᠢᠨ ᠪᠠᠭᠰᠢ ᠪᠠᠢ᠌ᠭᠰᠠᠨ ᠵᠤᠤ ᠰᠢᠨ ᠶᠠ ᠳᠤᠷᠠᠰᠤᠮᠵᠢ ᠳᠠᠭᠠᠨ ᠄ 《1935 ᠣᠨ ᠤ ᠬᠠᠪᠣᠷ ᠰᠢᠠᠵᠢᠶᠠᠩ ᠤᠨ ᠮᠤᠩᠭ᠋ᠤᠯ ᠬᠠᠰᠠᠭ ᠰᠤᠷᠭᠠᠭᠤᠯᠢ ᠶᠢ ᠪᠠᠢ᠌ᠭᠤᠯᠬᠤ ᠪᠠᠴᠢᠮ ᠶᠠᠭᠠᠷᠠᠤ ᠦᠶ᠎ᠡ ᠳᠤ 〈4 ᠰᠠᠷ᠎ᠠ ᠶᠢᠨ 12 ᠊ᠤ ᠡᠳᠦᠷ〉 ᠊ᠤᠨ ᠬᠤᠶᠠᠷ ᠵᠢᠯ ᠤᠨ ᠣᠢ ᠶᠢ ᠳᠤᠷᠠᠰᠠᠬᠠᠬᠤ ᠪᠠᠷ ᠡᠯ᠎ᠡ ᠦᠨᠳᠦᠰᠦᠳᠠᠨ ᠤ ᠪᠠᠭᠰᠢ ᠰᠤᠷᠤᠭᠴᠢᠳ ᠳᠤᠷᠠᠰᠬᠠᠬᠤ ᠭᠦᠳᠦᠯᠪᠦᠷᠢ ᠭᠢᠭ᠍ᠰᠡᠨ ᠶᠤᠮ᠃ ᠁ ᠪᠠᠭᠰᠢ ᠰᠤᠷᠤᠭᠴᠢᠳ ᠬᠠᠮᠳᠤ ᠪᠠᠷ 〈ᠰᠢᠨ᠎ᠠ ᠰᠢᠠᠵᠢᠶᠠᠩ ᠢ ᠪᠦᠳᠦᠭᠡᠨ ᠪᠠᠢ᠌ᠭᠤᠯᠤᠶ᠎ᠠ〉 ᠭᠡᠭᠦ ᠭᠤᠷᠪᠠᠨ ᠭᠦᠰᠢᠭ᠍ᠡᠳᠤ ᠶᠠᠷᠢᠶᠠᠳᠤ ᠵᠥᠴᠦᠭᠡ ᠶᠢ ᠵᠤᠬᠢᠶᠠᠨ ᠪᠦᠳᠦᠭᠡᠭ᠍ᠰᠡᠨ ᠶᠤᠮ᠃ ᠳᠤᠬᠠᠢ ᠶᠢᠨ ᠦᠶ᠎ᠡ ᠳᠤ᠂ ᠡᠨᠡ ᠪᠣᠯ ᠰᠢᠠᠵᠢᠶᠠᠩ ᠤᠨ ᠨᠢᠭᠡ ᠵᠣᠢ᠌ᠯ ᠤᠨ ᠰᠡᠭᠡᠭᠡᠷᠡᠭᠦᠯᠭᠦ ᠶᠠᠷᠢᠶᠠᠳᠤ ᠵᠥᠴᠦᠭᠡ ᠪᠣᠯᠬᠤ ᠶᠤᠮ᠂ ᠥᠭᠡᠷ᠎ᠡ ᠪᠠᠷ ᠭᠡᠯᠡᠪᠠᠯ (ᠪᠣᠯᠪᠠᠰᠤᠨ ᠰᠢ) ᠭᠡᠳᠡᠭ᠌᠂ ᠦᠪᠡᠷ ᠶᠢᠡᠨ ᠵᠤᠬᠢᠶᠠᠵᠤ᠂ ᠵᠢᠯᠤᠭᠤᠳᠴᠤ᠂ ᠳᠤᠭᠯᠠᠯᠳᠠ ᠭᠠᠷᠭᠠᠵᠠᠢ᠃ ᠳᠤᠬᠠᠢ ᠶᠢᠨ ᠦᠶ᠎ᠡ ᠶᠢᠨ ᠮᠤᠩᠭ᠋ᠤᠯ ᠬᠠᠰᠠᠭ ᠦᠨᠳᠦᠰᠦᠳᠠᠨ ᠤ ᠰᠤᠶᠤᠯ ᠣᠷᠠᠯᠢᠭ ᠤᠨ ᠠᠮᠢᠳᠤᠷᠠᠯ ᠳᠤ ᠠᠪᠴᠤ ᠭᠡᠯᠡᠪᠠᠯ ᠰᠢᠨ᠎ᠠ ᠰᠡᠪᠠᠭᠦᠨ ᠭᠡᠷᠡᠭ᠌ ᠪᠣᠯᠬᠤ ᠶᠤᠮ᠃ ᠮᠤᠩᠭ᠋ᠤᠯ ᠬᠠᠰᠠᠭ ᠵᠠᠯᠠᠭᠤ ᠪᠠᠭᠠᠴᠤᠳ ᠲᠤᠩ ᠣᠷᠮ᠎ᠠ ᠲᠡᠶ ᠪᠠᠢ᠌ᠭᠰᠠᠨ ᠪᠦᠭᠡᠳ ᠮᠤᠩᠭ᠋ᠤᠯ ᠬᠠᠰᠠᠭ ᠰᠤᠶᠤᠯ ᠢ ᠠᠭᠢᠭᠤᠯᠬᠤ ᠬᠤᠷᠠᠯ ᠴᠤ ᠭᠦᠴᠦᠳᠡᠢ ᠪᠠᠷ ᠳᠡᠮᠵᠢᠭ᠍ᠰᠡᠨ ᠶᠤᠮ᠃ ᠮᠠᠯᠴᠢᠳ ᠡᠴᠡ ᠮᠤᠩᠭ᠋ᠤᠯ ᠬᠠᠰᠠᠭ ᠦᠨᠳᠦᠰᠦᠳᠠᠨ ᠤ ᠬᠤᠪᠴᠠᠰᠤ᠂ ᠭᠡᠷᠡᠭ᠍ᠰᠡᠯ (ᠮᠤᠩᠭ᠋ᠤᠯ ᠭᠡᠷ ᠴᠤ ᠪᠠᠭᠳᠠᠨ᠎ᠠ) ᠵᠢᠭᠡᠯᠡᠵᠤ ᠢᠷᠡᠭᠡᠳ᠂ ᠡᠳᠦᠷᠵᠢᠨ ᠰᠦᠨᠢᠵᠢᠨ ᠳᠤᠭᠯᠠᠨ ᠪᠣᠯᠪᠠᠰᠤᠷᠠᠵᠤ ᠪᠠᠢ᠌ᠯ᠎ᠠ ᠁ ᠮᠤᠩᠭ᠋ᠤᠯ ᠬᠤᠷᠠᠯ ᠤᠨ ᠰᠢᠯᠢᠭ᠌ ᠳᠠᠷᠤᠭ᠎ᠠ ᠪᠠᠶ᠎ᠠ ᠪᠠᠷ ᠶᠢᠡᠨ ᠮᠠᠠᠴᠤᠭᠵᠠᠪ ᠬᠠᠨ ᠸᠠᠩ ᠤᠨ ᠶᠠᠮᠤᠨ ᠳᠤ ᠣᠴᠢᠵᠤ ᠮᠤᠩᠭ᠋ᠤᠯ ᠵᠠᠯᠠᠭᠤᠴᠤᠳ ᠢ ᠰᠤᠩᠭ᠋ᠤᠵᠤ ᠢᠷᠡᠭᠡᠳ᠂ ᠨᠠᠳᠠ ᠶᠢ ᠵᠠᠯᠠᠵᠤ ᠮᠤᠩᠭ᠋ᠤᠯ ᠤᠨ ᠣᠯᠠᠮᠵᠢᠯᠠᠯᠳᠤ ᠪᠢ᠌ (ᠪᠦᠵᠢᠭ᠌) ᠊ᠤᠨ ᠳᠤᠭᠯᠠᠯᠳᠠ ᠶᠢ ᠵᠢᠯᠤᠭᠤᠳᠤᠭᠤᠯᠬᠤ ᠪᠣᠯᠤᠭᠰᠠᠨ ᠶᠤᠮ᠃ ᠭᠡᠳᠡᠯ᠎ᠡ ᠪᠢ ᠪᠣᠯ ᠮᠤᠩᠭ᠋ᠤᠯ ᠪᠢ᠌ ᠶᠢ ᠪᠢᠢᠯᠠᠵᠤ (ᠪᠦᠵᠢᠭᠯᠡᠵᠤ) ᠴᠢᠳᠠᠬᠤ ᠦᠭᠡᠶ 〈ᠵᠢᠯᠤᠭᠤᠳᠤᠭᠴᠢ〉 ᠪᠣᠯᠬᠤᠷ ᠵᠦᠪᠭᠡᠨ ᠮᠤᠩᠭ᠋ᠤᠯ ᠭᠡᠷ ᠢ ᠳᠡᠢ᠌ᠰᠡ ᠲ᠋ᠡᠭᠡᠷ᠎ᠡ ᠶᠠᠭᠠᠭᠢᠵᠤ ᠭᠠᠷᠭᠠᠬᠤ ᠳᠤᠬᠠᠢ ᠰᠠᠨᠠᠯ ᠶᠢᠡᠨ ᠳᠤᠷᠠᠳᠤᠭᠰᠠᠨ ᠪᠢᠯᠠ᠃ ᠪᠠᠭᠰᠢ ᠰᠤᠷᠤᠭᠴᠢᠳ ᠤᠨ ᠬᠠᠭᠠᠰ ᠰᠠᠷ᠎ᠠ ᠶᠢᠨ ᠪᠣᠯᠪᠠᠰᠤᠷᠠᠯ ᠴᠢᠷᠮᠠᠢ᠌ᠯᠭ᠎ᠠ ᠪᠠᠷ 〈4 ᠰᠠᠷ᠎ᠠ ᠵᠢᠨ 12 ᠊ᠤ ᠡᠳᠦᠷ〉᠊ᠢ ᠳᠤᠷᠠᠰᠬᠠᠬᠤ ᠥᠳᠡᠰᠢᠯᠡᠭᠡ ᠳᠤ ᠮᠤᠩᠭ᠋ᠤᠯ ᠬᠠᠰᠠᠭ ᠦᠨᠳᠦᠰᠦᠳᠠᠨ ᠤ ᠶᠠᠷᠢᠶᠠᠳᠤ ᠵᠥᠴᠦᠭᠡ ᠪᠣᠯᠤᠨ ᠪᠢ᠌ ᠪᠢᠢᠯᠡᠯᠭᠡ ᠶᠢ ᠳᠤᠭᠯᠠᠵᠤ᠂ ᠳᠠᠢ᠌ᠰᠠ ᠳᠤ ᠮᠤᠩᠭ᠋ᠤᠯ ᠭᠡᠷ ᠭᠠᠷᠬᠤ ᠳᠤ ᠪᠦᠭᠦ ᠥᠵᠡᠭ᠍ᠴᠢᠳ ᠮᠠᠰᠢ ᠳᠦᠷᠭᠢᠭ᠍ᠰᠡᠨ ᠪᠢᠯᠠ᠃ ᠣᠯᠠᠨ ᠶᠢᠡᠷ ᠶᠢᠡᠨ ᠮᠤᠩᠭ᠋ᠤᠯ ᠬᠠᠰᠠᠭ ᠦᠨᠳᠦᠰᠦᠳᠠᠨ ᠤ ᠶᠠᠷᠢᠶᠠᠳᠤ ᠵᠥᠴᠦᠭᠡ ᠶᠢᠨ ᠳᠤᠭᠯᠠᠯᠳᠠ ᠠᠮᠵᠢᠯᠳᠠᠳᠠᠢ ᠪᠣᠯᠤᠭᠰᠠᠨ ᠳᠤ ᠪᠠᠶᠠᠷᠯᠠᠨ ᠵᠤᠷᠢᠭᠵᠢᠯ᠎ᠠ᠃ ᠮᠤᠩᠭ᠋ᠤᠯ ᠬᠠᠰᠠᠭ ᠦᠨᠳᠦᠰᠦᠳᠠᠨ ᠤ ᠭᠠᠢ᠌ᠬᠠᠮ᠎ᠠ ᠰᠠᠢ᠌ᠬᠠᠨ ᠪᠦᠵᠢᠭ᠌ ᠢ ᠪᠠᠬᠠᠷᠬᠠᠵᠤ᠂ ᠢᠯᠠᠩᠭ᠋ᠤᠶ᠎ᠠ ᠮᠤᠩᠭ᠋ᠤᠯ ᠵᠠᠯᠠᠭᠤ ᠡᠮᠡᠭ᠍ᠳᠡᠢ᠌ᠴᠦᠳ ᠤᠨ ᠦᠨᠳᠦᠰᠦᠳᠠᠨ ᠤ ᠣᠯᠠᠮᠵᠢᠯᠠᠯᠳᠤ ᠬᠤᠪᠴᠠᠰᠤ ᠲᠡᠶ ᠪᠦᠵᠢᠭ᠌ ᠨᠢ ᠥᠵᠡᠭ᠍ᠴᠢ ᠣᠯᠠᠨ ᠤ ᠮᠠᠭᠳᠠᠭᠠᠯ ᠰᠠᠢ᠌ᠰᠢᠶᠠᠯ ᠢ ᠣᠯᠤᠭᠰᠠᠨ ᠶᠤᠮ》 [50] ᠭᠡᠵᠤ ᠪᠢᠴᠢᠭ᠍ᠰᠡᠨ ᠡᠴᠡ ᠥᠵᠡᠭᠦᠯ᠎ᠡ᠂ 《ᠮᠤᠩᠭ᠋ᠤᠯ ᠬᠤᠷᠠᠯ》 ᠡᠴᠡ ᠵᠤᠬᠢᠶᠠᠨ ᠪᠠᠢ᠌ᠭᠤᠯᠤᠭᠰᠠᠨ ᠳᠤᠭᠯᠠᠯᠳᠠ ᠨᠢ ᠣᠯᠠᠨ ᠥᠵᠡᠭ᠍ᠴᠢᠳ ᠤᠨ ᠳᠠᠭᠠᠰᠢᠶᠠᠯ ᠪᠣᠯᠤᠨ ᠮᠠᠭᠳᠠᠭᠠᠯ ᠰᠠᠢ᠌ᠰᠢᠶᠠᠯ ᠢ ᠣᠯᠤᠭᠰᠠᠨ ᠪᠠᠢ᠌ᠪᠠ᠃

    1935 ᠣᠨ ᠤ ᠨᠠᠮᠤᠷ᠂ ᠦᠷᠤᠮᠴᠢ ᠬᠤᠳᠠ ᠳᠤ ᠪᠦᠭᠦ ᠰᠢᠠᠵᠢᠶᠠᠩ ᠤᠨ ᠪᠠᠶ᠎ᠠ ᠳᠠᠮᠢᠷ ᠤᠨ ᠴᠤᠭᠯᠠᠭᠠᠨ ᠭᠢᠭᠦ ᠳᠤ᠂ ᠮᠤᠩᠭ᠋ᠤᠯ ᠰᠤᠷᠤᠭᠴᠢᠳ ᠤᠨ ᠣᠯᠤᠭᠰᠠᠨ ᠬᠤᠪᠢ ᠪᠦᠳᠦᠮᠵᠢ ᠨᠢ ᠭᠦᠮᠦᠰ ᠢ ᠭᠠᠢ᠌ᠬᠠᠭᠤᠯᠵᠤ᠂ ᠡᠯ᠎ᠡ ᠳᠠᠯᠠᠪᠣᠷ ᠣᠷᠤᠯᠳᠤᠭᠠᠨ ᠤ ᠮᠠᠩᠯᠠᠢ ᠪᠣᠯᠵᠤ᠂ ᠭᠦᠮᠦᠰ ᠤᠨ ᠠᠩᠬᠠᠷᠤᠯ ᠢ ᠮᠠᠰᠢ ᠳᠠᠳᠠᠵᠤ ᠪᠠᠢ᠌ᠪᠠ᠃ 《ᠮᠤᠩᠭ᠋ᠤᠯ ᠬᠠᠰᠠᠭ ᠰᠤᠷᠤᠭᠴᠢᠳ 50 ᠮᠸᠲ᠋ᠷ᠂ 100 ᠮᠸᠲ᠋ᠷ᠂ 400 ᠮᠸᠲ᠋ᠷ ᠤᠨ ᠦᠷᠳᠡᠭᠡᠯᠡᠭᠦ ᠣᠷᠤᠯᠳᠤᠭᠠᠨ᠂ ᠦᠨᠳᠦᠷ ᠥᠰᠦᠷᠭᠦ᠂ ᠬᠤᠯᠠ ᠥᠰᠦᠷᠭᠦ ᠵᠡᠷᠭᠡ ᠭᠦᠡᠳᠤ ᠭᠦᠩᠭᠡᠨ ᠤ ᠣᠷᠤᠯᠳᠤᠭᠠᠨ ᠳᠤ ᠪᠦᠷ ᠮᠠᠩᠯᠠᠢ᠌ᠯᠠᠭᠰᠠᠨ ᠪᠢᠯᠠ᠃ ᠁ ᠮᠤᠩᠭ᠋ᠤᠯ ᠬᠠᠰᠠᠭ ᠰᠤᠷᠤᠭᠴᠢᠳ ᠣᠷᠤᠯᠳᠤᠭᠠᠨ ᠤ ᠠᠩᠬ᠎ᠠ ᠱᠠᠳᠤ ᠶᠢᠨ ᠪᠦᠭᠦ ᠣᠷᠤᠯᠳᠤᠭᠠᠨ ᠤ ᠳᠦᠷᠤᠯ ᠵᠣᠢ᠌ᠯ ᠤᠨ ᠮᠠᠩᠯᠠᠢ ᠨᠢ ᠪᠣᠯᠤᠭᠰᠠᠨ ᠶᠤᠮ᠃ ᠮᠤᠩᠭ᠋ᠤᠯ ᠬᠠᠰᠠᠭ ᠰᠤᠷᠤᠭᠴᠢᠳ ᠪᠠᠶ᠎ᠠ ᠳᠠᠮᠢᠷ ᠤᠨ ᠴᠤᠭᠯᠠᠭᠠᠨ ᠳᠤ ᠭᠦᠮᠦᠰ ᠢ ᠭᠠᠢ᠌ᠬᠠᠭᠤᠯᠵᠤ᠂ ᠳᠠᠳᠠ ᠮᠤᠷᠢᠨ ᠨᠢᠷᠤᠭᠤᠨ ᠳᠡᠭᠡᠷᠡᠭᠢ ᠪᠠᠭᠠᠳᠤᠷ ᠪᠣᠯᠬᠤ ᠪᠠᠷ ᠪᠠᠷᠠᠬᠤ ᠦᠭᠡᠶ᠂ ᠪᠠᠶ᠎ᠠ ᠳᠠᠮᠢᠷ ᠤᠨ ᠳᠠᠯᠠᠪᠣᠷ ᠤᠨ ᠮᠠᠩᠯᠠᠢ ᠨᠢ ᠪᠣᠯᠤᠯ᠎ᠠ᠃ ᠰᠢᠷᠭᠠᠭᠤ ᠴᠢᠷᠮᠠᠢ᠌ᠯᠭ᠎ᠠ ᠪᠠᠢ᠌ᠪᠠᠯ ᠠᠮᠵᠢᠯᠳᠠ ᠣᠯᠤᠨ᠎ᠠ ᠭᠡᠭ᠍ᠴᠢ ᠪᠠᠷ ᠮᠤᠩᠭ᠋ᠤᠯ ᠬᠠᠰᠠᠭ ᠰᠤᠷᠭᠠᠭᠤᠯᠢ ᠪᠠᠢ᠌ᠭᠤᠯᠤᠭᠳᠠᠭᠠᠤᠨ ᠨᠢᠭᠡ ᠵᠢᠯ ᠤᠨ ᠣᠢ ᠪᠣᠯᠬᠤ ᠦᠶ᠎ᠡ ᠳᠤ᠂ ᠣᠳᠤᠷᠢᠳᠤᠯᠭ᠎ᠠ ᠪᠠ ᠪᠠᠭᠰᠢ ᠰᠤᠷᠤᠭᠴᠢᠳ ᠤᠨ ᠬᠠᠮᠳᠤ ᠶᠢᠨ ᠴᠢᠷᠮᠠᠢ᠌ᠯᠭ᠎ᠠ ᠪᠣᠯᠤᠨ ᠮᠤᠩᠭ᠋ᠤᠯ ᠬᠠᠰᠠᠭ ᠰᠤᠶᠤᠯ ᠢ ᠠᠭᠢᠭᠤᠯᠬᠤ ᠬᠤᠷᠠᠯ ᠤᠨ ᠭᠦᠴᠦᠳᠡᠢ ᠳᠡᠮᠵᠢᠯᠭᠡ ᠪᠠᠷ᠂ ᠳᠤᠰ ᠰᠤᠷᠭᠠᠭᠤᠯᠢ ᠵᠢᠭᠠᠬᠤ ᠰᠤᠷᠭᠠᠬᠤ᠂ ᠣᠷᠯᠢᠭ ᠤᠨ ᠳᠤᠭᠯᠠᠯᠳᠠ ᠪᠣᠯᠤᠨ ᠪᠠᠶ᠎ᠠ ᠳᠠᠮᠢᠷ ᠤᠨ ᠴᠤᠭᠯᠠᠭᠠᠨ ᠵᠡᠷᠭᠡ ᠡᠯ᠎ᠡ ᠳᠠᠯ᠎ᠠ ᠳᠤ ᠪᠦᠷ ᠳᠡᠭᠦᠰ ᠠᠮᠵᠢᠯᠳᠠ ᠣᠯᠵᠠᠢ᠃ ᠁ ᠪᠠᠰᠠ ᠭᠢᠳᠠᠤᠨ᠂ ᠮᠤᠩᠭ᠋ᠤᠯ᠂ ᠬᠠᠰᠠᠭ ᠭᠤᠷᠪᠠᠨ ᠦᠨᠳᠦᠰᠦᠳᠠᠨ ᠤ ᠥᠰᠦᠭ᠌ ᠪᠢᠴᠢᠭ᠌ ᠶᠢᠡᠷ ᠰᠤᠷᠭᠠᠭᠤᠯᠢ ᠶᠢᠨ ᠰᠡᠳᠭᠦᠯ ᠨᠠᠢ᠌ᠷᠠᠭᠤᠯᠵᠤ ᠭᠡᠪᠯᠡᠵᠤ ᠪᠠᠢ᠌ᠯ᠎ᠠ》 [51] ᠭᠡᠵᠤ ᠳᠡᠮᠳᠡᠭᠯᠡᠵᠤ ᠪᠣᠢ᠃

    ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠶᠡᠷᠦᠩᠭᠡᠢ ᠬᠤᠷᠠᠯ ᠡᠴᠡ ᠪᠠᠰᠠ ᠨᠢᠭᠡ ᠰᠤᠨᠢᠨ (ᠳᠤᠭᠳᠠᠭᠰᠠᠨ ᠬᠤᠭᠤᠴᠠᠭ᠎ᠠ ᠦᠭᠡᠶ) ᠡᠷᠭᠢᠯᠡᠵᠤ᠂ ᠣᠯᠠᠨ ᠲᠦᠮᠡᠨ ᠳᠤ ᠰᠤᠷᠭᠠᠨ ᠭᠦᠮᠦᠵᠢᠯ ᠤᠨ ᠴᠢᠬᠤᠯᠠ ᠴᠢᠨᠠᠷ᠂ ᠹᠧᠤᠳᠠᠯ ᠤᠨ ᠪᠠᠯᠠᠢ ᠬᠤᠴᠤᠷᠤᠩᠭ᠋ᠤᠢ ᠪᠠᠢ᠌ᠭᠤᠯᠤᠯ ᠮᠤᠩᠭ᠋ᠤᠯᠴᠤᠳ ᠲᠤ ᠭᠦᠷᠭᠡᠭ᠍ᠰᠡᠨ ᠬᠤᠤᠷ᠎ᠠ ᠨᠥᠯᠦᠭᠡ ᠶᠢ ᠢᠯᠠᠴᠢᠯᠠᠨ ᠰᠢᠭᠦᠮᠵᠢᠯᠡᠵᠤ᠂ ᠮᠤᠩᠭ᠋ᠤᠯ ᠤᠨ ᠠᠷᠠᠤᠨ ᠲᠦᠮᠡᠨ ᠢ ᠪᠣᠳᠠᠳᠠᠢ ᠠᠵᠢᠯᠯᠠᠭ᠎ᠠ ᠪᠠᠷ ᠶᠢᠡᠨ ᠰᠤᠶᠤᠯ ᠰᠤᠷᠭᠠᠨ ᠭᠦᠮᠦᠵᠢᠯ ᠤᠨ ᠣᠢ᠌ᠯᠠᠰ ᠢ ᠳᠡᠮᠵᠢᠭᠦ ᠳᠤ ᠣᠷᠢᠶᠠᠯᠠᠨ᠂ ᠡᠮᠡᠭ᠍ᠳᠡᠢ᠌ᠴᠢᠳ ᠤᠨ ᠨᠡᠢ᠌ᠭᠡᠮ ᠤᠨ ᠪᠠᠢ᠌ᠷᠢ ᠰᠠᠭᠤᠷᠢ ᠶᠢ ᠳᠡᠭᠡᠭ᠍ᠰᠢᠯᠡᠭᠦᠯᠭᠦ ᠣᠷᠢᠶᠠᠯᠭ᠎ᠠ ᠭᠠᠷᠭᠠᠵᠤ᠂ ᠵᠦᠪᠯᠠᠯᠳᠤ ᠬᠤᠯᠪᠣᠭᠠᠳᠤ ᠣᠯᠤᠰ ᠤᠨ ᠨᠡᠢ᠌ᠭᠡᠮ ᠵᠢᠷᠤᠮᠳᠤ ᠪᠠᠢ᠌ᠭᠤᠯᠤᠯ ᠤᠨ ᠳᠠᠪᠠᠭᠤᠯᠢᠭ ᠢ ᠮᠠᠰᠢ ᠮᠠᠭᠳᠠᠨ ᠰᠠᠢ᠌ᠰᠢᠶᠠᠭᠰᠠᠨ ᠪᠠᠢ᠌ᠵᠠᠢ᠃

      ᠲ᠋ᠠᠪᠣ᠂ ᠵᠦᠪᠯᠠᠯᠳᠤ ᠬᠤᠯᠪᠣᠭᠠᠳᠤ ᠣᠯᠤᠰ ᠲᠤ ᠰᠤᠷᠤᠭᠴᠢ ᠳᠤᠮᠢᠯᠠᠭᠰᠠᠨ ᠨᠢ  

     《ᠳᠤᠮᠳᠠᠳᠤ ᠣᠯᠤᠰ ᠤᠨ ᠡᠪ ᠬᠠᠮᠳᠤ ᠨᠠᠮ ᠡᠴᠡ ᠰᠢᠠᠵᠢᠶᠠᠩ ᠤᠨ ᠡᠯ᠎ᠡ ᠦᠨᠳᠦᠰᠦᠳᠠᠨ ᠤ ᠴᠢᠳᠠᠪᠣᠷᠢᠳᠠᠨ ᠢ ᠭᠦᠮᠦᠵᠢᠭᠦᠯᠭᠦ ᠶᠢ ᠣᠠᠴᠠ ᠠᠩᠬᠠᠷᠴᠤ ᠪᠠᠢ᠌ᠪᠠ᠃ ᠱᠸᠩ ᠱᠢ ᠼᠠᠢ ᠶᠢᠨ ᠵᠠᠰᠠᠭ ᠤᠨ ᠭᠠᠵᠠᠷ ᠶᠢᠡᠷ ᠳᠠᠮᠵᠢᠭᠤᠯᠤᠨ ᠡᠯ᠎ᠡ ᠭᠠᠵᠠᠷ ᠣᠷᠤᠨ ᠳᠤ ᠣᠯᠠᠨ ᠵᠣᠢ᠌ᠯ ᠤᠨ ᠪᠣᠯᠪᠠᠰᠤᠷᠠᠭᠤᠯᠬᠤ ᠠᠩᠭᠢ ᠪᠠ ᠳᠤᠰᠬᠠᠢ ᠮᠡᠷᠭᠡᠵᠢᠯ ᠤᠨ ᠰᠤᠷᠭᠠᠭᠤᠯᠢ ᠶᠢ ᠪᠠᠢ᠌ᠭᠤᠯᠵᠤ᠂ ᠴᠥᠭᠡᠨ ᠳᠤᠭᠠᠳᠤ ᠦᠨᠳᠦᠰᠦᠳᠠᠨ ᠤ ᠺᠠᠳ᠋ᠷ ᠢ ᠡᠷᠴᠢᠮ ᠲᠡᠶ ᠪᠠᠷ ᠭᠦᠮᠦᠵᠢᠭᠦᠯᠵᠡᠢ᠃ ᠡᠭᠦᠨ ᠡᠴᠡ ᠭᠠᠳᠠᠨ᠎ᠠ᠂ ᠪᠠᠰᠠ ᠰᠢᠯᠢᠳᠡᠭ᠌ ᠵᠠᠯᠠᠭᠤᠴᠤᠳ ᠢ ᠰᠤᠩᠭ᠋ᠤᠨ ᠵᠦᠪᠯᠠᠯᠳᠤ ᠬᠤᠯᠪᠣᠭᠠᠳᠤ ᠣᠯᠤᠰ ᠲᠤ ᠭᠦᠷᠭᠡᠵᠤ ᠠᠨᠠᠭᠠᠬᠤ ᠣᠬᠠᠭᠠᠨ᠂ ᠮᠠᠯ ᠡᠮᠨᠡᠯᠭᠡ ᠵᠡᠷᠭᠡ ᠮᠡᠷᠭᠡᠵᠢᠯ ᠰᠤᠷᠤᠯᠴᠠᠭᠤᠯᠤᠭᠰᠠᠨ ᠤ ᠵᠡᠷᠭᠡᠪᠠᠷ ᠪᠠᠰᠠ ᠮᠠᠷᠺᠰ ᠤᠨ ᠦᠵᠡᠯ ᠤᠨ ᠦᠨᠳᠦᠰᠦᠨ ᠣᠨᠤᠯ ᠤᠨ ᠭᠦᠮᠦᠵᠢᠯ ᠭᠦᠷᠳᠡᠭᠡᠭ᠍ᠰᠡᠨ ᠪᠢᠯᠠ᠃ 1934 ᠣᠨ ᠤ ᠡᠪᠦᠯ ᠡᠴᠡ 1936 ᠣᠨ ᠤ ᠵᠤᠨ ᠭᠦᠷᠳᠡᠯ᠎ᠡ᠂ ᠡᠯ᠎ᠡ ᠥᠡᠳᠦᠰᠦᠳᠡᠨ ᠤ 250 ᠥᠩᠭᠡᠷᠡᠤ ᠰᠢᠯᠢᠳᠡᠭ᠌ ᠵᠠᠯᠠᠭᠤᠴᠤᠳ ᠢ ᠵᠠᠯᠭᠠᠭ᠎ᠠ ᠪᠠᠷ ᠳᠤᠮᠢᠯᠠᠨ ᠰᠤᠷᠤᠯᠴᠠᠭᠤᠯᠤᠭᠰᠠᠨ ᠶᠤᠮ》 [52]᠃ 《ᠰᠢᠠᠵᠢᠶᠠᠩ ᠤᠨ ᠳᠠᠯᠠᠨ ᠵᠢᠯ ᠤᠨ ᠰᠠᠯᠭᠢ ᠰᠢᠭᠤᠷᠭᠠᠨ》 ᠳ᠋ᠤ ᠄ 《ᠵᠦᠪᠯᠠᠯᠳᠤ ᠣᠯᠤᠰ ᠡᠴᠡ ᠣᠢᠽᠪᠧᠺ ᠤᠨ ᠨᠠᠢ᠌ᠰᠯᠠᠯ ᠳᠠᠱᠺᠧᠨᠲ᠋ ᠳᠤ 〈ᠵᠦᠪᠯᠠᠯᠳᠤ ᠬᠤᠯᠪᠣᠭᠠᠳᠤ ᠣᠯᠤᠰ ᠤᠨ ᠳᠤᠮᠳᠠ ᠠᠽᠢᠶ᠎ᠠ ᠶᠢᠨ ᠣᠯᠤᠰ ᠤᠨ ᠶᠡᠭᠡ ᠰᠤᠷᠭᠠᠭᠤᠯᠢ ᠳᠤ ᠵᠠᠰᠠᠭ ᠵᠠᠭᠢᠷᠠᠭ᠎ᠠ᠂ ᠬᠠᠤᠯᠢ ᠴᠠᠭᠠᠵᠠ ᠶᠢᠨ ᠰᠠᠯᠪᠣᠷᠢ〉 ᠪᠠᠢ᠌ᠭᠤᠯᠪᠠ᠂ ᠡᠨᠡ ᠪᠣᠯ ᠰᠢᠠᠵᠢᠶᠠᠩ ᠤᠨ ᠰᠤᠷᠤᠭᠴᠢᠳ ᠲᠤ ᠵᠤᠷᠢᠭᠤᠯᠤᠨ ᠪᠠᠢ᠌ᠭᠤᠯᠤᠭᠰᠠᠨ ᠰᠠᠯᠪᠣᠷᠢ ᠪᠣᠯᠤᠨ᠎ᠠ᠃ ᠢᠷᠭᠡᠨ ᠣᠯᠤᠰ ᠤᠨ ᠬᠤᠷᠢᠨ ᠭᠤᠷᠪᠠᠳᠤᠭᠠᠷ ᠣᠨ ᠤ ᠠᠷᠪᠠᠨ ᠨᠢᠭᠡ ᠰᠠᠷ᠎ᠠ ᠡᠴᠡ ᠡᠭᠢᠯᠡᠵᠤ ᠰᠤᠷᠤᠭᠴᠢ ᠰᠢᠯᠭᠠᠵᠤ ᠪᠠᠳᠤᠯᠠᠨ ᠭᠦᠷᠭᠡᠵᠤ ᠰᠤᠷᠤᠯᠴᠠᠭᠤᠯᠵᠤ ᠪᠠᠢ᠌ᠯ᠎ᠠ᠃ ᠣᠤᠯ ᠳᠠᠭᠠᠨ ᠳᠤᠰ ᠵᠢᠯ ᠵᠠᠭᠤᠨ ᠰᠤᠷᠤᠭᠴᠢ ᠭᠦᠷᠭᠡᠭᠦ ᠪᠠᠷ ᠳᠤᠭᠳᠠᠭᠰᠠᠨ ᠪᠣᠯᠪᠠᠴᠤ ᠪᠣᠳᠠᠳᠠᠢ ᠳᠠᠭᠠᠨ 84 ᠰᠤᠷᠤᠭᠴᠢ ᠡᠯᠰᠡᠵᠤ᠂ ᠡᠭᠦᠨ ᠤ ᠳᠤᠳᠤᠷ᠎ᠠ ᠭᠢᠳᠠᠤᠨ ᠦᠨᠳᠦᠰᠦᠳᠠᠨ ᠤ 18 ᠰᠤᠷᠤᠭᠴᠢ᠂ ᠮᠠᠠᠵᠤ ᠦᠨᠳᠦᠰᠦᠳᠠᠨ ᠤ 4 ᠰᠤᠷᠤᠭᠴᠢ᠂ ᠬᠤᠲᠤᠩ ᠦᠨᠳᠦᠰᠦᠳᠠᠨ ᠤ 9 ᠰᠤᠷᠤᠭᠴᠢ᠂ ᠰᠢᠪᠠᠭᠡ ᠦᠨᠳᠦᠰᠦᠳᠠᠨ ᠤ 2 ᠰᠤᠷᠤᠭᠴᠢ᠂ ᠮᠤᠩᠭ᠋ᠤᠯ ᠦᠨᠳᠦᠰᠦᠳᠠᠨ ᠤ 5 ᠰᠤᠷᠤᠭᠴᠢ᠂ ᠬᠠᠰᠠᠭ ᠦᠨᠳᠦᠰᠦᠳᠠᠨ ᠤ 4 ᠰᠤᠷᠤᠭᠴᠢ᠂ ᠣᠢ᠌ᠭᠤᠷ ᠦᠨᠳᠦᠰᠦᠳᠠᠨ ᠤ 42 ᠰᠤᠷᠤᠭᠴᠢᠨ ᠪᠠᠢ᠌ᠪᠠ》 [53] ᠭᠡᠵᠤ ᠳᠡᠮᠳᠡᠭᠯᠡᠵᠤ ᠪᠣᠢ᠃ 《ᠰᠢᠠᠵᠢᠶᠠᠩ ᠤᠨ ᠳᠤᠪᠴᠢ ᠳᠡᠦᠭᠡ》 ᠳ᠋ᠤ ᠴᠤ ᠄ 《1934 ᠣᠨ ᠡᠴᠡ ᠡᠭᠢᠯᠡᠨ ᠮᠤᠵᠢ ᠶᠢᠨ ᠵᠠᠰᠠᠭ ᠤᠨ ᠭᠠᠵᠠᠷ ᠡᠴᠡ ᠣᠢ᠌ᠭᠤᠷ᠂ ᠭᠢᠳᠠᠤᠨ᠂ ᠬᠠᠰᠠᠭ᠂ ᠭᠢᠷᠭᠢᠽᠢ᠂ ᠮᠤᠩᠭ᠋ᠤᠯ ᠵᠡᠷᠭᠡ ᠦᠨᠳᠦᠰᠦᠳᠠᠨ ᠤ ᠵᠠᠯᠠᠭᠤᠴᠤᠳ ᠢ ᠵᠦᠪᠯᠠᠯᠳᠤ ᠬᠤᠯᠪᠣᠭᠠᠳᠤ ᠣᠯᠤᠰ ᠲᠤ ᠳᠤᠮᠢᠯᠠᠨ ᠣᠯᠤᠰ ᠳᠦᠷᠤ᠂ ᠠᠵᠤ ᠠᠬᠤᠢ᠂ ᠬᠠᠤᠯᠢ ᠴᠠᠭᠠᠵᠠ ᠪᠣᠯᠤᠨ ᠳᠠᠷᠢᠶᠠᠯᠠᠩ ᠮᠠᠯ ᠠᠵᠤ ᠠᠬᠤᠢ᠂ ᠮᠠᠯ ᠡᠮᠨᠡᠯᠭᠡ᠂ ᠠᠨᠠᠭᠠᠬᠤ ᠣᠬᠠᠭᠠᠨ ᠵᠡᠷᠭᠡ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠰᠤᠷᠤᠯᠴᠠᠭᠤᠯᠤᠭᠰᠠᠨ ᠶᠤᠮ᠃ 1934 ᠣᠨ ᠳᠤ ᠵᠦᠪᠯᠠᠯᠳᠤ ᠬᠤᠯᠪᠣᠭᠠᠳᠤ ᠣᠯᠤᠰ ᠤᠨ ᠲ᠋ᠤᠮᠳᠠ ᠠᠽᠢᠶ᠎ᠠ ᠶᠢᠨ ᠣᠯᠤᠰ ᠤᠨ ᠶᠡᠭᠡ ᠰᠤᠷᠭᠠᠭᠤᠯᠢ ᠳᠤ ᠵᠠᠰᠠᠭ ᠵᠠᠭᠢᠷᠭ᠎ᠠ᠂ ᠬᠠᠤᠯᠢ ᠴᠠᠭᠠᠵᠠ ᠶᠢᠨ ᠰᠠᠯᠪᠣᠷᠢ ᠪᠠᠢ᠌ᠭᠤᠯᠵᠤ᠂ ᠰᠢᠠᠵᠢᠶᠠᠩ ᠡᠴᠡ ᠢᠷᠡᠭ᠍ᠰᠡᠨ ᠵᠠᠰᠠᠭ ᠤᠨ ᠵᠠᠷᠤᠳᠠᠯ ᠶᠢᠡᠷ ᠰᠤᠷᠤᠯᠴᠠᠬᠤ ᠰᠤᠷᠤᠭᠴᠢᠳ ᠢ ᠳᠤᠰᠬᠠᠢ᠌ᠯᠠᠨ ᠭᠦᠮᠦᠵᠢᠭᠦᠯᠵᠤ ᠪᠠᠢ᠌ᠯ᠎ᠠ᠃ ᠰᠢᠠᠵᠢᠶᠠᠩ ᠡᠴᠡ ᠠᠩᠬ᠎ᠠ ᠣᠳᠠᠭ᠎ᠠ ᠵᠦᠪᠯᠠᠯᠳᠤ ᠬᠤᠯᠪᠣᠭᠠᠳᠤ ᠣᠯᠤᠰ ᠲᠤ ᠰᠤᠷᠤᠭᠴᠢ ᠳᠤᠮᠢᠯᠠᠭᠰᠠᠨ ᠶᠤᠮ》 [54] ᠭᠡᠵᠤ ᠳᠡᠮᠳᠡᠭᠯᠡᠵᠤ ᠪᠣᠢ᠃

     ᠮᠤᠵᠢ ᠶᠢᠨ ᠵᠠᠰᠠᠭ ᠤᠨ ᠭᠠᠵᠠᠷ ᠡᠴᠡ ᠵᠦᠪᠯᠠᠯᠳᠤ ᠬᠤᠯᠪᠣᠭᠠᠳᠤ ᠣᠯᠤᠰ ᠲᠤ ᠰᠤᠷᠤᠭᠴᠢ ᠳᠤᠮᠢᠯᠠᠵᠤ ᠰᠤᠷᠤᠯᠴᠠᠭᠤᠯᠬᠤ ᠪᠣᠯᠤᠭᠰᠠᠨ ᠳᠤ᠂ ᠴᠠᠭ ᠪᠠᠴᠢᠮ ᠪᠣᠯᠬᠤᠷ ᠪᠦᠭᠦ ᠰᠢᠠᠵᠢᠶᠠᠩ ᠤᠨ ᠮᠤᠩᠭ᠋ᠤᠯᠴᠤᠳ ᠳᠤᠳᠤᠷ᠎ᠠ ᠡᠴᠡ ᠰᠤᠩᠭ᠋ᠤᠬᠤ ᠳᠤ ᠠᠮᠵᠢᠬᠤ ᠦᠭᠡᠶ ᠪᠣᠯᠵᠤ᠂ ᠮᠠ ᠵᠦᠩ ᠶ‍ᠢᠩ ᠲᠡᠶ ᠪᠠᠢ᠌ᠯᠳᠤᠵᠤ ᠪᠠᠢ᠌ᠬᠤ ᠳᠤ ᠬᠠᠮᠭᠠᠯᠠᠭᠴᠢ ᠨᠢ ᠪᠣᠯᠵᠤ ᠪᠠᠢ᠌ᠭᠰᠠᠨ ᠨᠢᠮ᠎ᠠ᠂ ᠼᠸᠷᠢᠩ ᠭᠡᠭᠦ ᠬᠤᠶᠠᠷ ᠵᠠᠯᠠᠭᠤ᠂ ᠰᠢᠯᠢᠭ᠌ ᠤᠨ ᠭᠢᠨ ᠦᠷᠤᠮᠴᠢ ᠳᠤ ᠨᠡᠭᠦᠵᠤ ᠢᠷᠡᠭᠦ ᠳᠤ ᠳᠠᠭᠠᠭᠠᠳ ᠢᠷᠡᠭ᠍ᠰᠡᠨ ᠪᠠᠢ᠌ᠪᠠ᠃ ᠰᠢᠯᠢᠭ᠌ ᠡᠳᠡᠨ ᠬᠤᠶᠠᠷ ᠢ ᠳᠠᠭᠠᠭᠤᠯᠵᠤ ᠤᠴᠢᠭᠠᠤᠨ ᠨᠠᠷ᠎ᠠ ᠮᠡᠳᠡᠭᠦᠯᠦᠭ᠍ᠰᠡᠨ ᠤ ᠬᠠᠮᠳᠤ ᠪᠠᠰᠠ ᠨᠠᠩ ᠣᠯᠠᠨ ᠮᠤᠩᠭ᠋ᠤᠯ ᠵᠠᠯᠠᠭᠤᠴᠤᠳ ᠢ ᠰᠤᠷᠤᠯᠴᠠᠭᠤᠯᠬᠤ ᠪᠠᠷ ᠮᠠᠠᠴᠤᠭᠵᠠᠪ ᠬᠠᠨ ᠸᠠᠩ ᠲᠡᠶ ᠵᠥᠪᠳᠡᠯᠴᠡᠭᠡᠳ ᠣᠷᠳᠤᠨ ᠳᠤ ᠨᠢ ᠬᠠᠮᠭᠠᠯᠠᠭᠴᠢ ᠪᠣᠯᠵᠤ ᠪᠠᠢ᠌ᠭᠰᠠᠨ ᠵᠠᠯᠠᠭᠤᠴᠤᠳ ᠢ ᠳᠠᠭᠠᠭᠤᠯᠵᠤ ᠣᠴᠢᠭᠠᠤᠨ ᠨᠠᠷ᠎ᠠ ᠮᠡᠳᠡᠭᠦᠯᠦᠭ᠍ᠰᠡᠨ ᠶᠤᠮ᠃ ᠳᠠᠳᠠᠨ ᠳᠤᠳᠤᠷ᠎ᠠ ᠡᠴᠡ ᠭᠤᠷᠪᠠᠨ ᠵᠠᠯᠠᠭᠤ ᠰᠤᠩᠭ᠋ᠤᠭᠳᠠᠵᠠᠢ᠃ ᠡᠢ᠌ᠮᠤ ᠡᠴᠡ᠂ ᠠᠩᠬᠠᠳᠤᠭᠠᠷ ᠣᠳᠠᠭ᠎ᠠ ᠵᠦᠪᠯᠠᠯᠳᠤ ᠬᠤᠯᠪᠣᠭᠠᠳᠤ ᠣᠯᠤᠰ ᠲᠤ ᠣᠴᠢᠵᠤ ᠰᠤᠷᠤᠯᠴᠠᠭᠰᠠᠨ ᠳᠠᠪᠤᠨ ᠮᠤᠩᠭ᠋ᠤᠯ ᠵᠠᠯᠠᠭᠤ ᠪᠣᠯ ᠪᠦᠷ ᠡᠮᠦᠨ᠎ᠡ ᠳᠤᠷᠭᠤᠳ ᠤᠨ ᠭᠦᠮᠤᠨ ᠪᠠᠢ᠌ᠪᠠ᠃ ᠡᠳᠡᠨ ᠤ ᠳᠤᠳᠤᠷᠠᠭᠢ ᠭᠡᠭᠡᠳᠡᠨ ᠤ ᠨᠢᠮ᠎ᠠ᠂ ᠮᠠᠯᠽᠠᠢ ᠶᠢᠨ ᠼᠸᠷᠢᠩ ᠬᠤᠶᠠᠷ ᠪᠣᠯ ᠴᠠᠭᠠᠳᠠᠨ ᠬᠤᠰᠢᠭᠤᠨ ᠤ ᠳᠦᠴᠢᠳ ᠰᠤᠮᠤᠨ ᠤ ᠭᠦᠮᠤᠨ ᠴᠦᠮᠪᠣᠷᠠᠯ᠂ (ᠪᠠᠭ᠎ᠠ) ᠨᠢᠮ᠎ᠠ ᠬᠤᠶᠠᠷ ᠪᠣᠯ ᠱᠠᠪᠢᠨᠠᠷ ᠬᠤᠰᠢᠭᠤᠨ ᠤ ᠪᠠᠭᠰᠢ ᠶᠢᠨ ᠱᠠᠪᠢᠨᠠᠷ ᠰᠤᠮᠤᠨ ᠤ ᠭᠦᠮᠤᠨ ᠳᠦᠱᠸᠢ ᠪᠣᠯ ᠱᠠᠪᠢᠨᠠᠷ ᠬᠤᠰᠢᠭᠤᠨ ᠤ ᠠᠠᠵᠠᠨ ᠰᠤᠮᠤᠨ ᠤ ᠭᠦᠮᠤᠨ ᠶᠤᠮ᠃ ᠡᠨᠡ ᠳᠠᠪᠤᠨ ᠵᠠᠯᠠᠭᠤ ᠪᠣᠯ ᠳᠤᠷᠭᠤᠳᠴᠤᠳ ᠢᠵᠢᠯ ᠡᠴᠡ ᠪᠣᠴᠠᠵᠤ ᠢᠷᠡᠭ᠍ᠰᠡᠨ ᠡᠴᠡ ᠬᠣᠢ᠌ᠰᠢ ᠠᠩᠬᠠᠳᠤᠭᠠᠷ ᠣᠳᠠᠭ᠎ᠠ ᠣᠷᠤᠰ ᠤᠨ ᠨᠤᠳᠤᠭ ᠳᠡᠪᠢᠰᠭᠡᠷ ᠲᠤ ᠭᠦᠷᠦᠭ᠍ᠰᠡᠨ ᠳᠤᠷᠭᠤᠳ ᠭᠦᠮᠦᠰ ᠪᠣᠯᠤᠨ᠎ᠠ᠃

     1935 ᠣᠨ᠂ 1936 ᠣᠨ ᠳᠤ ᠰᠢᠯᠢᠭ᠌ ᠪᠦᠭᠦ ᠰᠢᠠᠵᠢᠶᠠᠩ ᠤᠨ ᠮᠤᠩᠭ᠋ᠤᠯᠴᠤᠳ ᠡᠴᠡ ᠰᠤᠩᠭ᠋ᠤᠨ ᠰᠤᠷᠤᠯᠴᠠᠭᠤᠯᠤᠭᠰᠠᠨ ᠰᠤᠷᠤᠭᠴᠢᠳ ᠭᠡᠪᠠᠯ ᠄ ᠪᠠᠳᠮ᠎ᠠ (ᠪᠠᠰᠠ ᠭᠦᠵᠡᠯᠡᠭᠦᠷ ᠲᠡᠶ ᠪᠠᠳᠮ᠎ᠠ᠂ ᠡᠭᠡᠯ᠎ᠡ ᠶᠢᠨ ᠪᠠᠰᠠᠩ ᠤᠨ ᠪᠠᠳᠮ᠎ᠠ ᠴᠤ ᠭᠡᠳᠡᠭ᠌᠂ ᠡᠮᠦᠨ᠎ᠡ ᠳᠤᠷᠭᠤᠳ ᠤᠨ ᠴᠠᠭᠠᠳᠠᠨ ᠬᠤᠰᠢᠭᠤᠨ ᠤ ᠳᠦᠴᠢᠳ ᠰᠤᠮᠤᠨ ᠤ ᠭᠦᠮᠤᠨ) ᠴᠠᠭᠠᠨ (ᠡᠮᠦᠨ᠎ᠡ ᠳᠤᠷᠭᠤᠳ ᠤᠨ ᠪᠠᠷᠠᠭᠤᠨ ᠬᠤᠰᠢᠭᠤᠨ ᠤ ᠭᠦᠮᠤᠨ) ᠳᠤᠷᠵᠢᠷ᠎ᠠ (ᠬᠤᠱᠤᠳ ᠤᠨ ᠪᠠᠭᠠᠳᠤᠳ ᠰᠤᠮᠤᠨ ᠤ ᠭᠦᠮᠤᠨ) ᠁ ᠪᠣᠯᠤᠨ 《ᠼᠸᠳᠠᠩ (ᠴᠠᠬᠠᠷ ᠤᠨ ᠭᠦᠪᠠᠭᠡᠳᠤ ᠣᠯᠠᠭᠠᠨ ᠰᠤᠮᠤᠨ ᠤ ᠭᠦᠮᠤᠨ) ᠭᠠᠷᠵᠢ (ᠴᠠᠬᠠᠷ ᠤᠨ ᠭᠦᠪᠠᠭᠡᠳᠤ ᠴᠠᠭᠠᠨ ᠰᠤᠮᠤᠨ ᠤ ᠭᠦᠮᠤᠨ) ᠰᠡᠩᠭᠡᠢ (ᠴᠠᠬᠠᠷ ᠤᠨ ᠪᠠᠭ᠎ᠠ ᠭᠦᠭᠡ ᠰᠤᠮᠤᠨ ᠤ ᠭᠦᠮᠤᠨ) ᠡᠷᠳᠡᠢ (ᠴᠠᠬᠠᠷ ᠤᠨ ᠭᠦᠪᠠᠭᠡᠳᠤ ᠴᠠᠭᠠᠨ ᠰᠤᠮᠤᠨ ᠤ ᠭᠦᠮᠤᠨ) ᠪᠣᠤᠪᠠ᠂ ᠳᠦᠪᠰᠢᠠᠪᠠᠳᠤ (ᠴᠠᠬᠠᠷ ᠤᠨ  ᠶᠡᠭᠡ ᠭᠦᠭᠡ ᠰᠦᠮᠤᠨ ᠤ ᠭᠦᠮᠤᠨ) ᠵᠡᠷᠭᠡ ᠭᠦᠮᠦᠰ ᠪᠣᠯᠤᠨ᠎ᠠ》 [55]᠃ ᠪᠠᠰᠠ 《ᠬᠠᠷᠠᠠᠤᠰᠤᠨ ᠡᠴᠡ ᠮᠥᠩᠭᠡᠵᠢᠷᠭᠠᠯ᠂ ᠪᠠᠳᠮ᠎ᠠ᠂ ᠪᠠᠳᠤᠤ ᠵᠡᠷᠭᠡ ᠭᠦᠮᠦᠰ》 [56]᠂ ᠮᠤᠩᠭ᠋ᠤᠯᠭᠦ᠋ᠷᠢᠶ᠎ᠡ ᠡᠴᠡ ᠪᠣᠯᠳᠠᠢ᠂ ᠺᠠᠮᠠ ᠁ ᠨᠡᠷ ᠢ ᠬᠤᠶᠠᠳᠤᠭᠠᠷ᠂ ᠭᠤᠷᠪᠠᠳᠤᠭᠠᠷ ᠣᠳᠠᠭ᠎ᠠ ᠵᠦᠪᠯᠠᠯᠳᠤ ᠬᠤᠯᠪᠣᠭᠠᠳᠤ ᠣᠯᠤᠰ ᠲᠤ ᠰᠤᠩᠭ᠋ᠤᠨ ᠶᠠᠪᠣᠭᠤᠯᠵᠤ ᠰᠤᠷᠤᠯᠴᠠᠭᠤᠯᠵᠠᠢ᠃

     《1934 ᠣᠨ ᠡᠴᠡ 1936 ᠣᠨ ᠭᠦᠷᠳᠡᠯ᠎ᠡ ᠰᠢᠠᠵᠢᠶᠠᠩ ᠡᠴᠡ ᠬᠤᠶᠠᠷ᠂ ᠭᠤᠷᠪᠠᠨ ᠵᠠᠭᠤᠨ ᠣᠷᠴᠢᠮ ᠰᠤᠷᠤᠭᠴᠢ ᠶᠢ ᠵᠦᠪᠯᠠᠯᠳᠤ ᠬᠤᠯᠪᠣᠭᠠᠳᠤ ᠣᠯᠤᠰ ᠲᠤ ᠳᠤᠮᠢᠯᠠᠵᠤ ᠰᠤᠷᠤᠯᠴᠠᠭᠤᠯᠵᠠᠢ᠃ ᠡᠳᠡᠨ ᠤ ᠳᠤᠳᠤᠷ᠎ᠠ 23 ᠮᠤᠩᠭ᠋ᠤᠯ ᠰᠤᠷᠤᠭᠴᠢ ᠪᠠᠢ᠌ᠪᠠ》 [57] ᠭᠡᠵᠤ ᠳᠡᠮᠳᠡᠭᠯᠡᠵᠤ ᠪᠠᠢ᠌ᠨ᠎ᠠ᠃

    ᠡᠮᠦᠨ᠎ᠡ ᠳᠤᠷᠭᠤᠳ ᠠᠢ᠌ᠮᠠᠭ ᠢ ᠳᠦᠢᠪᠠᠭᠡᠵᠤ ᠪᠠᠢ᠌ᠭᠰᠠᠨ ᠰᠢᠠᠴᠢᠨ ᠭᠡᠭᠡᠨ ᠢ 1932 ᠣᠨ ᠤ 5 ᠰᠠᠷ᠎ᠠ ᠳᠤ ᠮᠤᠵᠢ ᠶᠢᠨ ᠵᠠᠰᠠᠭ ᠤᠨ ᠭᠠᠵᠠᠷ ᠡᠴᠡ ᠫᠣᠤᠳᠠᠨ ᠠᠯᠠᠵᠤ ᠰᠠᠮᠠᠭᠤᠷᠠᠯ ᠢ ᠨᠢᠭᠡ ᠦᠶ᠎ᠡ ᠨᠠᠮᠵᠢᠭᠤᠯᠤᠭᠰᠠᠨ ᠪᠣᠯᠪᠠᠴᠤ᠂ ᠮᠦᠯᠵᠢᠯᠳᠤ ᠪᠠᠢ᠌ᠭᠤᠯᠤᠯ ᠢ ᠥᠭᠦᠨ ᠪᠠᠷᠢᠮᠳᠠᠯᠠᠭᠴᠢ ᠳᠡᠭᠦᠨ ᠤ ᠰᠥᠯᠪᠠᠭᠡᠳᠡᠨ ᠡᠳᠡᠭᠡᠳ ᠵᠦᠪᠯᠠᠯᠳᠤ ᠬᠤᠯᠪᠣᠭᠠᠳᠤ ᠣᠯᠤᠰ ᠲᠤ ᠦᠷᠭᠦᠯᠵᠢᠯᠡᠨ ᠰᠤᠷᠤᠭᠴᠢ ᠳᠤᠮᠢᠯᠠᠨ ᠰᠤᠷᠤᠯᠴᠠᠭᠤᠯᠬᠤ ᠶᠠᠪᠣᠳᠠᠯ ᠢ ᠡᠰᠡᠷᠭᠦᠴᠡᠵᠤ᠂ ᠶᠠᠩᠵᠤ ᠪᠦᠷᠢ ᠶᠢᠨ ᠴᠤᠤᠷᠬᠠᠯ ᠳᠠᠷᠬᠠᠭᠠᠨ ᠪᠣᠷᠤᠭᠤ ᠣᠬᠠᠭᠤᠯᠭ᠎ᠠ ᠭᠢᠵᠤ ᠠᠷᠠᠤᠨ ᠣᠯᠠᠨ ᠤ ᠪᠣᠳᠤᠯ ᠰᠠᠨᠠᠭ᠎ᠠ ᠶᠢ ᠰᠠᠮᠠᠭᠤᠷᠠᠭᠤᠯᠤᠭᠰᠠᠨ ᠳᠤ᠂ ᠬᠠᠷᠠᠱᠠᠷ᠎ᠠ ᠶᠢᠨ ᠬᠤᠳᠤᠭᠤᠷ ᠲᠤ ᠨᠤᠳᠤᠭᠯᠠᠵᠤ ᠪᠠᠢ᠌ᠭᠰᠠᠨ ᠮᠤᠩᠭ᠋ᠤᠯᠴᠤᠳ ᠦᠷ᠎ᠡ ᠬᠡᠦᠬᠡᠳ ᠶᠢᠡᠨ ᠵᠦᠪᠯᠠᠯᠳᠤ ᠳᠤ ᠤᠴᠢᠭᠤᠯᠬᠤ ᠡᠴᠡ ᠠᠶᠤᠨ ᠭᠢᠴᠢᠶᠡᠭᠰᠡᠨ ᠡᠴᠡ ᠪᠣᠯᠵᠤ᠂ 1935 ᠣᠨ ᠡᠴᠡ ᠡᠭᠢᠯᠡᠨ ᠡᠮᠦᠨ᠎ᠡ ᠳᠤᠷᠭᠤᠳ ᠬᠤᠱᠤᠳᠴᠤᠳ ᠡᠴᠡ ᠴᠥᠭᠡᠨ ᠵᠠᠯᠠᠭᠤᠴᠤᠳ ᠵᠦᠪᠯᠠᠯᠳᠤ ᠳᠤ ᠶᠠᠪᠣᠭᠰᠠᠨ ᠶᠤᠮ᠃

     《1936 ᠣᠨ ᠤ 7 ᠰᠠᠷ᠎ᠠ ᠶᠢᠨ 11 ᠊ᠤ ᠡᠳᠦᠷ᠂ ᠳ᠋ᠢᠬᠤᠧᠨ ᠶᠢᠨ ᠴᠡᠴᠡᠷᠯᠢᠭ᠌ ᠲᠤ ᠵᠦᠪᠯᠠᠯᠳᠤ ᠳᠤ ᠰᠤᠷᠤᠯᠴᠠᠵᠤ ᠣᠯᠤᠰ ᠲᠠᠭᠠᠨ ᠪᠣᠴᠠᠭᠰᠠᠨ ᠠᠩᠬᠠᠳᠠᠭᠴᠢ ᠰᠤᠷᠤᠭᠴᠢᠳ ᠢ ᠣᠭᠳᠤᠬᠤ ᠶᠡᠭᠡ ᠬᠤᠷᠠᠯ ᠭᠢᠪᠠ》 [58]᠃ ᠠᠩᠬᠠᠳᠤᠭᠠᠷ ᠣᠳᠠᠭ᠎ᠠ ᠵᠦᠪᠯᠠᠯᠳᠤ ᠳᠤ ᠣᠴᠢᠭᠰᠠᠨ ᠳᠠᠪᠤᠨ ᠮᠤᠩᠭ᠋ᠤᠯ ᠰᠤᠷᠤᠭᠴᠢᠨ ᠡᠴᠡ ᠼᠸᠷᠢᠩ ᠡᠪᠡᠳᠴᠢᠨ ᠶᠢᠡᠷ ᠵᠦᠪᠯᠠᠯᠳᠤ ᠳᠤ ᠨᠠᠰᠤ ᠪᠠᠷᠠᠵᠤ᠂ ᠪᠣᠰᠤᠳ ᠳᠦᠷᠪᠠᠨ ᠰᠤᠷᠤᠭᠴᠢᠨ ᠪᠣᠴᠠᠵᠤ ᠢᠷᠠᠵᠠᠢ᠃ ᠡᠨᠡ ᠳᠦᠷᠪᠠᠨ ᠵᠠᠯᠠᠭᠤ ᠪᠣᠴᠠᠵᠤ ᠢᠷᠡᠮᠡᠭ᠍ᠴᠡ ᠪᠠᠨ ᠰᠢᠯᠢᠭ᠌ ᠤᠨ ᠭᠡᠷ ᠲᠤ ᠪᠠᠢ᠌ᠷᠢᠯᠠᠵᠠᠢ᠃ ᠡᠳᠡᠨ ᠳᠡᠯᠡᠭᠡᠢ ᠶᠢᠨ ᠠᠩᠬᠠᠳᠠᠭᠴᠢ ᠨᠡᠢ᠌ᠭᠡᠮ ᠵᠢᠷᠤᠮᠳᠤ ᠣᠯᠤᠰ ᠲᠤ ᠣᠴᠢᠬᠤ ᠳᠤ ᠠᠷᠠᠤᠨ ᠲᠦᠮᠡᠨ ᠥᠯᠦᠰᠭᠦᠯᠡᠩ ᠤᠨ ᠵᠤᠪᠠᠯᠠᠩ ᠦᠭᠡᠶ᠂ ᠶᠠᠳᠠᠭᠤ ᠪᠠᠶᠠᠨ ᠤ ᠢᠯᠭᠠᠭ᠎ᠠ ᠦᠭᠡᠶ᠂ ᠭᠦᠮᠦᠰ ᠡᠷᠭᠡ ᠳᠡᠭ᠍ᠰᠢ ᠵᠤᠯ ᠵᠢᠷᠭᠠᠯᠳᠠᠢ ᠠᠮᠢᠳᠤᠷᠠᠵᠤ ᠪᠠᠢ᠌ᠬᠤ ᠪᠠᠢ᠌ᠳᠠᠯ ᠢ ᠳᠤᠭᠠᠴᠢᠨ ᠶᠠᠷᠢᠭᠰᠠᠨ ᠳᠤ ᠵᠦᠪᠯᠠᠯᠳᠤ ᠶᠢᠨ ᠨᠡᠢ᠌ᠭᠡᠮ ᠤᠨ ᠪᠠᠢ᠌ᠭᠤᠯᠤᠯ᠂ ᠰᠠᠢ᠌ᠨ ᠰᠠᠢ᠌ᠬᠠᠨ ᠠᠮᠢᠳᠤᠷᠠᠯ ᠭᠦᠮᠦᠰ ᠲᠤ ᠭᠦᠨ ᠭᠦᠡᠵᠡᠭᠡᠢ ᠨᠥᠯᠦᠭᠡ ᠥᠯᠡᠳᠡᠭᠡᠭ᠍ᠰᠡᠨ ᠶᠢᠡᠷ ᠪᠠᠷᠠᠬᠤ ᠦᠭᠡᠶ᠂ ᠡᠳᠡᠨᠦᠰ ᠤᠨ  ᠰᠠᠢ᠌ᠨ ᠰᠠᠢ᠌ᠬᠠᠨ ᠭᠦᠰᠡᠯᠡᠩ ᠨᠢ ᠪᠣᠯᠵᠤ ᠰᠡᠳᠭᠢᠯ ᠵᠢᠷᠦᠭᠡᠨ ᠳᠤ ᠨᠢ  ᠬᠤᠨᠤᠭᠰᠢᠭᠰᠠᠨ ᠶᠤᠮ᠃

     ᠵᠦᠪᠯᠠᠯᠳᠤ ᠳᠤ ᠣᠴᠢᠭᠠᠤᠨ ᠰᠤᠷᠤᠯᠴᠠᠭᠰᠠᠨ ᠮᠤᠩᠭ᠋ᠤᠯ ᠰᠤᠷᠤᠭᠴᠢᠳ᠂ ᠮᠠᠷᠺᠰ ᠯᠸᠨᠢᠨ ᠤ ᠦᠵᠡᠯ ᠤᠨ ᠭᠦᠮᠦᠵᠢᠯ ᠭᠦᠷᠳᠡᠵᠤ᠂ ᠳᠡᠷᠢᠭᠦᠨ ᠤ ᠰᠢᠡᠵᠢᠯᠡᠭᠦ ᠣᠬᠠᠭᠠᠨ ᠰᠤᠶᠤᠯ ᠮᠡᠳᠡᠯᠭᠡ ᠶᠢ ᠰᠤᠷᠤᠯᠴᠠᠭᠠᠤᠨ ᠢᠷᠡᠭ᠍ᠰᠡᠨ ᠡᠴᠡ ᠬᠣᠢ᠌ᠰᠢ ᠳᠠᠪᠰᠢᠩᠭ᠋ᠤᠢ ᠣᠢ᠌ᠯᠠᠰ᠂ ᠬᠤᠪᠢᠰᠬᠠᠯᠳᠤ ᠭᠦᠳᠡᠯᠭᠡᠭᠡᠨ ᠳᠤ ᠢᠳᠠᠪᠭᠢᠳᠠᠢ ᠣᠷᠤᠯᠴᠠᠵᠤ᠂ ᠵᠠᠷᠢᠮ ᠨᠢ ᠭᠤᠷᠪᠠᠨ ᠠᠢ᠌ᠮᠠᠭ ᠤᠨ ᠬᠤᠪᠢᠰᠬᠠᠯ ᠤᠨ ᠵᠤᠬᠢᠶᠠᠨ ᠪᠠᠢ᠌ᠭᠤᠯᠤᠭᠴᠢ᠂ ᠣᠳᠤᠷᠢᠳᠤᠭᠴᠢ ᠪᠣᠯᠵᠤ᠂ ᠵᠠᠷᠢᠮ ᠨᠢ ᠨᠠᠢ᠌ᠷᠠᠮᠳᠠᠯ ᠶᠢᠡᠷ ᠰᠢᠠᠵᠢᠶᠠᠩ ᠢ ᠴᠢᠯᠦᠭᠡᠯᠡᠭᠦ ᠪᠣᠶᠤ ᠴᠢᠯᠦᠭᠡᠯᠡᠭ᠍ᠳᠡᠭ᠍ᠰᠡᠨ ᠤ ᠳᠠᠷᠠᠭ᠎ᠠ ᠡᠯ᠎ᠡ ᠠᠵᠢᠯ ᠣᠢ᠌ᠯᠠᠰ ᠲᠤ ᠴᠢᠷᠮᠠᠢ᠌ᠨ ᠣᠷᠤᠯᠴᠠᠵᠤ ᠮᠠᠩᠯᠠᠢ᠌ᠯᠠᠬᠤ ᠣᠢ᠌ᠯᠠᠳᠤᠯ ᠥᠵᠡᠭᠦᠯᠵᠤ ᠶᠠᠪᠣᠭᠰᠠᠨ ᠶᠤᠮ᠃

      ᠵᠢᠷᠭᠤᠭ᠎ᠠ᠂ ᠠᠵᠤ ᠠᠬᠤᠢ᠂ ᠣᠢ᠌ᠯᠠᠳᠪᠣᠷᠢᠯᠠᠯ ᠢ ᠰᠡᠷᠭᠦᠭᠡᠨ ᠭᠦᠭ᠍ᠵᠢᠭᠦᠯᠦᠭᠰᠡᠨ ᠳᠤᠬᠠᠢ

      ᠣᠯᠠᠨ ᠵᠢᠯ ᠤᠨ ᠳᠠᠢ᠌ᠨ ᠳᠠᠵᠢᠨ ᠡᠴᠡ ᠪᠣᠯᠵᠤ ᠰᠢᠠᠵᠢᠶᠠᠩ ᠤᠨ ᠠᠷᠠᠤᠨ ᠤᠨ ᠠᠮᠢᠳᠤᠷᠠᠯ ᠲᠤᠩ ᠶᠠᠳᠠᠭᠤᠷᠠᠵᠤ᠂ ᠡᠷᠭᠢᠯᠡᠨ ᠭᠢᠭᠦ ᠠᠵᠢᠯ ᠦᠯᠡᠮᠵᠢ ᠣᠯᠠᠨ ᠪᠠᠢ᠌ᠪᠠ᠃ ᠱᠸᠩ ᠱᠢ ᠼᠠᠢ ᠨᠤᠶᠠᠷᠬᠠᠯ ᠶᠢᠡᠨ ᠪᠠᠭᠡᠵᠢᠭᠦᠯᠭᠦ ᠶᠢᠨ ᠲᠦᠯᠦᠭᠡ᠂ ᠠᠵᠤ ᠠᠬᠤᠢ ᠶᠢ ᠰᠡᠷᠭᠦᠭᠡᠭᠦ ᠪᠠ ᠪᠦᠳᠦᠭᠡᠨ ᠪᠠᠢ᠌ᠭᠤᠯᠬᠤ ᠶᠠᠪᠣᠳᠠᠯ ᠢ ᠪᠣᠳᠤᠯᠭᠢᠯᠠᠬᠤ ᠦᠭᠡᠶ ᠪᠠᠢ᠌ᠬᠤ ᠶᠢᠨ ᠠᠷᠭ᠎ᠠ ᠦᠭᠡᠶ ᠪᠣᠯᠬᠤᠷ ᠵᠦᠪᠯᠠᠯᠳᠤ ᠬᠤᠯᠪᠣᠭᠠᠳᠤ ᠣᠯᠤᠰ ᠤᠨ ᠵᠠᠰᠠᠭ ᠤᠨ ᠭᠠᠵᠠᠷ ᠡᠴᠡ ᠰᠢᠠᠵᠢᠶᠠᠩ ᠤᠨ ᠪᠦᠳᠦᠭᠡᠨ ᠪᠠᠢ᠌ᠭᠤᠯᠤᠯᠳᠠ ᠳᠤ ᠥᠯᠡᠮᠵᠢᠭᠡᠨ ᠳᠤᠰᠠᠯᠠᠮᠵᠢ ᠦᠭ‍ᠭᠦᠭ᠍ᠰᠡᠨ ᠪᠢᠯᠠ᠃ 《ᠠᠵᠤ ᠠᠬᠤᠢ ᠶᠢᠨ ᠳᠠᠯ᠎ᠠ ᠪᠠᠷ ᠵᠦᠪᠯᠠᠯᠳᠤ ᠶᠢ ᠳᠤᠳᠤᠨᠤᠴᠢᠯᠠᠬᠤ ᠳᠦᠷᠤ ᠶᠢᠨ ᠪᠣᠳᠤᠯᠭ᠎ᠠ ᠭᠡᠷᠡᠭ᠍ᠵᠢᠭᠦᠯᠦᠭ᠍ᠰᠡᠨ ᠡᠴᠡ ᠰᠢᠠᠵᠢᠶᠠᠩ ᠪᠣᠯᠤᠨ ᠵᠦᠪᠯᠠᠯᠳᠤ ᠶᠢᠨ ᠠᠵᠤ ᠠᠬᠤᠢ ᠶᠢᠨ ᠳᠠᠯ᠎ᠠ ᠪᠠᠷ ᠭᠢ ᠬᠠᠷᠢᠯᠴᠠᠭᠠᠨ ᠣᠷᠢᠳᠠᠭᠢ ᠡᠴᠡ ᠣᠯᠠᠮ ᠨᠢᠭᠳᠠᠷᠠᠵᠤ᠂ ᠳᠠᠢ᠌ᠨ ᠤ ᠳᠠᠷᠠᠭᠠᠭᠢ ᠰᠢᠠᠵᠢᠶᠠᠩ ᠳᠤ ᠣᠢ᠌ᠯᠠᠳᠪᠣᠷᠢᠯᠠᠯ ᠢ ᠰᠡᠷᠭᠦᠭᠡᠵᠤ᠂ ᠠᠵᠤ ᠠᠬᠤᠢ ᠶᠢ ᠭᠦᠭ᠍ᠵᠢᠭᠦᠯᠵᠤ᠂ ᠠᠷᠠᠤᠨ ᠤᠨ ᠠᠮᠢᠳᠤᠷᠠᠯ ᠤᠨ ᠳᠦᠪᠭᠢᠨᠡᠭᠦᠯᠭᠦ ᠵᠡᠷᠭᠡ ᠣᠯᠠᠨ ᠵᠣᠢ᠌ᠯ ᠤᠨ ᠡᠭᠦᠷᠭᠡ ᠲᠤᠬᠢᠶᠠᠯᠳᠤᠵᠤ ᠪᠠᠢ᠌ᠯ᠎ᠠ᠃ ᠭᠤᠮᠢᠠᠳᠠᠩ ᠤᠨ ᠵᠠᠰᠠᠭ ᠤᠨ ᠭᠠᠵᠠᠷ ᠰᠢᠠᠵᠢᠶᠠᠩ ᠢ ᠡᠷᠭᠡᠰᠢᠶᠡᠯ ᠳᠡᠭᠡᠨ ᠣᠷᠤᠭᠤᠯᠬᠤ ᠪᠠᠷ ᠣᠷᠤᠯᠳᠤᠭᠰᠠᠨ ᠵᠤᠷᠢᠯᠭ᠎ᠠ ᠨᠢ ᠪᠠᠶᠡᠯᠡᠭ᠍ᠳᠡᠭ᠍ᠰᠡᠨ ᠦᠭᠡᠶ ᠡᠴᠡ ᠪᠣᠯᠵᠤ᠂ ᠠᠵᠤ ᠠᠬᠤᠢ ᠶᠢᠨ ᠳᠠᠯ᠎ᠠ ᠪᠠᠷ ᠰᠢᠠᠵᠢᠶᠠᠩ ᠢ ᠳᠡᠮᠵᠢᠭᠦ ᠪᠣᠯᠤᠮᠵᠢ ᠦᠭᠡᠶ ᠪᠣᠯᠤᠭᠰᠠᠨ ᠶᠤᠮ᠃ ᠳᠠᠢ᠌ᠮᠤ ᠡᠴᠡ ᠱᠸᠩ ᠱᠢ ᠼᠠᠢ ᠰᠢᠠᠵᠢᠶᠠᠩ ᠤᠨ ᠠᠵᠤ ᠠᠬᠤᠢ ᠶᠢ ᠰᠡᠷᠭᠦᠭᠡᠨ ᠭᠦᠭ᠍ᠵᠢᠭᠦᠯᠭᠦ ᠭᠤᠤᠯᠳᠠᠯᠭ᠎ᠠ ᠪᠠᠨ ᠵᠦᠪᠯᠠᠯᠳᠤ ᠬᠤᠯᠪᠣᠭᠠᠳᠤ ᠣᠯᠤᠰ ᠤᠨ ᠳᠤᠰᠠᠯᠠᠮᠵᠢ ᠳᠤ ᠳᠦᠰᠢᠭᠯᠡᠭᠦ ᠳᠤ ᠳᠠᠯᠪᠢᠭᠰᠠᠨ ᠶᠤᠮ》 [59]᠃ 《1935 ᠣᠨ ᠳᠤ ᠵᠦᠪᠯᠠᠯᠳᠤ ᠶᠢᠨ ᠵᠥᠪᠯᠡᠭ᠍ᠴᠢ ᠪᠣᠯᠤᠨ ᠳᠤᠰᠬᠠᠢ ᠮᠡᠷᠭᠡᠵᠢᠯᠳᠡᠨ ᠤ ᠣᠷᠤᠯᠴᠠᠯᠭ᠎ᠠ ᠪᠠᠷ ᠰᠢᠠᠵᠢᠶᠠᠩ ᠤᠨ ᠠᠩᠬᠠᠳᠠᠭᠴᠢ ᠬᠤᠭᠤᠴᠠᠭᠠᠨ ᠤ ᠭᠤᠷᠪᠠᠨ ᠵᠢᠯ ᠤᠨ ᠲᠦᠯᠦᠪᠯᠡᠯᠭᠡ ᠶᠢ ᠳᠤᠭᠳᠠᠭᠠᠵᠤ᠂ 1936 ᠣᠨ ᠤ 7 ᠰᠠᠷ᠎ᠠ ᠡᠴᠡ ᠡᠭᠢᠯᠡᠨ ᠭᠡᠷᠡᠭ᠍ᠵᠢᠭᠦᠯᠦᠭᠰᠡᠨ ᠶᠤᠮ》 [60]᠃ 《ᠵᠦᠪᠯᠠᠯᠳᠤ ᠶᠢᠨ ᠳᠤᠰᠠᠯᠠᠮᠵᠢ ᠪᠠᠷ ᠰᠢᠠᠵᠢᠶᠠᠩ ᠳᠤ ᠳᠠᠷᠢᠶᠠᠯᠠᠩ ᠤᠨ ᠮᠠᠰᠢᠨ ᠶᠢᠡᠷ ᠭᠠᠵᠠᠷ ᠬᠠᠭᠠᠯᠪᠣᠷᠢᠯᠠᠬᠤ ᠳᠠᠷᠢᠶᠠᠯᠠᠩ ᠤᠨ ᠳᠠᠯᠠᠪᠠᠢ ᠪᠣᠯᠤᠨ ᠳᠠᠷᠢᠶᠠᠯᠠᠩ ᠤᠨ ᠳᠤᠷᠰᠢᠯᠳᠠ ᠶᠢᠨ ᠳᠠᠯᠠᠪᠠᠢ᠂ ᠭᠦᠪᠦᠩ ᠤᠨ ᠳᠤᠷᠰᠢᠯᠳᠠ ᠶᠢᠨ ᠳᠠᠯᠠᠪᠠᠢ᠂ ᠳᠠᠷᠢᠶᠠᠯᠠᠩ ᠤᠨ ᠰᠤᠳᠤᠯᠬᠤ ᠦᠷᠳᠡᠭᠡᠨ᠂ ᠴᠠᠭ ᠠᠭᠤᠷ ᠤᠨ ᠦᠷᠳᠡᠭᠡᠨ᠂ ᠢᠯᠠᠮ᠎ᠠ ᠶᠢᠨ ᠵᠤᠯᠵᠠᠭ᠎ᠠ ᠮᠤᠳᠤᠨ ᠤ ᠭᠦᠷᠢᠶᠡᠯᠡᠩ᠂ ᠭᠦᠷᠢ (ᠳᠤᠷᠭᠠᠨ ᠤ ᠭᠦᠷᠢ) ᠳᠡᠵᠢᠭᠡᠭᠦ ᠥᠯᠢᠭᠡᠷ ᠵᠢᠱᠢᠶ᠎ᠠ ᠦᠷᠦᠭᠡ ᠵᠡᠷᠭᠡ ᠪᠣᠢ ᠪᠣᠯᠵᠤ᠂ ᠰᠢᠡᠵᠢᠯᠡᠭᠦ ᠣᠬᠠᠭᠠᠨ ᠤ ᠠᠷᠭ᠎ᠠ ᠪᠠᠷ ᠳᠠᠷᠢᠮᠠᠯ ᠤᠨ ᠦᠷ᠎ᠡ ᠶᠢ ᠰᠢ᠌ᠳᠪᠦᠷᠢᠯᠡᠭᠦ ᠪᠣᠶᠤ ᠳᠠᠷᠢᠶᠠᠨ ᠤ ᠵᠣᠢ᠌ᠯ᠂ ᠭᠦᠪᠦᠩ ᠤᠨ ᠰᠤᠷᠲ᠋ ᠶᠢ ᠰᠠᠢ᠌ᠵᠢᠷᠠᠭᠤᠯᠵᠤ ᠡᠭᠢᠯᠡᠭ᠍ᠰᠡᠨ ᠶᠤᠮ᠃》 [61] 《ᠮᠠᠯ ᠠᠵᠤ ᠠᠬᠤᠢ ᠶᠢᠨ ᠳᠠᠯ᠎ᠠ ᠪᠠᠷ ᠭᠤᠷᠪᠠᠨ ᠵᠢᠯ ᠤᠨ ᠳᠠᠢ᠌ᠨ ᠳᠠᠵᠢᠨ ᠡᠴᠡ ᠪᠣᠯᠵᠤ ᠭᠤᠷᠪᠠᠨ ᠵᠠᠭᠤᠨ ᠲᠦᠮᠡᠨ ᠣᠷᠴᠢᠮ ᠮᠠᠯ ᠥᠭᠦᠵᠤ᠂ ᠪᠦᠭᠦ ᠮᠤᠵᠢ ᠳᠤ ᠭᠤᠷᠪᠠᠨ ᠵᠠᠭᠤᠨ ᠲᠦᠮᠡᠨ ᠭᠦᠷᠭᠦ ᠦᠭᠡᠶ ᠮᠠᠯ ᠦᠯᠠᠳᠠᠵᠠᠢ᠃ ᠵᠦᠪᠯᠠᠯᠳᠤ ᠬᠤᠯᠪᠣᠭᠠᠳᠤ ᠣᠯᠤᠰ ᠤᠨ ᠵᠠᠰᠠᠭ ᠤᠨ ᠭᠠᠵᠠᠷ ᠤᠨ ᠬᠠᠪᠰᠤᠷᠠᠯᠭ᠎ᠠ ᠪᠠᠷ ᠮᠤᠵᠢ ᠶᠢᠨ ᠵᠠᠰᠠᠭ ᠤᠨ ᠭᠠᠵᠠᠷ ᠡᠴᠡ ᠮᠠᠯ ᠤᠨ ᠡᠭᠦᠯᠳᠡᠷ ᠰᠠᠢ᠌ᠵᠢᠷᠠᠭᠤᠯᠬᠤ᠂ ᠰᠢᠡᠵᠢᠯᠡᠭᠦ ᠣᠬᠠᠭᠠᠠᠴᠢ ᠪᠠᠷ ᠮᠠᠯ ᠠᠷᠠᠴᠢᠯᠠᠨ ᠳᠡᠵᠢᠭᠡᠵᠤ ᠦᠷᠡᠵᠢᠭᠦᠯᠭᠦ᠂ ᠮᠠᠯ ᠤᠨ ᠡᠪᠡᠳᠴᠢᠨ ᠭᠡᠮ ᠢ ᠰᠡᠷᠭᠡᠢ᠌ᠯᠡᠨ ᠵᠠᠰᠠᠬᠤ ᠵᠡᠷᠭᠡ ᠠᠵᠢᠯ ᠢ ᠭᠢᠭ᠍ᠰᠡᠨ ᠶᠤᠮ᠃ 〈ᠮᠠᠯ ᠤᠨ ᠡᠭᠦᠯᠳᠡᠷ ᠰᠠᠢ᠌ᠵᠢᠷᠠᠭᠤᠯᠬᠤ〉 ᠣᠷᠢᠶᠠᠯᠭ᠎ᠠ ᠪᠠᠷ ᠰᠢᠯᠢᠳᠡᠭ᠌ ᠡᠭᠦᠯᠳᠡᠷ ᠤᠨ ᠮᠠᠯ ᠢ ᠣᠷᠤᠭᠤᠯᠵᠤ ᠢᠷᠡᠭᠡᠳ ᠭᠠᠷ ᠭᠡᠭᠡᠯᠳᠦᠭᠦᠯᠭᠡ ᠶᠢᠨ ᠠᠷᠭ᠎ᠠ ᠶᠢ ᠳᠤᠷᠰᠢᠨ ᠭᠡᠷᠡᠭᠯᠡᠭᠦ ᠪᠣᠶᠤ ᠠᠭᠠᠵᠢᠮ ᠵᠢᠡᠷ  ᠳᠦᠭᠡᠮᠡᠯᠵᠢᠭᠦᠯᠦᠭ᠍ᠰᠡᠨ ᠶᠤᠮ ᠁ ᠮᠠᠯ ᠠᠵᠤ ᠠᠬᠤᠢ ᠶᠢ ᠭᠦᠭ᠍ᠵᠢᠭᠦᠯᠭᠦ ᠶᠢ ᠴᠢᠬᠤᠯᠠᠴᠢᠯᠠᠭᠰᠠᠨ ᠡᠴᠡ ᠰᠢᠠᠵᠢᠶᠠᠩ ᠤᠨ ᠠᠷᠠᠰᠤ ᠨᠤᠤᠰᠤ ᠶᠢᠨ ᠭᠠᠷᠤᠯᠳᠠ ᠪᠣᠯᠤᠨ ᠮᠠᠯ ᠤᠨ ᠳᠤᠭ᠎ᠠ ᠶᠡᠭᠡᠪᠠᠷ ᠨᠡᠮᠡᠭ᠍ᠳᠡᠵᠤ᠂ 1936 ᠣᠨ ᠳᠤ ᠮᠠᠯ ᠠᠵᠤ ᠠᠬᠤᠢ ᠶᠢᠨ ᠣᠢ᠌ᠯᠠᠰ ᠪᠠᠷᠤᠭ ᠳᠠᠢ᠌ᠨ ᠤ ᠣᠷᠢᠳᠠᠭᠢ ᠭᠡᠮᠵᠢᠶᠡᠨ ᠳᠤ ᠭᠦᠷᠴᠤ ᠰᠡᠷᠭᠦᠭ᠍ᠰᠡᠨ ᠶᠤᠮ》 [62]᠃ 《ᠠᠵᠤ ᠠᠬᠤᠢ ᠭᠦᠭ᠍ᠵᠢᠯᠳᠡ ᠲᠡᠶ ᠪᠣᠯᠭᠠᠬᠤ ᠶᠢᠨ ᠲᠦᠯᠦᠭᠡ᠂ ᠵᠦᠪᠯᠠᠯᠳᠤ ᠬᠤᠯᠪᠣᠭᠠᠳᠤ ᠣᠯᠤᠰ ᠯᠤᠭ᠎ᠠ ᠶᠡᠭᠡ ᠪᠠᠷ ᠠᠷᠠᠯᠵᠢᠶ᠎ᠠ ᠮᠠᠢ᠌ᠮᠠᠢ ᠭᠢᠭᠦ ᠪᠣᠯᠵᠤ᠂ ᠵᠠᠰᠠᠭ ᠤᠨ ᠭᠠᠵᠠᠷ ᠡᠴᠡ ᠰᠢᠠᠵᠢᠶᠠᠩ ᠪᠣᠯᠤᠨ ᠵᠦᠪᠯᠠᠯᠳᠤ ᠬᠤᠯᠪᠣᠭᠠᠳᠤ ᠣᠯᠤᠰ ᠤᠨ ᠠᠷᠠᠯᠵᠢᠶ᠎ᠠ ᠮᠠᠢ᠌ᠮᠠᠢ ᠶᠢᠨ ᠺᠤᠮᠫᠠᠨᠢ ᠪᠠ ᠨᠤᠳᠤᠭ ᠤᠨ ᠭᠠᠷᠤᠯᠳᠠ ᠶᠢᠨ ᠺᠤᠮᠫᠠᠨᠢ ᠪᠠᠢ᠌ᠭᠤᠯᠵᠤ᠂ ᠳᠤᠰᠬᠠᠢ᠌ᠯᠠᠨ ᠵᠦᠪᠯᠠᠯᠳᠤ ᠬᠤᠯᠪᠣᠭᠠᠳᠤ ᠣᠯᠤᠰ ᠯᠤᠭ᠎ᠠ ᠶᠢᠨ ᠠᠷᠠᠯᠵᠢᠶ᠎ᠠ ᠮᠠᠢ᠌ᠮᠠᠢ ᠶᠢᠨ ᠭᠡᠷᠡᠭ᠌ ᠢ ᠬᠠᠮᠢᠶᠠᠷᠠᠭᠤᠯᠵᠠᠢ᠃ ᠢᠩᠭᠢᠭ᠍ᠰᠡᠨ ᠶᠢᠡᠷ ᠰᠢᠠᠵᠢᠶᠠᠩ ᠤᠨ ᠡᠯ᠎ᠡ ᠦᠨᠳᠦᠰᠦᠳᠠᠨ ᠤ ᠠᠷᠠᠤᠨ ᠲᠦᠮᠡᠨ ᠳᠠᠷᠢᠶᠠᠯᠠᠩ᠂ ᠮᠠᠯ ᠠᠵᠤ ᠠᠬᠤᠢ ᠶᠢᠨ ᠥᠢᠯᠡᠳᠭᠦᠨ ᠶᠢᠡᠨ ᠪᠣᠷᠤᠯᠠᠭᠤᠯᠬᠤ ᠵᠠᠬ᠎ᠠ ᠳᠡᠯᠭᠡᠭᠦᠷ ᠲᠡᠶ ᠪᠣᠯᠵᠤ᠂ ᠠᠮᠢᠳᠤᠷᠠᠯ ᠤᠨ ᠭᠡᠷᠡᠭ᠍ᠰᠡᠯ ᠪᠣᠯᠬᠤ ᠪᠦᠰ᠂ ᠰᠢᠭᠢᠷ᠂ ᠴᠠᠢ ᠪᠠ ᠪᠣᠰᠤᠳ ᠮᠠᠲ᠋ᠸᠷᠢᠶᠠᠯ ᠢ ᠬᠠᠩᠭ᠋ᠠᠬᠤ ᠰᠤᠷᠪᠣᠯᠵᠢ ᠲᠡᠶ ᠪᠣᠯᠤᠭᠰᠠᠨ ᠶᠠᠪᠣᠳᠠᠯ ᠨᠢ ᠠᠷᠠᠤᠨ ᠤᠨ ᠠᠮᠢᠳᠤᠷᠠᠯ ᠳᠤ ᠲᠤᠩ ᠠᠰᠢᠭ ᠲᠡᠶ ᠪᠣᠯᠤᠭᠰᠠᠨ ᠶᠤᠮ》 [63]᠃

     《1931 ᠊᠊᠊᠊᠊᠊᠊᠊᠊᠊᠊᠊᠊᠊᠊᠊᠊᠊᠊᠊᠊᠊᠊᠊᠊᠊᠊᠊᠊᠊ 1933 ᠣᠨ ᠳᠤ ᠮᠠ ᠵᠦᠩ ᠶ‍ᠢᠩ ᠬᠤᠶᠠᠷ ᠣᠳᠠᠭ᠎ᠠ ᠰᠢᠠᠵᠢᠶᠠᠩ ᠳᠤ ᠣᠷᠤᠵᠤ᠂ ᠪᠦᠭᠦ ᠰᠢᠠᠵᠢᠶᠠᠩ ᠤᠨ ᠡᠯ᠎ᠡ ᠦᠨᠳᠦᠰᠦᠳᠠᠨ ᠤ ᠠᠷᠠᠤᠨ ᠲᠦᠮᠡᠨ ᠳᠤ ᠭᠢᠵᠠᠭᠠᠷ ᠦᠭᠡᠶ ᠭᠠᠢ ᠭᠠᠮᠰᠢᠭ ᠣᠴᠠᠷᠠᠭᠤᠯᠤᠭᠰᠠᠨ ᠡᠴᠡ ᠪᠣᠯᠵᠤ᠂ ᠨᠡᠭᠦᠳᠡᠯᠯᠡᠨ ᠮᠠᠯᠯᠠᠬᠤ ᠠᠵᠤ ᠠᠬᠤᠢ ᠪᠠᠷ ᠭᠤᠤᠯ ᠪᠣᠯᠭᠠᠭᠰᠠᠨ ᠤᠢ᠌ᠷᠠᠤᠨ ᠮᠤᠩᠭ᠋ᠤᠯ ᠤᠨ ᠠᠷᠠᠤᠨ ᠲᠦᠮᠡᠨ ᠳᠤ ᠠᠪᠴᠤ ᠭᠡᠯᠡᠪᠠᠯ ᠨᠠᠩ ᠴᠤ ᠭᠡᠴᠡᠭᠦᠤ ᠭᠠᠮᠰᠢᠭ ᠪᠣᠯᠵᠤ᠂ ᠮᠠᠯ ᠠᠳᠤᠭᠤᠰᠤ ᠨᠢ ᠶᠡᠭᠡ ᠭᠡᠮᠵᠢᠶ᠎ᠡ ᠪᠠᠷ ᠥᠭᠦᠭᠦ ᠪᠣᠶᠤ ᠳᠡᠭᠡᠷᠡᠮᠳᠡᠭ᠍ᠳᠡᠵᠤ᠂ ᠨᠡᠢ᠌ᠭᠡᠮ ᠤᠨ ᠣᠢ᠌ᠯᠠᠳᠪᠣᠷᠢᠯᠠᠯ ᠭᠡᠪ ᠶᠢᠡᠷ ᠦᠷᠭᠦᠯᠵᠢᠯᠡᠭᠦ ᠳᠤ ᠪᠠᠷᠭᠡ ᠪᠠᠢ᠌ᠭᠰᠠᠨ ᠶᠤᠮ》 [64]᠃ ᠮᠤᠵᠢ ᠶᠢᠨ ᠵᠠᠰᠠᠭ ᠤᠨ ᠭᠠᠵᠠᠷ ᠤᠨ ᠵᠦᠪᠯᠠᠯᠳᠤ ᠬᠤᠯᠪᠣᠭᠠᠳᠤ ᠣᠯᠤᠰ ᠯᠤᠭ᠎ᠠ ᠪᠣᠯᠤᠭᠰᠠᠨ ᠡᠨᠡᠭᠦ ᠬᠠᠷᠢᠴᠠᠭ᠎ᠠ ᠶᠢ ᠠᠰᠢᠭᠯᠠᠨ ᠰᠢᠠᠵᠢᠶᠠᠩ ᠤᠨ ᠮᠤᠩᠭ᠋ᠤᠯᠴᠤᠳ ᠳᠦᠷᠭᠡᠨ ᠭᠦᠳᠡᠯᠦᠯᠴᠡᠨ ᠵᠦᠪᠯᠠᠯᠳᠤ ᠯᠦᠭᠡ ᠬᠠᠷᠢᠴᠠᠭ᠎ᠠ ᠪᠠᠨ ᠨᠠᠩ ᠴᠢᠩᠭ᠋ᠠᠳᠬᠠᠨ᠂ ᠠᠷᠠᠯᠵᠢᠶ᠎ᠠ ᠮᠠᠢ᠌ᠮᠠᠢ ᠭᠢᠵᠤ᠂ ᠠᠮᠢᠳᠤᠷᠠᠯ ᠶᠢᠡᠨ ᠰᠠᠢ᠌ᠵᠢᠷᠠᠭᠤᠯᠬᠤ ᠪᠣᠶᠤ ᠣᠢ᠌ᠯᠠᠳᠪᠣᠷᠢᠯᠠᠯ ᠶᠢᠡᠨ ᠰᠡᠷᠭᠦᠭᠡᠨ ᠭᠦᠭ᠍ᠵᠢᠭᠦᠯᠭᠦ ᠨᠢ ᠴᠢᠬᠤᠯᠠ ᠲᠡᠶ ᠪᠣᠯᠵᠠᠢ᠃

     ᠳᠤᠬᠠᠢ ᠶᠢᠨ ᠦᠶ᠎ᠡ ᠳᠤ ᠮᠤᠩᠭ᠋ᠤᠯ ᠶᠡᠷᠦᠩᠭᠡᠢ ᠬᠤᠷᠠᠯ ᠡᠴᠡ ᠡᠯ᠎ᠡ ᠭᠠᠵᠠᠷ ᠣᠷᠤᠨ ᠤ ᠬᠤᠪᠢᠶᠠᠷᠢ ᠬᠤᠷᠠᠯ ᠪᠣᠯᠤᠨ ᠡᠯ᠎ᠡ ᠭᠠᠵᠠᠷ ᠣᠷᠤᠨ ᠤ ᠳᠡᠭᠡᠳᠤ ᠳᠠᠪᠬᠤᠷᠭᠠᠨ ᠤ ᠭᠦᠮᠦᠰ ᠢ ᠳᠠᠢ᠌ᠴᠢᠯᠠᠨ᠂ ᠡᠨᠡ ᠭᠦ ᠵᠠᠪᠰᠢᠶᠠᠨ ᠢ ᠠᠰᠢᠭᠯᠠᠵᠤ ᠵᠦᠪᠯᠠᠯᠳᠤ ᠯᠦᠭᠡ ᠠᠷᠠᠯᠵᠢᠶ᠎ᠠ ᠮᠠᠢ᠌ᠮᠠᠢ ᠭᠢᠵᠤ᠂ ᠠᠮᠢᠳᠤᠷᠠᠯ ᠤᠨ ᠭᠡᠷᠡᠭ᠍ᠴᠡᠭᠡᠨ ᠤ ᠵᠣᠢ᠌ᠯ ᠶᠢᠡᠨ ᠬᠤᠳᠠᠯᠳᠤᠨ ᠠᠪᠴᠤ ᠠᠮᠢᠳᠤᠷᠠᠯ ᠶᠢᠡᠨ ᠰᠠᠢ᠌ᠵᠢᠷᠠᠭᠤᠯᠬᠤ ᠭᠡᠷᠡᠭ᠍ᠳᠡᠢ ᠭᠡᠵᠤ ᠣᠷᠢᠶᠠᠳᠤᠭᠰᠠᠨ ᠳᠤ ᠮᠤᠩᠭ᠋ᠤᠯᠴᠤᠳ ᠢᠳᠠᠪᠭᠢᠳᠠᠢ ᠣᠷᠤᠯᠴᠠᠨ ᠨᠠᠯᠢᠶᠠᠤᠨ ᠣᠯᠠᠨ ᠠᠵᠢᠯ ᠣᠢ᠌ᠯᠠᠰ ᠢ ᠪᠦᠳᠦᠭᠡᠭ᠍ᠰᠡᠨ ᠪᠠᠢ᠌ᠵᠠᠢ᠃

     ᠰᠢᠠᠵᠢᠶᠠᠩ ᠤᠨ ᠶᠤ ᠰᠢᠨ ᠨᠤᠳᠤᠭ ᠤᠨ ᠭᠠᠷᠤᠯᠳᠠ ᠶᠢᠨ ᠺᠤᠮᠫᠠᠨᠢ ᠶᠢᠨ ᠶᠡᠷᠦᠩᠭᠡᠢ ᠵᠠᠭᠢᠷᠤᠯ ᠨᠢ ᠪᠣᠷᠠᠬᠠᠨ᠂ ᠳᠠᠳ᠋ ᠵᠠᠭᠢᠷᠤᠯ ᠨᠢ ᠳᠤᠩᠪᠣ ᠪᠠᠢ᠌ᠪᠠ᠃ ᠡᠮᠦᠨ᠎ᠡ ᠳᠤᠷᠭᠤᠳᠴᠤᠳ ᠡᠨᠡ ᠺᠤᠮᠫᠠᠨᠢ ᠪᠠᠷ ᠳᠠᠮᠵᠢᠭᠤᠯᠤᠨ ᠵᠦᠪᠯᠠᠯᠳᠤ ᠬᠤᠯᠪᠣᠭᠠᠳᠤ ᠣᠯᠤᠰ ᠯᠤᠭ᠎ᠠ ᠠᠷᠠᠯᠵᠢᠶ᠎ᠠ ᠮᠠᠢ᠌ᠮᠠᠢ ᠭᠢᠵᠤ ᠪᠠᠶᠠᠠᠪᠣᠯᠠᠭ ᠤᠨ ᠳᠠᠯ᠎ᠠ ᠨᠤᠳᠤᠭ ᠡᠴᠡ ᠮᠠᠯ ᠰᠦᠷᠦᠭ᠌ ᠶᠢᠡᠨ ᠳᠠᠭᠤᠵᠤ ᠮᠤᠩᠭ᠋ᠤᠯᠭᠦ᠋ᠷᠢᠶ᠎ᠡ ᠳ᠋ᠠᠭᠢ ᠵᠦᠪᠯᠠᠯᠳᠤ ᠶᠢᠨ ᠭᠢᠯᠢ ᠳᠤ ᠭᠦᠷᠭᠡᠵᠤ᠂ ᠪᠣᠳᠠᠰ ᠢ ᠪᠣᠳᠠᠰ ᠶᠢᠡᠷ ᠰᠤᠯᠢᠬᠤ ᠠᠷᠠᠯᠵᠢᠶ᠎ᠠ ᠰᠤᠯᠢᠯᠴᠠᠭ᠎ᠠ ᠭᠢᠵᠤ᠂ ᠵᠦᠪᠯᠠᠯᠳᠤ ᠡᠴᠡ ᠪᠦᠰ᠂ ᠰᠢᠭᠢᠷ᠂ ᠴᠠᠢ ᠁ ᠮᠠᠳᠤ ᠶᠢᠨ ᠠᠮᠢᠳᠤᠷᠠᠯ ᠤᠨ ᠭᠡᠷᠡᠭ᠍ᠰᠡᠯ ᠤᠳ ᠢ ᠰᠤᠯᠢᠵᠤ ᠠᠪᠬᠤ ᠶᠢᠨ ᠵᠡᠷᠭᠡᠪᠠᠷ ᠪᠠᠰᠠ ᠰᠢᠯᠢᠳᠡᠭ᠌ ᠡᠭᠦᠯᠳᠡᠷ ᠤᠨ ᠮᠠᠯ ᠪᠣᠯᠤᠨ ᠳᠠᠷᠢᠶᠠᠯᠠᠩ ᠤᠨ ᠮᠠᠰᠢᠨ᠂ ᠪᠠᠭ᠎ᠠ ᠮᠠᠰᠢᠨ ᠳᠡᠷᠭᠡ ᠶᠢ ᠰᠤᠯᠢᠵᠤ ᠠᠪᠴᠤ ᠪᠠᠢ᠌ᠪᠠ᠃ 《ᠾᠸᠵᠢᠩ ᠰᠢᠶᠠᠨ ᠤ ᠣᠢ᠌ᠯᠠᠯᠭ᠎ᠠ》 ᠳ᠋ᠤ ᠄ 《ᠢᠷᠭᠡᠨ ᠣᠯᠤᠰ ᠤᠨ 26 ᠳ᠋ᠤᠭᠠᠷ ᠵᠢᠯ (1937 ᠣᠨ) ᠳ᠋ᠤ ᠾᠸᠵᠢᠩ ᠰᠢᠶᠠᠨ ᠮᠤᠷᠢ ᠪᠠᠷ ᠴᠢᠷᠦᠭᠦᠯᠵᠤ ᠳᠠᠷᠢᠬᠤ ᠮᠠᠰᠢᠨ ᠢ ᠡᠭᠢᠯᠡᠵᠤ ᠭᠡᠷᠡᠭᠯᠡᠵᠡᠢ》 [65]᠃ ᠪᠠᠰᠠ 《ᠮᠤᠷᠢ ᠪᠠᠷ ᠴᠢᠷᠦᠭᠦᠯᠵᠤ ᠡᠪᠠᠰᠤ ᠬᠠᠳᠤᠬᠤ ᠮᠠᠰᠢᠨ ᠢ ᠡᠭᠢᠯᠡᠵᠤ ᠭᠡᠷᠡᠭᠯᠡᠭ᠍ᠰᠡᠨ ᠶᠤᠮ》 [66] ᠭᠡᠵᠤ ᠳᠡᠮᠳᠡᠭᠯᠡᠭ᠍ᠰᠡᠨ ᠡᠴᠡ ᠦᠵᠡᠪᠠᠯ ᠡᠨᠡ ᠦᠶ᠎ᠡ ᠳᠤ ᠵᠦᠪᠯᠠᠯᠳᠤ ᠬᠤᠯᠪᠣᠭᠠᠳᠤ ᠣᠯᠤᠰ ᠯᠤᠭ᠎ᠠ ᠠᠷᠠᠯᠵᠢᠶ᠎ᠠ ᠮᠠᠢ᠌ᠮᠠᠢ ᠭᠢᠵᠤ ᠠᠪᠴᠤ ᠢᠷᠡᠭ᠍ᠰᠡᠨ ᠳᠠᠷᠢᠶᠠᠯᠠᠩ ᠤᠨ ᠮᠠᠰᠢᠨ ᠢ ᠡᠮᠦᠨ᠎ᠡ ᠳᠤᠷᠭᠤᠳ ᠨᠤᠳᠤᠭ ᠲᠤ ᠭᠡᠷᠡᠭᠯᠡᠵᠤ ᠪᠠᠢ᠌ᠭᠰᠠᠨ ᠢ ᠭᠡᠷᠴᠢᠯᠡᠵᠤ ᠪᠠᠢ᠌ᠨ᠎ᠠ᠃

     20 ᠵᠠᠭᠤᠨ ᠤ 20 ᠊ᠭᠠᠤᠨ ᠣᠨ ᠳᠤ᠂ ᠣᠷᠤᠰ ᠤᠨ ᠠᠷᠪᠠᠨ ᠰᠠᠷ᠎ᠠ ᠶᠢᠨ ᠬᠤᠪᠢᠰᠬᠠᠯ ᠡᠭᠦᠰᠦᠭ᠍ᠰᠡᠨ ᠳᠤ ᠭᠡᠰᠡᠭ᠌ ᠣᠷᠤᠰᠴᠤᠳ ᠡᠮᠦᠨ᠎ᠡ ᠳᠤᠷᠭᠤᠳ ᠲᠤ ᠳᠤᠳᠠᠭᠠᠵᠤ ᠢᠷᠡᠭ᠍ᠰᠡᠨ ᠶᠤᠮ᠃ ᠳᠠᠳᠠᠨ ᠨᠡᠷ ᠠᠮᠢᠳᠤᠷᠠᠯ ᠤᠨ ᠨᠥᠭᠦᠴᠡᠯ ᠶᠢᠡᠨ ᠰᠠᠢ᠌ᠵᠢᠷᠠᠭᠤᠯᠬᠤ ᠶᠢᠨ ᠲᠦᠯᠦᠭᠡ ᠾᠸᠵᠢᠩ ᠤᠨ ᠠᠩᠬᠠᠳᠠᠭᠴᠢ ᠣᠰᠤᠨ ᠳᠡᠭᠡᠷᠡᠮ᠎ᠡ ᠢ ᠪᠠᠢ᠌ᠭᠤᠯᠵᠠᠢ᠃ ᠡᠨᠡ ᠣᠰᠤᠨ ᠳᠡᠭᠡᠷᠡᠮ᠎ᠡ ᠨᠢ ᠨᠢᠭᠡ ᠭᠦᠮᠤᠨ ᠠᠵᠢᠯᠯᠠᠨ ᠳᠡᠭᠡᠷᠡᠮᠳᠡᠵᠤ ᠪᠣᠯᠳᠠᠭ ᠪᠣᠯᠬᠤᠷ᠂ ᠳᠤᠬᠠᠢ ᠦᠶ᠎ᠡ ᠳᠤ ᠨᠠᠯᠢᠶᠠᠤᠨ ᠰᠠᠢ᠌ᠨ ᠣᠰᠤᠨ ᠳᠡᠭᠡᠷᠡᠮ᠎ᠡ ᠪᠠᠢ᠌ᠵᠤ᠂ ᠭᠤᠯᠢᠷ ᠤᠨ ᠭᠠᠷᠤᠯᠳᠠ ᠨᠢ ᠴᠤ ᠦᠨᠳᠦᠷ  ᠪᠠᠢ᠌ᠵᠠᠢ᠃ ᠭᠡᠳᠡᠯ᠎ᠡ ᠳᠤᠰ ᠳᠡᠭᠡᠷᠮ᠎ᠡ ᠨᠠᠩ ᠣᠯᠠᠨ ᠭᠦᠮᠦᠰ ᠤᠨ ᠭᠡᠷᠡᠭ᠍ᠴᠡᠭᠡ ᠶᠢ ᠬᠠᠩᠭ᠋ᠠᠵᠤ ᠴᠢᠳᠠᠬᠤ ᠦᠭᠡᠶ ᠪᠠᠢ᠌ᠭᠰᠠᠨ ᠳᠤᠯᠠ ᠡᠨᠡ ᠦᠶ᠎ᠡ ᠳᠤ ᠮᠠᠠᠴᠤᠭᠵᠠᠪ ᠰᠢᠯᠢᠭ᠌ ᠨᠡᠷ ᠵᠦᠪᠯᠠᠯᠳᠤ ᠶᠢᠨ ᠳᠤᠰᠬᠠᠢ ᠮᠡᠷᠭᠡᠵᠢᠯᠳᠡᠨ ᠢ ᠵᠠᠯᠠᠵᠤ ᠢᠷᠡᠭᠡᠳ ᠡᠨᠡ ᠣᠰᠤᠨ ᠳᠡᠭᠡᠷᠮ᠎ᠡ ᠶᠢ ᠥᠭᠡᠷᠡᠴᠢᠯᠡᠨ ᠦᠷᠭᠡᠳᠭᠡᠵᠤ ᠪᠠᠢ᠌ᠭᠤᠯᠤᠭᠰᠠᠨ ᠶᠤᠮ᠃

     ᠡᠮᠦᠨ᠎ᠡ ᠳᠤᠷᠭᠤᠳ ᠠᠢ᠌ᠮᠠᠭ ᠤᠨ ᠳᠤᠭᠳᠠᠭᠠᠭᠰᠠᠨ ᠠᠩᠬᠠᠳᠤᠭᠠᠷ ᠬᠤᠭᠤᠴᠠᠭᠠᠨ ᠤ ᠭᠤᠷᠪᠠᠨ ᠵᠢᠯ ᠤᠨ ᠲᠦᠯᠦᠪᠯᠡᠯᠭᠡ ᠳᠡᠭᠡᠨ ᠮᠠᠯ ᠤᠨ ᠡᠭᠦᠯᠳᠡᠷ ᠰᠠᠢ᠌ᠵᠢᠷᠠᠭᠤᠯᠬᠤ ᠪᠠᠷ ᠵᠦᠪᠯᠠᠯᠳᠤ ᠡᠴᠡ ᠰᠢᠯᠢᠳᠡᠭ᠌ ᠡᠭᠦᠯᠳᠡᠷ ᠤᠨ ᠮᠤᠷᠢ᠂ ᠥᠭᠡᠷ᠂ ᠬᠤᠨᠢ ᠶᠢ ᠣᠷᠤᠭᠤᠯᠵᠤ ᠢᠷᠡᠭᠡᠳ ᠨᠤᠳᠤᠭ ᠤᠨ ᠮᠠᠯ ᠤᠨ ᠡᠭᠦᠯᠳᠡᠷ ᠰᠠᠢ᠌ᠵᠢᠷᠠᠭᠤᠯᠬᠤ᠂ ᠬᠠᠷᠠᠱᠠᠷ᠎ᠠ ᠶᠢᠨ ᠮᠤᠷᠢᠨ ᠤ ᠡᠭᠦᠯᠳᠡᠷ ᠤᠨ ᠳᠠᠯᠠᠪᠠᠢ ᠪᠠᠢ᠌ᠭᠤᠯᠬᠤ ᠵᠡᠷᠭᠡ ᠲᠦᠯᠦᠪᠯᠡᠯᠭᠡ ᠲᠡᠶ ᠪᠠᠢ᠌ᠵᠠᠢ᠃ ᠡᠨᠡᠭᠦ ᠲᠦᠯᠦᠪᠯᠡᠯᠭᠡ ᠳᠤ ᠪᠠᠨ ᠦᠨᠳᠦᠰᠦᠯᠠᠨ ᠵᠦᠪᠯᠠᠯᠳᠤ ᠡᠴᠡ ᠳᠤᠰᠬᠠᠢ ᠮᠡᠷᠭᠡᠵᠢᠯᠳᠡᠨ ᠢ ᠣᠷᠢᠵᠤ ᠮᠠᠯ ᠤᠨ ᠡᠭᠦᠯᠳᠡᠷ ᠰᠠᠢ᠌ᠵᠢᠷᠠᠭᠤᠯᠬᠤ ᠠᠵᠢᠯ ᠭᠢᠯᠭᠡᠭᠦ ᠪᠣᠶᠤ ᠨᠤᠳᠤᠭ ᠤᠨ ᠭᠦᠮᠦᠰ ᠲᠤ ᠡᠨᠡ ᠭᠦ ᠮᠡᠷᠭᠡᠵᠢᠯ ᠢ ᠵᠢᠭᠠᠯᠭᠠᠨ ᠰᠤᠷᠭᠠᠬᠤ ᠪᠠᠷ ᠴᠢᠷᠮᠠᠢ᠌ᠵᠤ ᠪᠠᠢ᠌ᠵᠠᠢ᠃ ᠡᠨᠡ ᠶᠠᠪᠣᠳᠠᠯ ᠢ《ᠳᠠᠷᠢᠶᠠᠯᠠᠩ ᠠᠭᠤᠷᠬᠠᠢ ᠶᠢᠨ ᠳᠢᠩᠭᠢᠮ ᠡᠴᠡ ᠬᠠᠷᠠᠱᠠᠷ᠎ᠠ ᠶᠢᠨ ᠭᠡᠭᠦᠤ ᠬᠤᠳᠠᠯᠳᠤᠵᠤ ᠠᠪᠣᠭᠠᠤᠨ᠂ ᠡᠭᠦᠯᠳᠡᠷ ᠰᠠᠢ᠌ᠵᠢᠷᠠᠭᠤᠯᠬᠤ ᠳᠤᠬᠠᠢ ᠮᠤᠵᠢ ᠶᠢᠨ ᠵᠠᠰᠠᠭ ᠲᠤ ᠢᠯᠡᠭᠡᠭ᠍ᠰᠡᠨ ᠡᠷᠭᠦᠳᠡᠯ》 [67] ᠪᠢᠴᠢᠭ᠌ ᠲᠤ ᠳᠤᠳᠤᠷᠬᠠᠢ ᠳᠡᠮᠳᠡᠭᠯᠡᠭ᠍ᠰᠡᠨ ᠪᠠᠢ᠌ᠨ᠎ᠠ᠃ ᠳᠡᠦᠭᠡ ᠶᠢᠨ ᠪᠢᠴᠢᠭ᠌ ᠮᠠᠲ᠋ᠸᠷᠢᠶᠠᠯ ᠳᠤ ᠦᠨᠳᠦᠰᠦᠯᠠᠪᠠᠯ᠂ 1934 ᠣᠨ ᠳᠤ ᠮᠠᠨ ᠤ ᠣᠯᠤᠰ ᠵᠦᠪᠯᠠᠯᠳᠤ ᠬᠤᠯᠪᠣᠭᠠᠳᠤ ᠣᠯᠤᠰ ᠡᠴᠡ ᠺᠠᠤᠺᠽᠢ᠂ ᠫᠷᠤᠺᠦᠰ ᠬᠤᠶᠠᠷ ᠡᠭᠦᠯᠳᠡᠷ ᠤᠨ ᠨᠠᠷᠢᠨ ᠨᠤᠤᠰᠤᠳᠤ ᠬᠤᠨᠢ ᠡᠴᠡ ᠴᠥᠭᠡᠨ ᠨᠢᠭᠡ ᠭᠡᠰᠡᠭ᠌ ᠢ ᠣᠷᠤᠭᠤᠯᠵᠤ ᠢᠷᠡᠭᠡᠳ ᠰᠢᠠᠵᠢᠶᠠᠩ ᠤᠨ ᠢᠯᠢ᠂ ᠳᠠᠷᠪᠠᠭᠠᠳᠠᠢ᠂ ᠪᠠᠷᠰᠭᠦᠯ᠂ ᠦᠷᠤᠮᠴᠢ ᠪᠣᠯᠤᠨ ᠬᠠᠱᠭᠠᠷ ᠵᠡᠷᠭᠡ ᠭᠠᠵᠠᠷ ᠭᠦᠷᠭᠡᠵᠤ ᠁ ᠬᠠᠰᠠᠭ᠂ ᠮᠤᠩᠭ᠋ᠤᠯ ᠪᠦᠳᠦᠭᠦᠯᠢᠭ᠌ ᠰᠢᠷᠦᠭᠦᠨ ᠨᠤᠤᠰᠤᠳᠤ ᠬᠤᠨᠢᠨ ᠰᠦᠷᠦᠭ᠌ ᠢ ᠡᠷᠯᠢᠰᠵᠢᠭᠦᠯᠤᠨ ᠰᠠᠢ᠌ᠵᠢᠷᠠᠭᠤᠯᠪᠠ᠃》 [68 ] ᠭᠡᠵᠤ 《ᠰᠢᠠᠵᠢᠶᠠᠩ ᠤᠨ ᠨᠠᠷᠢᠨ ᠨᠤᠤᠰᠤᠳᠤ ᠬᠤᠨᠢ》 ᠭᠡᠵᠤ ᠳᠡᠮᠳᠡᠭᠯᠡᠵᠤ ᠪᠣᠢ  ᠃

     《ᠮᠤᠩᠭ᠋ᠤᠯ ᠬᠤᠷᠠᠯ》 ᠊ᠤᠨ ᠳᠠᠳ᠋ ᠳᠠᠷᠤᠭ᠎ᠠ ᠯᠤᠤᠷᠤᠪ ᠪᠣᠯ ᠢᠯᠢ ᠶᠢᠨ ᠨᠢᠯᠬ᠎ᠠ ᠶᠢᠨ ᠭᠦᠮᠤᠨ ᠶᠤᠮ᠃ ᠳᠠᠷᠠ ᠪᠠᠷ 1935 ᠣᠨ ᠳᠤ ᠵᠦᠪᠯᠠᠯᠳᠤ ᠡᠴᠡ ᠠᠵᠢᠷᠭ᠎ᠠ᠂ ᠪᠣᠬ᠎ᠠ᠂ ᠬᠤᠴᠠ ᠵᠡᠷᠭᠡ ᠰᠢᠯᠢᠳᠡᠭ᠌ ᠡᠭᠦᠯᠳᠡᠷ ᠤᠨ ᠮᠠᠯ ᠢ ᠣᠷᠤᠭᠤᠯᠵᠤ ᠢᠷᠡᠭᠡᠳ᠂ ᠪᠠᠰᠠ ᠵᠦᠪᠯᠠᠯᠳᠤ ᠡᠴᠡ ᠮᠠᠯ ᠠᠵᠤ ᠠᠬᠤᠢ ᠶᠢᠨ ᠮᠡᠷᠭᠡᠵᠢᠯᠳᠡᠨ ᠪᠠᠪᠢᠱ ᠭᠡᠭᠦ ᠭᠦᠮᠤᠨ ᠢ ᠣᠷᠢᠵᠤ ᠢᠷᠡᠭᠡᠳ ᠢᠯᠢ ᠶᠢᠨ ᠨᠢᠯᠬ᠎ᠠ ᠳᠤ ᠮᠠᠯ ᠤᠨ ᠡᠭᠦᠯᠳᠡᠷ ᠰᠠᠢ᠌ᠵᠢᠷᠠᠭᠤᠯᠬᠤ ᠠᠵᠢᠯ ᠭᠢᠯᠭᠡᠭ᠍ᠰᠡᠨ ᠪᠠᠢ᠌ᠨ᠎ᠠ᠃ ᠡᠭᠦᠨ ᠤ ᠳ᠋ᠦ᠋ᠩ ᠳᠤ᠂ ᠨᠠᠷᠢᠨ ᠨᠤᠤᠰᠤᠳᠤ ᠬᠤᠨᠢ ᠭᠡᠳᠤᠨ ᠮᠢᠩᠭ᠋ᠠᠨ ᠳᠤ ᠭᠦᠷᠴᠤ᠂ ᠠᠷᠭᠤᠮᠠᠭ ᠠᠵᠢᠷᠭ᠎ᠠ ᠭᠡᠳᠤᠨ ᠵᠠᠭᠤᠨ ᠳᠤ ᠭᠦᠷᠴᠤ᠂ ᠥᠭᠡᠷ ᠤᠨ ᠡᠭᠦᠯᠳᠡᠷ ᠢ ᠴᠤ ᠰᠠᠢ᠌ᠵᠢᠷᠠᠭᠤᠯᠵᠠᠢ [69]᠃ ᠳᠠᠷᠠ ᠪᠠᠰᠠ 《1935 ᠣᠨ (ᠦᠨᠡᠨ ᠳᠡᠭᠡᠨ 1936 ᠣᠨ ᠪᠣᠯᠬᠤ ᠶᠤᠮ ᠊᠊᠊᠊᠊᠊᠊᠊᠊᠊᠊᠊᠊᠊᠊ ᠥᠭᠦᠯᠡᠭ᠍ᠴᠢ ᠡᠴᠡ) ᠳ᠋ᠤ᠂ ᠵᠦᠪᠯᠠᠯᠳᠤ ᠬᠤᠯᠪᠣᠭᠠᠳᠤ ᠣᠯᠤᠰ ᠡᠴᠡ〈ᠰᠲ᠋ᠠᠯᠢᠨ 100 ᠨᠠᠷᠠᠮᠵᠢᠳᠤ〉 ᠭᠠᠵᠠᠷ ᠬᠠᠭᠠᠯᠪᠣᠷᠢᠯᠠᠬᠤ ᠳᠷᠠᠺᠲ᠋ᠤᠷ᠂ ᠪᠠᠭ᠎ᠠ ᠮᠠᠰᠢᠨ ᠳᠡᠷᠭᠡ᠂ ᠳᠠᠷᠢᠶ᠎ᠠ ᠬᠠᠳᠤᠵᠤ ᠬᠤᠷᠢᠶᠠᠬᠤ (ᠮᠤᠷᠢ ᠪᠠᠷ ᠳᠠᠳᠠᠬᠤ) ᠮᠠᠰᠢᠨ᠂ ᠡᠪᠠᠰᠤ ᠬᠠᠳᠤᠬᠤ ᠮᠠᠰᠢᠨ ᠵᠡᠷᠭᠡ ᠶᠢ ᠱᠠᠪᠢ ᠲᠡᠶ ᠪᠠᠨ ᠬᠠᠮᠳᠤᠷᠠᠨ ᠠᠪᠴᠤ ᠢᠷᠡᠭᠡᠳ᠂ ᠬᠠᠷᠠᠠᠤᠰᠤᠨ᠂ ᠬᠣᠢ᠌ᠳᠤ ᠣᠯᠢᠶᠠᠰᠤᠳᠠᠢ᠂ ᠭᠦᠷᠢᠶ᠎ᠡ ᠵᠡᠷᠭᠡ ᠭᠠᠵᠠᠷ ᠤᠨ ᠳᠠᠷᠢᠶᠠᠯᠠᠩ ᠤᠨ ᠣᠢ᠌ᠯᠠᠳᠪᠣᠷᠢᠯᠠᠯ ᠳᠤ ᠭᠡᠷᠡᠭᠯᠡᠭ᠍ᠰᠡᠨ ᠶᠤᠮ》 [70]᠃

     ᠱᠸᠩ ᠱᠢ ᠼᠠᠢ ᠶᠢᠨ ᠦᠶ᠎ᠡ ᠳᠤ《ᠰᠢᠨ᠎ᠠ ᠬᠠᠭᠤᠴᠢᠨ ᠳᠤᠷᠭᠤᠳ ᠤᠨ ᠡᠯ᠎ᠡ ᠬᠤᠰᠢᠭᠤᠨ ᠴᠢᠭᠤᠯᠭᠠᠨ ᠤ ᠰᠠᠭᠤᠷᠢᠰᠢᠯ ᠤᠨ ᠭᠠᠵᠠᠷ ᠤᠳ ᠲᠤ ᠮᠠᠯ ᠠᠵᠤ ᠠᠬᠤᠢ ᠶᠢᠨ ᠳᠦᠷᠪᠠᠨ ᠳᠤᠪᠴᠢᠶ᠎ᠠ᠂ ᠡᠪᠠᠰᠤ ᠬᠠᠳᠤᠬᠤ ᠬᠤᠷᠢᠨ ᠦᠷᠳᠡᠭᠡᠨ᠂ ᠮᠠᠯ ᠡᠮᠨᠡᠯᠭᠡ ᠶᠢᠨ ᠨᠢ᠋ᠮᠠᠨ ᠬᠤᠷᠢᠶ᠎ᠠ᠂ ᠡᠭᠦᠯᠳᠡᠷ ᠤᠨ ᠮᠠᠯ ᠤᠨ ᠭᠤᠴᠢᠨ ᠳᠠᠯᠠᠪᠠᠢ ᠶᠢ ᠪᠠᠢ᠌ᠭᠤᠯᠬᠤ ᠪᠠᠷ ᠲᠦᠯᠤᠪᠯᠠᠵᠤ᠂ ᠬᠠᠭᠤᠴᠢᠨ ᠳᠤᠷᠭᠤᠳ ᠤᠨ ᠬᠠᠷᠠᠱᠠᠷ᠎ᠠ ᠤᠨ ᠭᠦᠭᠦᠷᠭᠡ ᠶᠢᠨ ᠵᠡᠭᠦᠨ ᠡᠮᠦᠨ᠎ᠡ ᠪᠠᠶ᠎ᠠ ᠳᠤ ᠮᠠᠯ ᠡᠮᠨᠡᠯᠭᠡ ᠶᠢᠨ ᠨᠢᠭᠡ ᠬᠤᠷᠢᠶ᠎ᠠ ᠪᠠᠢ᠌ᠭᠤᠯᠵᠤ᠂ ᠪᠣᠰᠳᠤ ᠨᠠᠭᠤᠷ ᠤᠨ ᠪᠠᠷᠠᠭᠤᠨ ᠭᠦᠪᠠᠭᠡ ᠳ᠋ᠠᠭᠢ ᠪᠣᠷᠬᠠᠢ ᠳᠤ ᠬᠠᠷᠠᠱᠠᠷ᠎ᠠ ᠶᠢᠨ ᠠᠯᠳᠠᠷᠳᠤ ᠠᠳᠤᠭᠤᠨ ᠤ ᠡᠭᠦᠯᠳᠡᠷ ᠤᠨ ᠨᠢᠭᠡ ᠳᠠᠯᠠᠪᠠᠢ᠂ ᠣᠯᠢᠶᠠᠰᠤᠳᠠᠢ ᠳᠤ ᠡᠭᠦᠯᠳᠡᠷ ᠤᠨ ᠬᠤᠨᠢ ᠶᠢᠨ ᠨᠢᠭᠡ ᠳᠠᠯᠠᠪᠠᠢ ᠶᠢ ᠪᠠᠢ᠌ᠭᠤᠯᠵᠤ᠂ ᠶᠤᠯᠳᠤᠰ (ᠪᠠᠶᠠᠠᠪᠣᠯᠠᠭ) ᠊ᠤᠨ ᠳᠠᠯ᠎ᠠ ᠨᠤᠳᠤᠭ ᠤᠨ ᠬᠤᠨᠢ ᠶᠢ ᠵᠦᠪᠯᠠᠯᠳᠤ ᠶᠢᠨ ᠬᠤᠴᠠ ᠪᠠᠷ ᠡᠷᠯᠢᠰᠵᠢᠭᠦᠯᠵᠤ ᠬᠤᠨᠢ ᠰᠦᠷᠦᠭ᠌ ᠤᠨ ᠡᠭᠦᠯᠳᠡᠷ ᠮᠠᠭᠤᠵᠢᠷᠠᠬᠤ ᠠᠰᠠᠭᠤᠳᠠᠯ ᠢ ᠲᠤᠩ ᠰᠠᠢ᠌ᠨ ᠰᠢ᠌ᠤᠠᠪᠣᠷᠢᠯᠠᠵᠠᠢ᠃ ᠪᠠᠶᠠᠠᠪᠣᠯᠠᠭ ᠲᠤ ᠡᠪᠠᠰᠤ ᠬᠠᠳᠤᠬᠤ ᠬᠤᠶᠠᠷ ᠦᠷᠳᠡᠭᠡ ᠪᠠᠢ᠌ᠭᠤᠯᠵᠤ᠂ ᠳᠤᠷᠭᠤᠳ ᠮᠠᠯᠴᠢᠳ ᠢ ᠰᠠᠭᠤᠷᠢᠰᠢᠭᠤᠯᠵᠤ᠂ ᠡᠪᠦᠯᠵᠢᠶ᠎ᠡ ᠳᠤ ᠨᠡᠭᠦᠳᠡᠯᠯᠡᠭᠦ ᠢ ᠪᠠᠭᠠᠰᠬᠠᠭᠰᠠᠨ ᠶᠤᠮ》 [71]᠃


              ᠬᠣᠢ᠌ᠨᠠᠭᠢ ᠥᠭᠡ

     1934 ᠣᠨ ᠡᠴᠡ ᠡᠭᠡᠯᠡᠨ ᠡᠪ ᠬᠠᠮᠳᠤ ᠵᠢᠨ ᠢᠠᠲ᠋ᠸᠷᠨᠠᠼᠢᠤᠨᠠᠯ ᠤᠨ ᠳᠤᠮᠢᠯᠠᠯᠳᠠ ᠪᠠᠷ ᠨᠢᠭᠡ ᠪᠦᠯᠦᠭ᠌ ᠡᠪ ᠬᠠᠮᠳᠤᠴᠤᠳ ᠰᠢᠠᠵᠢᠶᠠᠩ ᠳᠤ ᠵᠠᠯᠭᠠᠭ᠎ᠠ ᠪᠠᠷ ᠭᠦᠷᠴᠤ ᠢᠷᠡᠭᠡᠳ ᠮᠠᠷᠺᠰ ᠤᠨ ᠦᠵᠡᠯ ᠤᠨ ᠦᠨᠡᠨ ᠶᠤᠰᠤ ᠶᠢ ᠣᠯᠠᠮᠵᠢᠯᠠᠨ ᠳᠡᠯᠭᠡᠷᠡᠭᠦᠯᠵᠤ ᠬᠤᠪᠢᠰᠬᠠᠯᠳᠤ ᠳᠠᠮᠠᠴᠠᠯ ᠦᠷᠨᠢᠭᠦᠯᠦᠭ᠍ᠰᠡᠨ ᠶᠤᠮ᠃ ᠡᠪ ᠬᠠᠮᠳᠤᠴᠤᠳ ᠤᠨ ᠴᠥᠭᠦᠷᠡᠯᠳᠡ ᠦᠭᠡᠶ ᠴᠢᠷᠮᠠᠢ᠌ᠯᠭ᠎ᠠ ᠪᠣᠯᠤᠨ ᠡᠯ᠎ᠡ ᠦᠨᠳᠦᠰᠦᠳᠠᠨ ᠤ ᠠᠷᠠᠤᠨ ᠲᠦᠮᠡᠨ ᠤ ᠭᠦᠴᠦᠳᠡᠢ ᠳᠡᠮᠵᠢᠯᠭᠡ ᠪᠠᠷ ᠡᠨᠡ ᠭᠦ ᠬᠤᠭᠤᠴᠠᠭᠠᠨ ᠳᠤ ᠰᠢᠠᠵᠢᠶᠠᠩ ᠤᠨ ᠠᠵᠤ ᠠᠬᠤᠢ᠂ ᠰᠤᠶᠤᠯ᠂ ᠰᠤᠷᠭᠠᠨ ᠭᠦᠮᠦᠵᠢᠯ ᠤᠨ ᠣᠢ᠌ᠯᠠᠰ ᠮᠠᠰᠢ ᠭᠦᠭ᠍ᠵᠢᠯᠳᠡ ᠲᠡᠶ ᠪᠣᠯᠵᠠᠢ᠃ ᠳᠤᠬᠠᠢ ᠶᠢᠨ ᠦᠶ᠎ᠡ ᠶᠢᠨ ᠰᠢᠠᠵᠢᠶᠠᠩ ᠤᠨ ᠡᠯ᠎ᠡ ᠭᠠᠵᠠᠷ ᠣᠷᠤᠨ ᠤ ᠮᠤᠩᠭ᠋ᠤᠯᠴᠤᠳ ᠤᠨ ᠳᠤᠳᠤᠷᠠᠭᠢ ᠴᠤᠷ ᠤᠨ ᠭᠠᠭᠴᠠ ᠣᠯᠠᠨ ᠲᠦᠮᠡᠠᠴᠢ ᠰᠤᠶᠤᠯ ᠤᠨ ᠪᠦᠯᠭᠦᠮ ᠪᠣᠯᠬᠤ 《ᠰᠢᠠᠵᠢᠶᠠᠩ ᠤᠨ ᠮᠤᠩᠭ᠋ᠤᠯ ᠤᠨ ᠰᠤᠶᠤᠯ ᠤᠨ ᠠᠭᠢᠭᠤᠯᠬᠤ ᠬᠤᠷᠠᠯ》 ᠨᠢ ᠤᠢ᠌ᠷᠠᠤᠨ ᠮᠤᠩᠭ᠋ᠤᠯᠴᠤᠳ ᠤᠨ ᠣᠯᠤᠰ ᠳᠦᠷᠤ᠂ ᠰᠤᠷᠭᠠᠨ ᠭᠦᠮᠦᠵᠢᠯ᠂ ᠰᠤᠶᠤᠯ ᠤᠨ ᠭᠦᠳᠡᠯᠪᠦᠷᠢ ᠶᠢᠨ ᠲᠦᠪ ᠨᠢ ᠪᠣᠯᠵᠤ ᠪᠠᠢ᠌ᠪᠠ᠃ 《ᠮᠤᠩᠭ᠋ᠤᠯ ᠬᠤᠷᠠᠯ》 ᠡᠴᠡ ᠳᠤᠬᠠᠢ ᠶᠢᠨ ᠦᠶ᠎ᠡ ᠶᠢᠨ ᠳᠠᠪᠰᠢᠩᠭ᠋ᠤᠢ ᠳᠦᠷᠤ ᠶᠢᠨ ᠪᠣᠳᠤᠯᠭ᠎ᠠ ᠪᠠ ᠬᠠᠤᠯᠢ ᠶᠤᠰᠤᠨ ᠳᠤ ᠨᠡᠢ᠌ᠴᠡᠭᠦ ᠠᠯᠢᠪᠠ ᠭᠡᠯᠪᠠᠷᠢ ᠶᠢ ᠠᠰᠢᠭᠯᠠᠵᠤ᠂ ᠰᠢᠠᠵᠢᠶᠠᠩ ᠤᠨ ᠮᠤᠩᠭ᠋ᠤᠯᠴᠤᠳ ᠤᠨ ᠬᠤᠴᠤᠷᠤᠨ ᠳᠤᠷᠣᠢ᠌ᠳᠠᠭᠰᠠᠨ ᠪᠠᠢ᠌ᠳᠠᠯ ᠢ ᠬᠤᠪᠢᠷᠠᠭᠤᠯᠵᠤ᠂ ᠰᠤᠶᠤᠯ ᠢ ᠰᠡᠷᠭᠦᠭᠡᠨ ᠭᠦᠭ᠍ᠵᠢᠭᠦᠯᠭᠦ ᠶᠢᠨ ᠲᠦᠯᠦᠭᠡ᠂ ᠰᠤᠷᠭᠠᠨ ᠭᠦᠮᠦᠵᠢᠯ ᠢ ᠴᠢᠬᠤᠯᠠᠴᠢᠯᠠᠵᠤ᠂ ᠰᠤᠷᠭᠠᠭᠤᠯᠢ ᠪᠠᠢ᠌ᠭᠤᠯᠵᠤ᠂ ᠦᠨᠳᠦᠰᠦᠳᠠᠨ ᠤ ᠪᠠᠨ ᠭᠡᠪ ᠴᠢᠨᠠᠷ ᠢ ᠳᠡᠭᠡᠭ᠍ᠰᠢᠯᠡᠭᠦᠯᠭᠦ ᠪᠠᠷ ᠴᠢᠷᠮᠠᠢ᠌ᠵᠠᠢ᠃ ᠢᠩᠭᠢᠭ᠍ᠰᠡᠨ ᠶᠢᠡᠷ ᠨᠠᠩ ᠣᠯᠠᠨ ᠮᠤᠩᠭ᠋ᠤᠯᠴᠤᠳ ᠤᠨ ᠦᠷ᠎ᠡ ᠬᠡᠦᠬᠡᠳ ᠪᠢᠴᠢᠭ᠌ ᠰᠤᠷᠤᠯᠴᠠᠨ ᠭᠦᠮᠦᠵᠢᠯ ᠭᠦᠷᠳᠡᠵᠤ᠂ ᠰᠢᠠᠵᠢᠶᠠᠩ ᠤᠨ ᠮᠤᠩᠭ᠋ᠤᠯᠴᠤᠳ ᠤᠨ ᠠᠩᠬᠠᠳᠠᠭᠴᠢ ᠰᠤᠶᠤᠯ ᠤᠨ ᠮᠦᠷ ᠭᠦᠭᠡᠭᠡᠭ᠍ᠰᠡᠨ ᠭᠦᠮᠦᠰ ᠪᠣᠯᠵᠤ ᠭᠦᠮᠦᠵᠢᠭ᠍ᠳᠡᠵᠡᠢ᠃ ᠡᠨᠡ ᠨᠢ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠳᠡᠦᠭᠡᠨ ᠳᠤ ᠣᠷᠢᠳᠠ ᠡᠴᠡ ᠭᠠᠷᠤᠭ᠎ᠠ ᠦᠭᠡᠶ ᠭᠡᠷᠡᠭ᠌ ᠪᠣᠯᠬᠤ ᠪᠠᠷ ᠪᠠᠷᠠᠬᠤ ᠦᠭᠡᠶ᠂ ᠰᠢᠠᠵᠢᠶᠠᠩ ᠤᠨ ᠮᠤᠩᠭ᠋ᠤᠯ ᠤᠨ ᠰᠤᠶᠤᠯ ᠰᠤᠷᠭᠠᠨ ᠭᠦᠮᠦᠵᠢᠯ ᠤᠨ ᠳᠡᠦᠭᠡᠨ ᠳᠤ ᠡᠭᠦᠰᠭᠡᠪᠦᠷᠢ ᠶᠢᠨ ᠴᠢᠨᠠᠷ ᠲᠡᠶ ᠣᠢ᠌ᠯᠠ ᠠᠵᠢᠯᠯᠠᠭ᠎ᠠ ᠪᠣᠯᠬᠤ ᠶᠤᠮ᠃ ᠮᠦᠨ ᠴᠤ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠣᠳᠤ ᠦᠶ᠎ᠡ ᠶᠢᠨ ᠰᠤᠶᠤᠯ ᠰᠤᠷᠭᠠᠨ ᠭᠦᠮᠦᠵᠢᠯ ᠤᠨ ᠭᠤᠯᠤᠮᠳᠠ ᠪᠣᠯᠬᠤ ᠶᠤᠮ᠃ ᠶᠠᠫᠣᠨ ᠢ ᠡᠰᠡᠷᠭᠦᠴᠡᠭᠦ ᠳᠠᠢ᠌ᠨ ᠤ ᠦᠶ᠎ᠡ ᠳᠤ 《ᠰᠢᠠᠵᠢᠶᠠᠩ ᠤᠨ ᠮᠤᠩᠭ᠋ᠤᠯ ᠤᠨ ᠰᠤᠶᠤᠯ ᠢ ᠠᠭᠢᠭᠤᠯᠬᠤ ᠬᠤᠷᠠᠯ》 ᠡᠴᠡ ᠡᠯ᠎ᠡ ᠣᠷᠤᠨ ᠰᠢᠶᠠᠨ ᠤ ᠰᠠᠯᠪᠣᠷᠢ ᠬᠤᠷᠠᠯ ᠢ ᠣᠷᠢᠶᠠᠳᠠᠨ ᠶᠠᠫᠣᠨ ᠢ ᠡᠰᠡᠷᠭᠦᠴᠡᠭᠦ ᠣᠬᠠᠭᠤᠯᠭ᠎ᠠ ᠭᠢᠭᠦ᠂ ᠵᠤᠭᠤᠰ ᠴᠤᠭᠯᠠᠭᠤᠯᠵᠤ᠂ ᠡᠳ᠋ ᠪᠣᠳᠠᠰ ᠶᠢᠡᠷ ᠳᠤᠰᠠᠯᠠᠬᠤ ᠭᠦᠳᠦᠯᠪᠦᠷᠢ ᠭᠢᠭ᠍ᠰᠡᠨ ᠪᠠᠢ᠌ᠨ᠎ᠠ᠃ 《ᠮᠤᠩᠭ᠋ᠤᠯ ᠬᠤᠷᠠᠯ》 ᠨᠢ ᠡᠢ᠌ᠨ ᠭᠦ ᠶᠠᠫᠣᠨ ᠢ ᠡᠰᠡᠷᠭᠦᠴᠡᠨ ᠮᠥᠭᠦᠯ ᠡᠴᠡ ᠠᠪᠣᠷᠠᠬᠤ ᠪᠠᠷ ᠭᠤᠤᠯᠳᠠᠯᠭ᠎ᠠ ᠪᠣᠯᠭᠠᠭᠰᠠᠨ ᠣᠬᠠᠭᠤᠯᠭ᠎ᠠ᠂ ᠭᠦᠮᠦᠵᠢᠯ ᠪᠣᠯᠤᠨ ᠰᠤᠶᠤᠯ ᠣᠷᠠᠯᠢᠭ ᠤᠨ ᠭᠦᠳᠦᠯᠪᠦᠷᠢ ᠭᠢᠵᠤ᠂ ᠡᠮᠦᠨ᠎ᠡ ᠹᠷᠤᠠᠲ᠋ ᠶᠢ ᠢᠳᠠᠪᠭᠢᠳᠠᠢ ᠳᠡᠮᠵᠢᠭ᠍ᠰᠡᠨ ᠤ ᠬᠠᠮᠳᠤ ᠰᠢᠨ᠎ᠠ ᠦᠵᠡᠯ ᠰᠠᠨᠠᠭ᠎ᠠ᠂ ᠰᠢᠨ᠎ᠠ ᠰᠤᠶᠤᠯ ᠢ ᠣᠯᠠᠮᠵᠢᠯᠠᠨ ᠳᠡᠯᠭᠡᠷᠡᠭᠦᠯᠵᠤ᠂ ᠮᠤᠩᠭ᠋ᠤᠯᠴᠤᠳ ᠢ ᠬᠤᠯᠠ ᠬᠠᠷᠠᠴᠠ ᠲᠡᠶ ᠪᠣᠯᠭᠠᠵᠤ᠂ ᠰᠢᠠᠵᠢᠶᠠᠩ ᠤᠨ ᠮᠤᠩᠭ᠋ᠤᠯᠴᠤᠳ ᠤᠨ ᠣᠳᠤ ᠦᠶ᠎ᠡ ᠶᠢᠨ ᠰᠤᠶᠤᠯ ᠪᠣᠯᠪᠠᠰᠤᠷᠠᠯ ᠤᠨ ᠣᠢ᠌ᠯᠠᠰ ᠤᠨ ᠭᠦᠭ᠍ᠵᠢᠯᠳᠡ ᠪᠠ ᠨᠡᠢ᠌ᠭᠡᠮ ᠤᠨ ᠳᠠᠪᠰᠢᠯᠳᠠ ᠳ᠋ᠤ  ᠭᠠᠷᠮᠠᠭᠠᠢ ᠵᠢᠳᠭᠦᠯ ᠭᠠᠷᠭᠠᠭᠰᠠᠨ ᠶᠢᠡᠷ ᠦᠯᠦ ᠪᠠᠷᠠᠨ ᠮᠤᠩᠭ᠋ᠤᠯ ᠦᠨᠳᠦᠰᠦᠳᠠᠨ ᠤ ᠠᠮᠢᠳᠤᠷᠠᠯ ᠤᠨ ᠬᠤᠴᠤᠷᠤᠩᠭ᠋ᠤᠢ ᠪᠠᠢ᠌ᠳᠠᠯ ᠢ ᠥᠭᠡᠷᠡᠴᠢᠯᠡᠵᠤ᠂ ᠠᠵᠤ ᠠᠬᠤᠢ᠂ ᠣᠢ᠌ᠯᠠᠳᠪᠣᠷᠢᠯᠠᠯ ᠤᠨ ᠭᠦᠭ᠍ᠵᠢᠯᠳᠡ ᠳᠤ ᠴᠤ ᠪᠠᠯᠠᠷᠰᠢ ᠦᠭᠡᠶ ᠬᠤᠪᠢ ᠨᠠᠮᠠᠷᠢ ᠥᠵᠡᠭᠦᠯᠦᠭ᠍ᠰᠡᠨ ᠢ ᠳᠡᠦᠭᠡ ᠭᠡᠷᠴᠢᠯᠡᠭ᠍ᠰᠡᠨ ᠪᠣᠢ  ᠃

    ᠣᠯᠤᠰ ᠤᠨ ᠳᠤᠳᠤᠭᠠᠳᠤ ᠭᠠᠳᠠᠭᠠᠳᠤ ᠶᠢᠨ ᠪᠠᠢ᠌ᠳᠠᠯ ᠬᠤᠪᠢᠷᠠᠭᠰᠠᠨ ᠳᠤ ᠱᠸᠩ ᠱᠢ ᠼᠠᠢ ᠶᠢᠨ ᠳᠡᠷᠰᠯᠡᠭᠦᠤ ᠮᠦᠨ ᠴᠢᠨᠠᠷ ᠨᠢ ᠢᠯᠠᠷᠠᠵᠤ ᠵᠦᠪᠯᠠᠯᠳᠤ ᠶᠢ ᠳᠤᠳᠤᠨᠤᠴᠢᠯᠠᠵᠤ᠂ ᠡᠪ ᠬᠠᠮᠳᠤ ᠶᠢ ᠭᠦᠷᠢᠶᠡᠯᠡᠭᠦ ᠡᠴᠡ ᠪᠠᠨ ᠡᠷᠡᠰ ᠳᠠᠷᠰᠯᠠᠵᠤ 《ᠵᠢᠷᠭᠤᠭᠠᠨ ᠶᠡᠭᠡ ᠳᠦᠷᠤ ᠶᠢᠨ ᠪᠣᠳᠤᠯᠭ᠎ᠠ》 ᠪᠠᠨ ᠳᠠᠶᠠᠭᠳᠠᠵᠤ᠂ ᠭᠤᠮᠢᠠᠳᠠᠩ ᠯᠤᠭ᠎ᠠ ᠬᠤᠯᠪᠣᠭᠠᠯᠠᠨ ᠡᠪ ᠬᠠᠮᠳᠤ ᠨᠠᠮ ᠤᠨ ᠭᠡᠰᠢᠭᠦᠤᠨ ᠪᠠ ᠳᠠᠪᠰᠢᠩᠭ᠋ᠤᠢ ᠭᠦᠮᠦᠰ ᠢ ᠶᠡᠭᠡ ᠪᠠᠷ ᠪᠠᠷᠢᠪᠴᠢᠯᠠᠬᠤ ᠪᠣᠶᠤ ᠬᠠᠷᠭᠢᠰ ᠭᠡᠷᠴᠡᠭᠡᠢ ᠪᠠᠷ ᠬᠤᠤᠷᠠᠯᠠᠭᠰᠠᠨ ᠡᠴᠡ ᠰᠢᠠᠵᠢᠶᠠᠩ ᠤᠨ ᠰᠤᠶᠤᠯ ᠰᠤᠷᠭᠠᠨ ᠭᠦᠮᠦᠵᠢᠯ ᠪᠣᠯᠤᠨ ᠡᠯ᠎ᠡ ᠵᠣᠢ᠌ᠯ ᠤᠨ ᠠᠵᠢᠯ ᠣᠢ᠌ᠯᠠᠰ ᠴᠦᠮ ᠲᠤᠩ ᠶᠡᠭᠡ ᠬᠤᠭᠢᠷᠠᠯ ᠳᠤ ᠣᠴᠠᠷᠠᠭᠰᠠᠨ ᠶᠤᠮ᠃

    ᠱᠸᠩ ᠱᠢ ᠼᠠᠢ 《〈ᠵᠢᠷᠭᠤᠭᠠᠨ ᠶᠡᠭᠡ ᠳᠦᠷᠤ ᠶᠢᠨ ᠪᠣᠳᠤᠯᠭ᠎ᠠ〉 ᠪᠠᠨ ᠳᠠᠶᠠᠭᠳᠠᠵᠤ ᠪᠦᠭᠦ ᠳᠠᠯ᠎ᠠ ᠪᠠᠷ ᠳᠡᠷᠰᠯᠡᠭ᠍ᠰᠡᠨ ᠡᠴᠡ ᠮᠤᠩᠭ᠋ᠤᠯ ᠦᠨᠳᠦᠰᠦᠳᠠᠨ ᠤ ᠰᠤᠷᠭᠠᠨ ᠭᠦᠮᠦᠵᠢᠯ ᠤᠨ ᠣᠢ᠌ᠯᠠᠰ ᠴᠤ ᠡᠪᠳᠡᠯᠭᠡ ᠳᠤ ᠣᠴᠠᠷᠠᠵᠤ᠂ ᠨᠠᠩ ᠣᠯᠠᠨ ᠳᠠᠪᠰᠢᠩᠭ᠋ᠤᠢ ᠪᠣᠳᠤᠯᠭᠠᠳᠠᠨ ᠪᠠᠷᠢᠪᠴᠢᠯᠠᠭᠳᠠᠵᠤ᠂ ᠵᠠᠷᠢᠮ ᠨᠢ ᠬᠤᠤᠷᠠᠯᠠᠭᠳᠠᠭᠰᠠᠨ ᠡᠴᠡ ᠡᠯ᠎ᠡ ᠬᠤᠰᠢᠭᠤᠨ ᠤ ᠰᠤᠷᠭᠠᠭᠤᠯᠢ ᠨᠤᠭᠤᠳ ᠠᠷᠤ ᠠᠷᠤ ᠡᠴᠡ ᠪᠠᠨ ᠭᠢᠴᠢᠶᠠᠯ ᠵᠤᠭᠰᠤᠵᠤ᠂ ᠰᠤᠷᠤᠯᠭ᠎ᠠ ᠶᠢᠨ ᠲᠡᠳᠬᠦᠮᠵᠢ ᠶᠢᠨ ᠵᠤᠭᠤᠰ ᠢ ᠴᠤ ᠥᠭ᠍ᠴᠤ ᠴᠢᠳᠠᠬᠤ ᠦᠭᠡᠶ ᠪᠣᠯᠵᠤ᠂ ᠰᠤᠷᠤᠭᠴᠢᠨ ᠨᠢᠭᠡᠪᠦᠷᠢ ᠳᠤ ᠰᠠᠷ᠎ᠠ ᠪᠦᠷᠢ 30 ᠵᠢᠩ ᠭᠤᠯᠢᠷ᠂ ᠨᠢᠭᠡ ᠳᠡᠷᠭᠡᠨ ᠲᠦᠯᠡᠭᠡ ᠦᠭ‍ᠭᠦᠨ᠎ᠡ ᠭᠡᠵᠤ ᠳᠤᠭᠳᠠᠭᠠᠭᠰᠠᠨ ᠨᠢ ᠴᠤ ᠬᠣᠢ᠌ᠰᠢᠯᠠᠭᠳᠠᠵᠤ᠂ ᠰᠤᠷᠤᠭᠴᠢᠳ ᠤᠨ ᠡᠳᠦᠷ ᠳᠤᠳᠤᠮ ᠤᠨ ᠠᠮᠢᠳᠤᠷᠠᠯ ᠭᠦᠴᠢᠷᠳᠡᠵᠤ᠂ ᠰᠤᠷᠤᠯᠴᠠᠬᠤ ᠶᠢᠨ ᠠᠷᠭ᠎ᠠ ᠦᠭᠡᠶ ᠪᠣᠯᠤᠭᠰᠠᠨ ᠤ ᠬᠠᠮᠳᠤ᠂ ᠭᠢᠴᠢᠶᠠᠯ ᠤᠨ ᠪᠢᠴᠢᠭ᠌ ᠢ ᠴᠤ ᠬᠠᠩᠭ᠋ᠠᠵᠤ ᠴᠢᠳᠠᠬᠤ ᠦᠭᠡᠶ ᠪᠣᠯᠵᠤ᠂ ᠪᠠᠭᠰᠢ ᠨᠡᠷ ᠤᠨ ᠴᠠᠯᠢᠩ ᠨᠠᠩ ᠪᠠᠭᠠᠰᠴᠤ᠂ ᠨᠢᠭᠡ ᠰᠠᠷ᠎ᠠ ᠶᠢᠨ ᠴᠠᠯᠢᠩ ᠨᠢ 30 ᠵᠢᠩ ᠭᠤᠯᠢᠷ ᠬᠤᠳᠠᠯᠳᠤᠵᠤ ᠠᠪᠬᠤ ᠳᠤ ᠭᠦᠷᠭᠦ ᠦᠭᠡᠶ ᠪᠣᠯᠵᠤ᠂ ᠠᠮᠢᠳᠤᠷᠠᠯ ᠶᠢᠡᠨ ᠠᠷᠭᠠᠴᠠᠬᠤ ᠶᠢᠨ ᠠᠷᠭ᠎ᠠ ᠦᠭᠡᠶ ᠪᠣᠯᠤᠭᠰᠠᠨ ᠡᠴᠡ ᠪᠠᠭᠰᠢ ᠨᠡᠷ ᠵᠠᠯᠭᠠᠭ᠎ᠠ ᠪᠠᠷ ᠠᠵᠢᠯ ᠶᠢᠡᠨ ᠰᠤᠯᠢᠵᠤ ᠥᠭᠡᠷ᠎ᠡ ᠠᠵᠢᠯ ᠭᠢᠭᠦ ᠪᠣᠶᠤ ᠮᠠᠯᠵᠢᠬᠤ ᠣᠷᠤᠨ ᠳᠠᠭᠠᠨ ᠬᠠᠷᠢᠭᠰᠠᠨ ᠡᠴᠡ ᠰᠤᠷᠭᠠᠨ ᠭᠦᠮᠦᠵᠢᠯ ᠤᠨ ᠣᠢ᠌ᠯᠠᠰ ᠵᠤᠭᠰᠤᠩᠭᠢᠷᠠᠬᠤ ᠡᠰᠡᠭᠦᠯ᠎ᠡ ᠵᠤᠭᠰᠤᠩᠭ᠋ᠤᠢ ᠪᠠᠢ᠌ᠳᠠᠯ ᠳᠤ ᠣᠷᠤᠵᠠᠢ》 [72 ]᠃

     《1937 ᠣᠨ ᠡᠴᠡ 1942 ᠣᠨ ᠭᠦᠷᠳᠡᠯ᠎ᠡ ᠱᠸᠩ ᠱᠢ ᠼᠠᠢ ᠳᠤ ᠪᠠᠷᠢᠪᠴᠢᠯᠠᠭᠳᠠᠨ ᠭᠢᠠᠳᠠᠨ ᠳᠤ ᠬᠤᠷᠢᠭᠳᠠᠭᠰᠠᠨ ᠭᠦᠮᠦᠰ ᠠᠷᠪᠠ ᠭᠠᠷᠤᠢ ᠲᠦᠮᠡᠨ ᠳᠤ ᠭᠦᠷᠴᠤ᠂ ᠡᠪ ᠬᠠᠮᠳᠤ ᠨᠠᠮ ᠤᠨ ᠭᠡᠰᠢᠭᠦᠨ᠂ ᠠᠷᠠᠳᠴᠢᠯᠠᠭᠰᠠᠨ ᠳᠠᠪᠰᠢᠩᠭ᠋ᠤᠢ ᠪᠣᠳᠤᠯᠭᠠᠳᠠᠨ᠂ ᠡᠯ᠎ᠡ ᠦᠨᠳᠦᠰᠦᠳᠠᠨ ᠤ ᠳᠡᠭᠡᠳᠤ ᠳᠠᠪᠬᠤᠷᠠᠭ᠎ᠠ ᠶᠢᠨ ᠭᠦᠮᠦᠰ᠂ ᠵᠠᠯᠠᠭᠤ ᠰᠡᠭᠡᠭᠡᠳᠡᠨ ᠨᠡᠷ ᠤᠨ ᠵᠠᠷᠢᠮ ᠨᠢ ᠲᠤᠢ᠌ᠯ ᠤᠨ ᠭᠡᠷᠴᠡᠭᠡᠢ ᠪᠠᠷ ᠬᠤᠤᠷᠠᠯᠠᠭᠳᠠᠵᠤ [73 ]᠂ ᠵᠠᠷᠢᠮ ᠨᠢ ᠭᠢᠠᠳᠠᠨ ᠳᠤ ᠬᠤᠷᠢᠭᠳᠠᠨ  ᠲ᠋ᠠᠮᠤᠯᠠᠭᠳᠠᠵᠠᠢ᠃ 1937 ᠣᠨ ᠤ 10 ᠰᠠᠷ᠎ᠠ ᠳᠤ ᠱᠸᠩ ᠱᠢ ᠼᠠᠢ ᠮᠤᠩᠭ᠋ᠤᠯ ᠬᠤᠷᠠᠯ ᠤᠨ ᠠᠩᠬᠠᠳᠠᠭᠴᠢ ᠳᠠᠷᠤᠭ᠎ᠠ ᠰᠢᠯᠢᠭ᠌ ᠢ ᠪᠠᠷᠢᠪᠴᠢᠯᠠᠨ ᠭᠢᠠᠳᠠᠨ ᠳᠤ ᠬᠤᠷᠢᠭᠰᠠᠨ ᠳᠤ᠂ ᠬᠤᠪᠣᠭᠰᠠᠢ᠌ᠷᠢ ᠶᠢᠨ ᠱᠠᠯᠢᠸᠠᠨ ᠭᠡᠭᠡᠨ 《ᠮᠤᠩᠭ᠋ᠤᠯ ᠬᠤᠷᠠᠯ》 ᠊ᠤᠨ ᠬᠤᠶᠠᠳᠤᠭᠠᠷ ᠣᠳᠠᠭ᠎ᠠ ᠶᠢᠨ ᠳᠠᠷᠤᠭ᠎ᠠ ᠶᠢᠨ ᠳᠤᠰᠢᠶᠠᠯ ᠢ ᠡᠭᠦᠷᠭᠡᠯᠡᠵᠤ᠂ ᠳᠠᠷᠠ1940 ᠣᠨ ᠳᠤ ᠡᠪᠡᠳᠴᠢᠨ ᠶᠢᠡᠷ ᠨᠠᠰᠤ ᠪᠠᠷᠠᠭᠰᠠᠨ ᠳᠤ᠂ ᠢᠯᠢ ᠶᠢᠨ ᠨᠢᠯᠬ᠎ᠠ ᠶᠢᠨ ᠯᠤᠤᠷᠤᠪ ᠳ᠋ᠠ ᠯᠠᠮᠠ 《ᠮᠤᠩᠭ᠋ᠤᠯ ᠬᠤᠷᠠᠯ》 ᠊ᠤᠨ ᠭᠤᠷᠪᠠᠳᠤᠭᠠᠷ ᠣᠳᠠᠭ᠎ᠠ ᠶᠢᠨ ᠳᠠᠷᠤᠭ᠎ᠠ ᠪᠣᠯᠵᠤ᠂ 《ᠮᠤᠩᠭ᠋ᠤᠯ ᠬᠤᠷᠠᠯ》 ᠊ᠤᠨ ᠳᠦᠷᠪᠠᠳᠦᠭᠡᠷ ᠣᠳᠠᠭ᠎ᠠ ᠶᠢᠨ ᠳᠠᠷᠤᠭ᠎ᠠ ᠪᠣᠯ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠣᠷᠤᠯᠠᠭᠴᠢ ᠳᠠᠷᠤᠭ᠎ᠠ ᠡᠷᠳᠡᠨᠢ ᠪᠣᠯᠤᠨ᠎ᠠ᠃ ᠡᠳᠡᠨ 《ᠮᠤᠩᠭ᠋ᠤᠯ ᠬᠤᠷᠠᠯ》 ᠊ᠤᠨ ᠠᠳᠠᠯᠢ ᠦᠭᠡᠶ ᠴᠠᠭ ᠬᠤᠭᠤᠴᠠᠭᠠᠨ ᠳᠤ ᠣᠳᠤᠷᠢᠳᠤᠯᠭ᠎ᠠ ᠶᠢᠨ ᠬᠤᠪᠢ ᠪᠠᠷ ᠦᠨᠳᠦᠰᠦᠳᠠᠨ ᠤ ᠰᠤᠶᠤᠯ ᠰᠤᠷᠭᠠᠨ ᠭᠦᠮᠦᠵᠢᠯ᠂ ᠠᠵᠤ ᠠᠬᠤᠢ ᠶᠢᠨ ᠣᠢ᠌ᠯᠠᠰ ᠤᠨ ᠮᠠᠠᠳᠤᠨ ᠭᠦᠭ᠍ᠵᠢᠭᠦ ᠳᠤ ᠦᠪᠡᠷ ᠦᠪᠡᠷ ᠤᠨ ᠬᠤᠪᠢ ᠨᠠᠮᠠᠷᠢ ᠪᠠᠨ ᠡᠷᠭᠦᠭ᠍ᠰᠡᠨ ᠶᠤᠮ᠃

    ᠲ᠋ᠡᠭᠡᠷ᠎ᠡ ᠥᠭᠦᠯᠡᠭ᠍ᠰᠡᠨ ᠭᠡᠷᠡᠭ᠌ ᠶᠠᠪᠣᠳᠠᠯ ᠤᠳ ᠪᠣᠯ 1934 ᠣᠨ ᠡᠴᠡ ᠬᠣᠢ᠌ᠰᠢᠭᠢ ᠦᠶ᠎ᠡ ᠳᠤ ᠡᠭᠦᠰᠦᠭ᠍ᠰᠡᠨ ᠶᠤᠮ ᠪᠣᠯᠬᠤ ᠪᠦᠭᠡᠳ ᠰᠢᠠᠵᠢᠶᠠᠩ ᠤᠨ ᠳᠡᠦᠭᠡ ᠶᠢᠨ ᠮᠠᠲ᠋ᠸᠷᠢᠶᠠᠯ ᠤᠳ ᠲᠤ ᠴᠤ ᠳᠤᠪ ᠳᠤᠳᠤᠷᠬᠠᠢ ᠳᠡᠮᠳᠡᠭᠯᠡᠵᠤ ᠪᠣᠢ᠃ ᠭᠡᠳᠡᠯ᠎ᠡ᠂ ᠵᠠᠷᠢᠮ ᠭᠦᠮᠤᠨ ᠡᠢ᠌ᠮᠦᠷᠭᠦ ᠳᠤᠳᠤᠷᠬᠠᠢ ᠭᠡᠷᠡᠴᠢ ᠪᠠᠷᠢᠮᠳᠠ ᠪᠦᠭᠦᠢ ᠳᠡᠦᠭᠡ ᠶᠢ ᠭᠠᠵᠢᠭᠤᠳᠠᠭᠤᠯᠵᠤ᠂ 1932 ᠣᠨ ᠳᠤ ᠰᠢᠠᠵᠢᠶᠠᠩ ᠤᠨ ᠮᠤᠵᠢ ᠶᠢᠨ ᠵᠠᠰᠠᠭ ᠤᠨ ᠭᠠᠵᠠᠷ ᠲᠤ ᠨᠢᠭᠡᠨᠲᠡ ᠠᠯᠠᠭᠳᠠᠭᠰᠠᠨ ᠰᠢᠠᠴᠢᠨ ᠭᠡᠭᠡᠨ ᠢ《ᠰᠤᠷᠭᠠᠭᠤᠯᠢ ᠪᠠᠢ᠌ᠭᠤᠯᠵᠤ᠂ ᠵᠦᠪᠯᠠᠯᠳᠤ ᠬᠤᠯᠪᠣᠭᠠᠳᠤ ᠣᠯᠤᠰ ᠲᠤ ᠭᠦᠷᠴᠤ ᠠᠢ᠌ᠯᠴᠢᠯᠠᠯᠳᠠ ᠭᠢᠭᠦ ᠳᠡᠭᠡᠨ ᠨᠢᠮ᠎ᠠ ᠵᠡᠷᠭᠡ ᠰᠤᠷᠤᠭᠴᠢᠳ ᠢ ᠳᠠᠭᠠᠭᠤᠯᠵᠤ ᠠᠪᠴᠤ ᠣᠴᠢᠭᠠᠤᠨ ᠰᠤᠷᠤᠯᠴᠠᠭᠤᠯᠵᠤ᠂ ᠵᠦᠪᠯᠠᠯᠳᠤ ᠶᠢᠨ ᠮᠡᠷᠭᠡᠵᠢᠯᠳᠡᠳ ᠢ ᠵᠠᠯᠠᠵᠤ ᠠᠪᠴᠤ ᠢᠷᠡᠭᠦ ᠪᠣᠶᠤ ᠨᠠᠷᠢᠨ ᠨᠤᠤᠰᠤᠳᠤ ᠬᠤᠨᠢ ᠶᠢᠨ ᠬᠤᠴᠠ᠂ ᠠᠵᠢᠷᠭ᠎ᠠ᠂ ᠳᠠᠷᠢᠶᠠᠯᠠᠩ ᠤᠨ ᠪᠠᠭᠠᠵᠢ ᠭᠡᠷᠡᠭ᠍ᠰᠡᠯ ᠵᠡᠷᠭᠡ ᠶᠢ ᠠᠪᠴᠤ ᠢᠷᠡᠭ᠍ᠰᠡᠨ ᠁》 ᠭᠡᠵᠤ ᠪᠣᠳᠠᠳᠠᠢ ᠳᠡᠦᠭᠡ ᠯᠦᠭᠡ ᠦᠯᠦ ᠨᠡᠢ᠌ᠴᠡᠭᠦ ᠬᠤᠳᠠᠯ ᠬᠠᠭᠤᠷᠠᠮᠠᠭ ᠳᠡᠦᠭᠡ ᠵᠤᠬᠢᠶᠠᠵᠤ᠂ 1933 ᠣᠨ ᠡᠴᠡ ᠬᠣᠢ᠌ᠰᠢᠭᠢ ᠳᠡᠦᠭᠡ ᠯᠦᠭᠡ ᠶᠠᠮᠠᠷᠴᠤ ᠬᠠᠷᠢᠴᠠᠭ᠎ᠠ ᠬᠤᠯᠪᠣᠭ᠎ᠠ ᠦᠭᠡᠶ ᠰᠢᠠᠴᠢᠨ ᠭᠡᠭᠡᠨ ᠳᠤ ᠪᠣᠰᠤᠳ ᠤᠨ ᠥᠢᠯᠡᠳᠦᠭ᠍ᠰᠡᠨ ᠰᠠᠢ᠌ᠨ ᠭᠡᠷᠡᠭ᠌ ᠢ ᠬᠠᠷ᠎ᠠ ᠠᠯᠪᠠ ᠪᠠᠷ ᠳᠤᠬᠤᠵᠤ᠂ ᠳᠡᠭᠦᠨ ᠢ ᠶᠠᠭᠤᠨᠠᠢ 《ᠥᠭᠡᠷᠡᠴᠢᠯᠡᠭ᠍ᠴᠢ》 ᠭᠡᠮᠡᠨ ᠡᠷᠭᠦᠨ ᠮᠠᠭᠳᠠᠵᠤ᠂ ᠬᠠᠷᠢᠨ ᠨᠡᠢ᠌ᠭᠡᠮ ᠨᠠᠢ᠌ᠳᠠ ᠳᠤ ᠠᠴᠢ ᠳᠤᠰᠠ ᠲᠡᠶ ᠠᠵᠢᠯ ᠭᠢᠭ᠍ᠰᠡᠨ ᠭᠦᠮᠦᠰ ᠢ ᠮᠠᠭᠤ ᠨᠠᠷ᠎ᠠ ᠲᠡᠶ ᠮᠤᠳᠤᠨ ᠳᠠᠩᠰᠠ ᠲᠡᠶ ᠭᠦᠮᠤᠨ ᠪᠣᠯᠭᠠᠭᠰᠠᠨ ᠪᠠᠢ᠌ᠨ᠎ᠠ᠃ ᠵᠠᠷᠢᠮ ᠰᠤᠳᠤᠯᠤᠭᠴᠢᠨ ᠳᠡᠦᠭᠡᠨ ᠦᠨᠡᠨ ᠬᠤᠳᠠᠯ ᠢ ᠪᠠᠢ᠌ᠴᠠᠭᠠᠨ ᠰᠢᠡᠵᠢᠯᠡᠭᠦ ᠦᠭᠡᠶ ᠪᠠᠷ ᠭᠡᠪ ᠶᠢᠡᠷ ᠨᠢ ᠬᠠᠭᠤᠯᠤᠨ ᠡᠰᠢ ᠳᠠᠳᠠᠵᠤ ᠵᠤᠬᠢᠶᠠᠯ ᠪᠢᠴᠢᠵᠤ ᠪᠠᠢ᠌ᠬᠤ ᠳᠤᠯᠠ᠂ ᠡᠨᠡ ᠭᠦ ᠳᠡᠦᠭᠡ ᠶᠢ ᠮᠡᠳᠡᠭᠦ ᠦᠭᠡᠶ ᠣᠢ᠌ᠯᠭᠠᠬᠤ ᠦᠭᠡᠶ ᠭᠦᠮᠦᠰ ᠤᠨ ᠳᠠᠷᠢᠭᠢ ᠳᠤᠯᠤᠠᠭᠠᠢ ᠶᠢ ᠡᠷᠭᠢᠭᠦᠯᠤᠨ ᠳᠦᠭᠡᠷᠢᠭ᠍ᠳᠡᠭᠦᠯᠵᠤ ᠪᠣᠷᠤᠭᠤ ᠣᠢ᠌ᠯᠭᠠᠯᠳᠠ ᠥᠭ᠍ᠴᠤ ᠪᠠᠢ᠌ᠨ᠎ᠠ᠃   ᠡᠨᠡ ᠭᠦ ᠪᠠᠢ᠌ᠳᠠᠯ ᠤᠨ ᠳᠤᠬᠠᠢ ᠬᠤ ᠪᠠᠡᠭ᠌ ᠵᠤ ᠄ 《ᠱᠠᠰᠢᠨ ᠳᠠᠭᠠᠨ ᠲᠤᠢ᠌ᠯ ᠤᠨ ᠰᠥᠰᠦᠭ᠌ ᠪᠢᠰᠢᠷᠠᠯ ᠲᠡᠶ ᠳᠤᠷᠭᠤᠳ ᠤᠨ ᠠᠷᠠᠤᠨ ᠲᠦᠮᠡᠨ ᠰᠥᠰᠦᠭᠯᠡᠨ ᠮᠦᠷᠭᠦᠵᠤ ᠪᠠᠢ᠌ᠭᠰᠠᠨ ᠭᠡᠭᠡᠨ ᠳᠡᠭᠡᠨ ᠳᠤᠭ᠎ᠠ ᠳᠤᠮᠰᠢ ᠦᠭᠡᠶ ᠢᠷᠠᠭᠤ ᠠᠯᠳᠠᠷ ᠣᠯᠭᠤᠵᠤ ᠪᠠᠢ᠌ᠬᠤ ᠶᠠᠪᠣᠳᠠᠯ ᠢ ᠨᠢ ᠣᠢ᠌ᠯᠭᠠᠵᠤ ᠪᠣᠯᠤᠮᠠᠷ ᠶᠤᠮ᠃ ᠭᠡᠳᠡᠯ᠎ᠡ᠂ ᠨᠡᠢ᠌ᠭᠡᠮ ᠵᠢᠷᠤᠮᠳᠤ ᠴᠠᠭ ᠦᠶ᠎ᠡ ᠶᠢᠨ ᠭᠠᠵᠠᠷ ᠣᠷᠤᠨ ᠤ ᠳᠡᠦᠭᠡᠨ ᠣᠢ᠌ᠯᠠᠯᠭ᠎ᠠ ᠶᠢᠨ ᠠᠵᠢᠯᠳᠠᠤᠨ ᠬᠠᠷᠢᠨ ᠳᠡᠦᠭᠡᠨ ᠦᠨᠡᠨ ᠬᠤᠳᠠᠯ ᠢ ᠨᠢ ᠢᠯᠭᠠᠬᠤ ᠦᠭᠡᠶ ᠪᠠᠷ ᠳᠤᠯᠤᠭᠠᠢ ᠨᠢ ᠡᠷᠭᠢᠭᠡᠳ ᠳᠦᠭᠡᠷᠢᠭ᠍ᠰᠡᠨ ᠨᠢ ᠥᠨᠡᠭᠡᠷ ᠢᠨᠢᠶᠠᠳᠤᠮ ᠭᠦᠷᠭᠡᠮᠡᠷ ᠭᠡᠷᠡᠭ᠌ ᠪᠣᠯᠤᠭᠰᠠᠨ ᠪᠠᠢ᠌ᠨ᠎ᠠ》 [ 74] ᠭᠡᠵᠤ ᠰᠢᠭᠦᠮᠵᠢᠯᠡᠵᠤ ᠭᠡᠯᠡᠭ᠍ᠰᠡᠨ ᠪᠠᠢ᠌ᠨ᠎ᠠ᠃

     ᠳᠡᠦᠭᠡᠨ ᠰᠤᠳᠤᠯᠤᠯ ᠳᠤ ᠳᠡᠦᠭᠡᠳᠤ ᠭᠦᠮᠤᠨ ᠳᠡᠦᠭᠡᠳᠤ ᠭᠡᠷᠡᠭ᠌ ᠶᠠᠪᠣᠳᠠᠯ ᠤᠨ ᠳᠤᠬᠠᠢ ᠵᠦᠷᠢᠶ᠎ᠠ ᠭᠠᠷᠴᠤ᠂ ᠠᠳᠠᠯᠢ ᠪᠣᠰᠤ ᠶᠢᠨ ᠦᠵᠡᠯᠳᠠ ᠲᠡᠶ ᠪᠣᠯᠬᠤ ᠨᠢ ᠮᠠᠰᠢ ᠡᠡᠭ᠌ ᠤᠨ ᠥᠵᠡᠭ᠍ᠳᠡᠯ ᠪᠣᠯᠤᠨ᠎ᠠ᠃ ᠭᠡᠪᠴᠤ ᠳᠡᠦᠭᠡ ᠶᠢᠨ ᠮᠠᠲ᠋ᠸᠷᠢᠶᠠᠯ ᠳᠤ ᠭᠢᠨᠠᠮᠭᠠᠢ ᠣᠪᠣᠷ ᠶᠢᠡᠷ ᠬᠠᠠᠳᠤᠬᠤ ᠶᠠᠪᠣᠳᠠᠯ ᠪᠣᠯ ᠳᠡᠦᠭᠡᠨ ᠰᠤᠳᠤᠯᠤᠯ ᠳᠤ ᠠᠪᠴᠤ ᠭᠡᠯᠡᠪᠠᠯ ᠲᠤᠢ᠌ᠯ ᠤᠨ ᠴᠢᠬᠤᠯᠠ ᠱᠠᠭᠠᠷᠳᠠᠯᠭ᠎ᠠ ᠪᠣᠯᠬᠤ ᠶᠤᠮ᠃ ᠳᠡᠦᠭᠡᠳᠤ ᠭᠦᠮᠤᠨ ᠪᠣᠯᠤᠨ ᠳᠡᠦᠭᠡᠳᠤ ᠭᠡᠷᠡᠭ᠌ ᠶᠠᠪᠣᠳᠠᠯ ᠢ ᠪᠢᠴᠢᠭᠦ ᠳᠡᠭᠡᠨ ᠣᠯᠠᠨ ᠳᠠᠯ᠎ᠠ ᠶᠢᠨ ᠮᠠᠲ᠋ᠸᠷᠢᠶᠠᠯ ᠢ ᠰᠠᠢ᠌ᠳᠤᠷ ᠠᠰᠢᠭᠯᠠᠵᠤ᠂ ᠨᠠᠷᠢᠨ ᠨᠢᠭᠳᠠ ᠰᠥᠪᠠᠭ᠍ᠴᠢᠯᠡᠭᠦ ᠨᠢ ᠰᠤᠳᠤᠯᠤᠭᠴᠢ ᠨᠢᠭᠡᠪᠦᠷᠢ ᠶᠢᠨ ᠳᠡᠦᠭᠡ ᠶᠢᠨ ᠬᠠᠷᠢᠭᠤᠴᠠᠯᠭ᠎ᠠ ᠪᠣᠯᠤᠨ᠎ᠠ᠃ ᠡᠢ᠌ᠮᠤ ᠡᠴᠡ᠂ ᠨᠡᠢ᠌ᠭᠡᠮ ᠳᠤ ᠬᠠᠷᠢᠭᠤᠴᠠᠯᠭ᠎ᠠ ᠲᠡᠶ᠂ ᠳᠡᠦᠭᠡ ᠳᠤ ᠬᠠᠷᠢᠭᠤᠴᠠᠯᠭ᠎ᠠ ᠲᠡᠶ ᠣᠪᠣᠷ ᠶᠢᠡᠷ ᠦᠨᠡᠨ ᠥᠭᠡ ᠭᠡᠯᠡᠵᠤ᠂ ᠦᠨᠡᠨ ᠳᠡᠦᠭᠡ ᠪᠢᠴᠢᠵᠤ᠂ ᠬᠤᠳᠠᠯ ᠬᠠᠭᠤᠷᠮᠠᠭ ᠪᠢᠴᠢᠭ᠍ᠰᠡᠨ ᠳᠡᠦᠭᠡ ᠶᠢ ᠰᠢᠭᠦᠮᠵᠢᠯᠡᠨ ᠵᠠᠯᠠᠷᠠᠭᠤᠯᠵᠤ᠂ ᠳᠡᠦᠭᠡ ᠶᠢᠨ ᠦᠨᠡᠨ ᠪᠠᠢ᠌ᠳᠠᠯ ᠢ ᠣᠯᠠᠨ ᠲᠦᠮᠡᠨ ᠳᠤ ᠵᠦᠪ ᠳᠠᠨᠢᠭᠤᠯᠬᠤ ᠶᠠᠪᠣᠳᠠᠯ ᠪᠣᠯ ᠣᠳᠤᠬᠠᠨ᠎ᠠ ᠭᠢᠭᠦ ᠵᠦᠪᠳᠠᠢ ᠴᠢᠬᠤᠯᠠ ᠠᠵᠢᠯ ᠪᠣᠯᠬᠤ ᠶᠤᠮ᠃


ᠳᠠᠢ᠌ᠯᠪᠣᠷᠢ ᠄

1᠂ 2᠂ 6᠂ 13᠂ 54᠂ 57᠂ 60᠂ 61 《新疆简史》 (第三册)新疆人民出版社1987年出版,第142᠂ 145᠂ 155᠂ 210᠂ 223᠂ 227᠂ 215᠂ 221页。

3曾笆吾帧吨泄ᠲ᠋饔蚴贰沸陆岫自治堑胤街咀鼙嗍抑匦屡庞。︖13页。

4 新疆省政府秘书处圾躬室档,、政:2——2——746、第10页、现存自治堑蛋腹荨︖

5 新疆省政府秘书处圾躬室档案,政:2——2——746、第1页 和“新疆省政府秘书处圾躬室档案,政:2——2——746、第10页”、以及 《西域研究》 2006年2期,第54页᠂ 新疆省政府秘书处圾躬室档案,政:2——2——1054。

7 ᠰᠢᠯᠢᠭ᠌ ᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠷᠭᠤᠳ ᠤᠨ ᠪᠤᠶᠡᠡᠮᠦ᠋ᠩᠭᠡ ᠬᠠᠨ ᠸᠠᠩ ᠤᠨ ᠪᠠᠭᠰᠢ ᠪᠣᠯᠤᠨ ᠳᠤᠰᠠᠯᠠᠭᠠᠴᠢ ᠪᠠᠶᠠᠷ ᠤᠨ ᠣᠤᠭᠠᠨ ᠭᠦᠤ᠂ 1891 ᠣᠨ ᠳᠤ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠴᠠᠭᠠᠳᠠᠨ ᠬᠤᠰᠢᠭᠤᠨ ᠤ ᠳᠦᠴᠢᠳ ᠰᠤᠮᠤᠨ ᠳᠤ ᠳᠦᠷᠤᠵᠠᠢ᠃ ᠬᠤᠱᠤᠳ ᠶᠠᠰᠤᠳᠠᠢ᠂ ᠪᠤᠷᠵᠢᠭᠢᠳ ᠣᠪᠣᠭᠳᠠᠢ᠃ ᠳᠠᠷᠠ ᠪᠣᠯ ᠳᠤᠷᠭᠤᠳ ᠤᠨ ᠮᠠᠠᠴᠤᠭᠵᠠᠪ ᠬᠠᠨ ᠸᠠᠩ ᠤᠨ ᠪᠠᠭᠰᠢ ᠪᠣᠯᠤᠨ ᠳᠤᠰᠠᠯᠠᠭᠠᠴᠢ᠂ ᠬᠠᠭᠤᠴᠢᠨ ᠳᠤᠷᠭᠤᠳ ᠤᠨ ᠡᠮᠦᠨ᠎ᠡ ᠠᠢ᠌ᠮᠠᠭ ᠤᠨ ᠣᠷᠤᠯᠠᠭᠴᠢ ᠳᠠᠷᠤᠭ᠎ᠠ᠂ ᠡᠮᠦᠨ᠎ᠡ ᠰᠢᠠᠵᠢᠶᠠᠩ ᠤᠨ ᠳᠡᠭᠡᠷᠡᠮ ᠢ ᠣᠰᠠᠳᠬᠠᠬᠤ ᠲ᠋ᠠᠳ᠋ ᠶᠡᠷᠦᠩᠭᠡᠢ ᠵᠢᠯᠤᠭᠤᠳᠤᠭᠴᠢ᠂ ᠰᠢᠠᠵᠢᠶᠠᠩ ᠤᠨ ᠮᠤᠩᠭ᠋ᠤᠯ ᠮᠤᠷᠢᠳᠤ ᠴᠡᠷᠢᠭ᠌ ᠤᠨ ᠬᠤᠰᠢᠭᠤᠴᠢ ᠭᠧᠨᠧᠷᠡᠯ᠂ ᠰᠢᠠᠵᠢᠶᠠᠩ ᠮᠤᠵᠢ ᠶᠢᠨ ᠰᠤᠷᠭᠠᠨ ᠭᠦᠮᠦᠵᠢᠯ ᠤᠨ ᠳᠢᠩᠭᠢᠮ ᠤᠨ ᠳᠠᠳ᠋ ᠳᠠᠷᠤᠭ᠎ᠠ᠂ ᠰᠢᠠᠵᠢᠶᠠᠩ ᠤᠨ ᠮᠤᠩᠭ᠋ᠤᠯ ᠦᠨᠳᠦᠰᠦᠳᠠᠨ ᠤ ᠰᠤᠶᠤᠯ ᠢ ᠠᠭᠢᠭᠤᠯᠬᠤ ᠶᠡᠷᠦᠩᠭᠡᠢ ᠬᠤᠷᠠᠯ ᠤᠨ ᠡᠭᠦᠳᠦᠭ᠍ᠴᠢ ᠪᠦᠭᠡᠳ ᠠᠩᠬᠠᠳᠠᠭᠴᠢ ᠳᠠᠷᠤᠭ᠎ᠠ ᠵᠡᠷᠭᠡ ᠳᠤᠰᠢᠶᠠᠯ ᠢ ᠡᠭᠦᠷᠭᠡᠯᠡᠵᠤ ᠶᠠᠪᠣᠭᠰᠠᠨ ᠭᠦᠮᠤᠨ᠃ 1937 ᠣᠨ ᠳᠤ ᠱᠸᠩ ᠱᠢ ᠼᠠᠢ ᠳᠤ ᠪᠠᠷᠢᠪᠴᠢᠯᠠᠭᠳᠠᠨ ᠭᠢᠠᠳᠠᠨ ᠳᠤ ᠬᠤᠷᠢᠭᠳᠠᠵᠤ᠂ 1939 ᠣᠨ ᠳᠤ ᠬᠤᠤᠷᠠᠯᠠᠭᠳᠠᠨ ᠠᠯᠠᠭᠳᠠᠭᠵᠠᠢ᠃

8 ᠪᠠᠠᠳᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠱᠤᠳ ᠤᠨ ᠪᠠᠢ᠌ᠰᠠ ᠨᠤᠶᠠᠨ᠂ ᠪᠠᠰᠠ ᠪᠠᠠᠳᠢ ᠵᠦᠨ ᠸᠠᠩ ᠴᠤ ᠭᠡᠳᠡᠭ᠌᠂ ᠰᠢᠠᠵᠢᠶᠠᠩ ᠤᠨ ᠮᠤᠩᠭ᠋ᠤᠯ ᠮᠤᠷᠢᠳᠤ ᠴᠡᠷᠢᠭ᠌ ᠤᠨ ᠬᠤᠰᠢᠭᠤᠴᠢ ᠭᠧᠨᠧᠷᠡᠯ ᠵᠡᠷᠭᠡ ᠲᠡᠶ ᠭᠦᠮᠤᠨ᠃ 1937 ᠣᠨ ᠳᠤ ᠱᠸᠩ ᠱᠢ ᠼᠠᠢ ᠳᠤ ᠮᠠᠠᠴᠤᠭᠵᠠᠪ  ᠪᠣᠯᠤᠨ ᠰᠢᠯᠢᠭ᠌ ᠲᠡᠶ ᠬᠠᠮᠳᠤ ᠪᠠᠷᠢᠪᠴᠢᠯᠠᠭᠳᠠᠨ ᠭᠢᠠᠳᠠᠨ ᠳᠤ ᠬᠤᠷᠢᠭᠳᠠᠵᠤ᠂ ᠬᠣᠢ᠌ᠨ᠎ᠠ ᠨᠢ ᠪᠠᠰᠠ ᠬᠤᠤᠷᠠᠯᠠᠭᠳᠠᠨ ᠠᠯᠠᠭᠳᠠᠭᠵᠠᠢ᠃

9᠂ 12᠂ 17 陈慧渗堍陈超帧睹窆᠂ 新疆人民出版社1999年出版,第258᠂ 297᠂ 288页。

10 黄建 《锅滕柴党政府的新疆政策研究》 民族出版社2003年出版,第53页.

11 《新疆地方史》᠂ 新疆大学出版社1991年出版᠂ 第277页。

14 张大军 《新疆风暴七十年》᠂ 台湾兰溪出版有限公司᠂ 1980年᠂ 第3756页。

15 共青团新疆维吾蹲灾吻 ᠊᠊᠊᠊᠊᠊᠊᠊᠊᠊᠊᠊᠊᠊᠊ 被幔寺肪陆焓麓湍罟荼︖新疆民众反帝联合会章程A.新疆民众反帝联合会资料汇编M.乌鲁木齐新疆青少年出版社,1986.16 《新疆文史资料选辑》 第二十二辑,新疆人民出版社1987年出版,第50页。

18᠂ 21᠂ 22᠂ 23  24᠂ 25᠂ 36᠂ 38᠂ [39 ]᠂ [40]᠂ [42]᠂ [43]᠂ [44]᠂ [45]᠂ [46]᠂ [47]᠂ [48]᠂ [49]᠂ [58]᠂ [64]᠂ [72] 《ᠤᠢ᠌ᠷᠠᠤᠨ ᠮᠤᠩᠭ᠋ᠤᠯ ᠤᠨ ᠳᠤᠪᠴᠢ ᠳᠡᠦᠭᠡ》 (ᠳᠤᠤᠷᠠᠳᠤ ᠳᠠᠪᠳᠠᠷ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ᠂ 2000 ᠣᠨ ᠤ ᠭᠡᠪᠯᠡᠯ᠂ ᠮᠤᠩᠭ᠋ᠤᠯ ᠭᠡᠪᠯᠡᠯ ᠤᠨ 411᠂ 411᠂ 411᠂ 411᠂ 414᠂ 417᠂ 418᠂ 412᠂ 411᠂ 412᠂ 414᠂ 411᠂ 414᠂ 411᠂ 414᠂ 413᠂ 411᠂ 412᠂ 402᠂ 418᠂ 414 ᠳ᠋ᠤᠭᠡᠷ ᠨᠢᠭᠤᠷ ᠲᠤ ᠪᠣᠢ᠃᠃

19᠂ 67新疆励狗与现状系列研究综合项目︖新疆励狗档案文献丛刊 《近带郝疆蒙古励狗档案》 新疆维吾蹲灾吻档案局、中锅圭会科学院边疆史地中心᠂ 《新疆通史》 编撰委员会编、新疆人民出版社2007年出版᠂ 第144页᠂ 西里克于1935年1月26日上报“蒙文会为报本会成立及启用关防等事致省政府的呈”。第255页 《农矿厅为购焉耆骒马以改良品种事致省政府的呈》 。

20᠂ 41 《新疆励狗研究论文选编》 (民锅觏)新疆人民出版社2008年出版᠂ 第300᠂ 316页。

26 《ᠰᠢᠠᠵᠢᠶᠠᠩ ᠤᠨ ᠪᠣᠷᠤᠳᠠᠯ᠎ᠠ ᠶᠢᠨ ᠮᠤᠩᠭ᠋ᠤᠯ ᠦᠨᠳᠦᠰᠦᠳᠠᠨ ᠤᠨ ᠭᠦᠭ᠍ᠵᠢᠯ ᠤᠨ ᠳᠤᠪᠴᠢ ᠳᠡᠦᠭᠡ》 (ᠳᠤᠳᠤ ᠮᠤᠩᠭ᠋ᠤᠯ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠡ 2003 ᠣᠨ ᠳᠤ ᠭᠡᠪᠯᠡᠭ᠍ᠰᠡᠨ ᠤᠨ 104 ᠳ᠋ᠤᠭᠡᠷ ᠨᠢᠭᠤᠷ ᠲᠤ ᠪᠣᠢ᠃

27 《ᠪᠣᠷᠤᠳᠠᠯ᠎ᠠ ᠶᠢᠨ ᠳᠡᠦᠭᠡ ᠶᠢᠨ ᠮᠠᠲ᠋ᠸᠷᠢᠶᠠᠯ》 (3 ᠳ᠋ᠤᠭᠠᠷ ᠳᠠᠪᠳᠠᠷ)220 ᠳ᠋ᠤᠭᠠᠷ ᠨᠢᠭᠤᠷ ᠲᠤ ᠪᠣᠢ᠃ 《博端氖纷柿稀返谌20页。

28᠂ 29᠂ [31]᠂ 32᠂ 33᠂ 34᠂ 35᠂ 56᠂ 59᠂ 62᠂ 69᠂ 70 《ᠢᠯᠢ ᠶᠢᠨ ᠰᠤᠶᠤᠯ ᠳᠡᠦᠭᠡ ᠶᠢᠨ ᠮᠠᠲ᠋ᠸᠷᠢᠶᠠᠯ ᠤᠨ ᠮᠤᠩᠭ᠋ᠤᠯ ᠦᠨᠳᠦᠰᠦᠳᠠᠨ ᠤᠨ ᠳᠤᠰᠬᠠᠢ ᠡᠮᠭᠢᠳᠭᠡᠯ》 (ᠳᠤᠳᠤ ᠮᠤᠩᠭ᠋ᠤᠯ) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ ᠡᠴᠡ 2004 ᠣᠨ ᠳᠤ ᠭᠡᠪᠯᠡᠭ᠍ᠰᠡᠨ ᠤ 226᠂ 146᠂ 423᠂ 423᠂   670᠂ 675᠂ 733᠂ 228᠂ 574᠂ 574᠂ 575᠂ 575 ᠳ᠋ᠤᠭᠠᠷ ᠨᠢᠭᠤᠷ ᠲᠤ ᠪᠣᠢ᠃

30 《ᠰᠢᠠᠵᠢᠶᠠᠩ ᠤᠨ ᠡᠳᠦᠷ ᠤᠨ ᠰᠤᠨᠢᠨ》 2003 ᠣᠨ ᠤ 9 ᠰᠠᠷ᠎ᠠ ᠶᠢᠨ 11 ᠡᠳᠦᠷ ᠲᠤ ᠪᠣᠢ᠃

37 《新疆励狗与文化》 新疆社会科学院励狗研究锁厨圾灌,新疆人民出版社2007年出版,第310页.

50᠂ 51 《新疆文史资料选辑》 第二十辑,新疆人民出版社1985年出版,第47᠂ 51页 。

52᠂ 63 《维吾蹲寮蚴贰沸陆嗣癯霭嫔︖991年出版,第268᠂ 267页。

53 张大军: 《新疆风暴七十年》 台湾兰溪出版有限公司,1980年,第3627页。

55 《ᠪᠣᠷᠤᠳᠠᠯ᠎ᠠ ᠶᠢᠨ ᠳᠡᠦᠭᠡ ᠶᠢᠨ ᠮᠠᠲ᠋ᠸᠷᠢᠶᠠᠯ》 (2 ᠳ᠋ᠤᠭᠡᠷ ᠳᠠᠪᠳᠠᠷ)187 ᠳ᠋ᠤᠭᠠᠷ ᠨᠢᠭᠤᠷ ᠲᠤ ᠪᠣᠢ᠃

65᠂ 66 《和静县志》 新疆人民出版社1995年出版,第257᠂ 258页。

68 《ᠰᠢᠠᠵᠢᠶᠠᠩ ᠤᠨ ᠨᠠᠷᠢᠨ ᠨᠤᠤᠰᠤᠳᠤ ᠬᠤᠨᠢᠨ》 (ᠳᠤᠳᠤ ᠥᠰᠦᠭ᠌) ᠰᠢᠠᠵᠢᠶᠠᠩ ᠤᠨ ᠠᠷᠠᠤᠨ ᠤᠨ ᠭᠡᠪᠯᠡᠯ ᠤᠨ ᠬᠤᠷᠢᠶ᠎ᠠ 1982 ᠣᠨ ᠤ 10 ᠰᠡᠷ᠎ᠡ  ᠭᠡᠪᠯᠡᠯ ᠤᠨ 1 ᠳ᠋ᠤᠭᠡᠷ ᠨᠢᠭᠤᠷ ᠲᠤ ᠪᠣᠢ᠃

71 《土鹅杼夭柯涫贰氛盘逑戎、当带裥锅弼版社1999年出版、第248页。

73 《近带郝疆史事述论》 杨策著ガ中央民族大学出版社2007年出版,第248页。

74 《罗布淖队胪炼扈特研究》 壶骖铸著ガ新疆人民出版社2009年出版,第239页。


ᠲ᠋ᠤᠰ ᠥᠭᠦᠯᠡᠯ 《ᠳᠤᠮᠳᠠᠳᠤ ᠣᠯᠤᠰ ᠤᠨ ᠮᠤᠩᠭ᠋ᠤᠯ ᠰᠤᠳᠤᠯᠤᠯ》 ᠰᠡᠳᠭᠦᠯ ᠤᠨ 2011 ᠣᠨ ᠤ 1 ᠳ᠋ᠤᠭᠡᠷ ᠬᠤᠭᠤᠴᠠᠭ᠎ᠠ ᠳᠤ ᠨᠡᠢ᠌ᠳᠡᠯᠡᠭ᠍ᠳᠡᠭ᠍ᠰᠡᠨ ᠶᠤᠮ᠃

ᠵᠤᠬᠢᠶᠠᠭᠴᠢ᠄ ᠴᠠ᠊·ᠮᠠᠠᠳᠠᠷᠠᠸ᠎ᠠ
ᠢᠷᠡᠯᠲᠡ᠄ ᠥᠭᠡᠯᠡᠳ ᠭᠠᠯᠳᠠᠨ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 12118
ᠴᠠᠭ᠄ 2011 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ