ᠨᠡᠪᠲᠡᠷᠡᠨ ᠤᠷᠤᠬᠤ
ᠬᠤᠳᠠᠯᠴᠢ ᠶᠢᠨ ᠣᠷᠤᠯᠳᠤᠭᠠᠨ

ᠪᠠᠯᠭᠠᠠᠰᠠᠩ ᠬᠤᠠᠳᠠᠭᠠᠳᠤ ᠬᠤᠳᠠᠯᠴᠢ ᠶᠢᠨ ᠣᠯᠠᠨ ᠣᠯᠤᠰ ᠤᠨ ᠣᠷᠤᠯᠳᠤᠭᠠᠨ

ᠪᠠᠯᠵᠢᠨᠢᠮ᠎ᠠ ᠶᠢᠨ ᠣᠢ᠌ᠯᠠ ᠠᠵᠢᠯᠯᠠᠭᠠᠨ ᠤ ᠦᠷᠭᠦᠯᠵᠢᠯᠡᠯ

ᠳᠠᠯᠠᠨ ᠬᠤᠳᠠᠯᠴᠢ ᠶᠢᠨ ᠥᠭᠡᠨ ᠪᠠᠶᠠᠯᠢᠭ ᠤᠨ ᠳᠤᠭᠠᠴᠢᠯᠳᠠ

ᠳᠠᠭᠠᠮᠠᠭᠠᠢ ᠡᠷᠡᠰ ᠤᠨ ᠮᠢᠩᠭ᠋ᠠᠨ ᠳᠠᠪᠠᠭᠠᠨ ᠤ ᠨᠤᠭᠤᠯᠠᠭ᠎ᠠ

ᠳᠠᠩᠴᠢ ᠡᠷᠳᠡᠨ ᠤ ᠬᠤᠶᠠᠷ ᠮᠢᠩᠭ᠎ᠠ ᠠᠷᠪᠠᠨ ᠣᠨ᠎ᠠ

ᠳᠠᠯᠠᠢ ᠨᠠᠭᠤᠷ ᠤᠨ ᠢᠷᠤᠭᠠᠷ ᠲᠤᠷ ᠶᠠᠪᠣᠭᠳᠠᠵᠤᠬᠤᠢ


ᠨᠠᠷ᠎ᠠ ᠮᠡᠳᠡᠭᠦᠯᠦᠭ᠍ᠰᠡᠳ ᠡᠳᠦᠷ ᠰᠦᠨᠢ ᠶᠢᠨ ᠵᠠᠭᠠᠭ ᠶᠢᠡᠷ ᠠᠶᠠᠯᠠᠵᠤ

ᠨᠡᠯᠦᠭᠡᠷ ᠳᠠᠯᠠᠢ ᠶᠢᠨ ᠢᠷᠤᠭᠠᠷ ᠣᠷᠤᠭᠤ ᠦᠰᠦᠷᠤᠨ ᠣᠷᠤᠮᠤᠢ

ᠨᠡᠭᠡᠢ ᠳᠠᠪᠠᠯ ᠤᠨ ᠡᠩᠭᠡᠷ ᠣᠪᠣᠯᠵᠠᠳᠠᠯ᠎ᠠ ᠳᠤᠭᠳᠤᠯᠵᠤ

ᠨᠠᠷᠠᠳᠤ ᠭᠦᠮᠦᠰ ᠶᠢᠡᠷ ᠭᠠᠷ ᠤᠨ ᠥᠰᠦᠭ᠌ ᠵᠢᠷᠤᠭᠤᠯᠤᠭᠰᠠᠤᠨ ᠴᠤᠪᠣᠷᠠᠮᠤᠢ

ᠨᠡᠭᠡᠯ ᠬᠠᠳᠠᠭᠤ ᠮᠤᠩᠭ᠋ᠤᠯ ᠤᠨ ᠰᠢᠯᠭᠠᠷᠠᠭᠰᠠᠨ ᠬᠤᠳᠠᠯᠴᠢᠳ

ᠨᠠᠷᠠᠳᠠᠢ ᠨᠡᠷᠡᠭᠦᠢ ᠣᠯᠠᠨ ᠰᠤᠷᠪᠣᠯᠵᠢᠯᠠᠭᠴᠢᠳ ᠲᠡᠶ ᠬᠠᠮᠳᠤ ᠶᠠᠭᠠᠷᠠᠮᠤᠢ

ᠨᠢᠭᠡᠳᠦᠭᠡᠷ ᠨᠤᠭᠤᠯᠠᠭ᠎ᠠ ᠳᠤ ᠭᠢᠨᠠᠭᠴᠢ ᠭᠡᠷᠡᠭ᠌ ᠥᠭᠡᠢ

ᠨᠢᠭᠡ ᠯᠠ ᠥᠭᠡ ᠶᠢᠨ ᠬᠠᠯᠠ ᠳᠠᠭᠠᠭᠠᠬᠤ ᠦᠭᠡᠶ ᠢᠨᠤ ᠣᠨᠠᠮᠤᠢ

ᠨᠢᠭᠡᠴᠢ ᠨᠠᠢ᠌ᠳᠠ ᠶᠢᠨ ᠰᠤᠷᠭᠠᠭᠴᠢᠳ ᠵᠦᠷᠢᠯᠳᠤᠨ

ᠨᠢᠮᠪᠠᠢ ᠵᠤᠬᠢᠶᠠᠨ ᠪᠠᠢ᠌ᠭᠤᠯᠤᠭᠰᠠᠨ ᠬᠤᠶᠠᠳᠤᠭᠠᠷ ᠨᠤᠭᠤᠯᠠᠭᠠᠨ ᠳᠤ ᠣᠷᠤᠮᠤᠢ

ᠨᠢᠭᠡᠮᠦᠰᠤᠨ ᠰᠡᠭᠡᠵᠤ᠂   ᠳᠦᠪᠯᠡᠭᠦᠨ ᠶᠢᠡᠨ ᠠᠯᠳᠠᠵᠤ

ᠨᠢᠷᠭᠡᠭ᠍ᠳᠡᠭ᠍ᠰᠡᠨ ᠶᠤᠮᠰᠢᠭ ᠣᠨᠤᠭ᠎ᠠ ᠠᠯᠳᠠᠭᠰᠠᠤᠨ ᠪᠠᠰᠠ ᠪᠠᠢ᠌ᠮᠤᠢ

ᠨᠠᠭᠤᠷ ᠤᠨ ᠣᠰᠤᠨ ᠲᠦᠪᠰᠢᠨ ᠡᠴᠠ ᠳᠡᠭᠡᠭᠡᠭ᠍ᠰᠢ

ᠨᠠᠭᠠᠨ᠎ᠠ ᠴᠠᠭᠠᠨ᠎ᠠ ᠦᠭᠡᠶ ᠣᠯᠠᠨ ᠳᠤᠯᠤᠭᠠᠢ ᠪᠣᠯᠳᠠᠯᠵᠠᠵᠤ

ᠨᠠᠮᠤᠭ ᠤᠨ ᠮᠡᠯᠡᠭᠡᠢ ᠭᠤᠸᠠᠭᠯᠠᠬᠤ ᠴᠠᠭ ᠢᠷᠡᠭ᠍ᠰᠡᠨ ᠰᠢᠭ᠌

ᠨᠠᠷᠠ ᠲᠡᠶ ᠬᠤᠷᠸ᠎ᠠ ᠶᠢᠨ ᠭᠤᠨᠢᠭ ᠵᠥᠳᠡᠭᠦᠷᠢ ᠢ ᠣᠮᠠᠷᠳᠠᠵᠤ

ᠨᠠᠢ᠌ᠷ ᠤᠨ ᠣᠯᠠᠨ ᠢᠨᠢᠶᠠᠳᠤ ᠪᠠᠶᠠᠰᠤᠯ ᠶᠢᠡᠨ ᠳᠠᠷᠤᠵᠤ ᠶᠠᠳᠠᠨ

ᠨᠠᠭᠠᠳᠤ ᠭᠠᠩᠭ᠋ᠠᠩ ᠨᠠᠭᠤᠷ ᠤᠨ ᠬᠠᠯᠢᠮᠤ ᠠᠮᠢᠰᠬᠤᠭ᠎ᠠ ᠠᠪᠬᠤ ᠰᠢᠭ

ᠨᠠᠢ᠌ᠷᠰᠠᠭ ᠳᠡᠯᠡᠭᠡᠢ ᠶᠢ ᠠᠷᠭᠠᠳᠠᠵᠤ ᠣᠰᠤᠨ ᠰᠤᠪᠣᠷᠭ᠎ᠠ ᠪᠣᠰᠬᠠᠮᠤᠢ


ᠭᠤᠳᠤᠯ ᠳᠡᠷᠯᠢᠭ᠌ ᠶᠢᠡᠷ ᠭᠤᠶᠤᠯᠠᠬᠤ ᠳᠤᠭᠳᠠᠭᠠᠯ ᠪᠦᠭᠦᠢ

ᠭᠤᠷᠪᠠᠳᠤᠭᠠᠷ ᠨᠤᠭᠤᠯᠠᠭ᠎ᠠ ᠡᠭᠢᠯᠡᠵᠤ ᠪᠠᠢ᠌ᠭ᠎ᠠ ᠨᠢ ᠢᠯᠡᠭᠡᠨ

ᠭᠤᠷᠮᠤᠰᠤᠨ ᠳᠠᠰᠢᠭᠤᠷ ᠶᠢᠡᠷ ᠭᠤᠶᠠᠳᠠᠬᠤ ᠰᠢᠤᠬᠠᠨ

ᠭᠤᠤᠯᠴᠢ ᠴᠠᠯᠴᠢᠶ᠎ᠠ ᠬᠤᠷᠴᠠ ᠭᠡᠯᠡ ᠲᠡᠶ ᠬᠤᠳᠠᠯᠴᠢ ᠤᠳ ᠢᠯᠠᠵᠤ

ᠭᠤᠳᠤᠷᠠᠭᠰᠠᠨ ᠴᠢᠷᠠᠢ ᠲᠡᠶ ᠳᠡᠷᠯᠢᠭ᠌ ᠪᠦᠰᠡ ᠪᠠᠨ ᠴᠢᠷᠦᠭ᠍ᠰᠡᠳ ᠥᠩᠭᠦᠷᠡᠮᠦᠢ

ᠭᠤᠠᠵᠢ ᠶᠢᠨ ᠵᠤᠭᠤᠭ ᠭᠡᠮᠡᠭ᠍ᠰᠡᠨ ᠭᠦᠳᠦᠯᠦᠭ᠍ᠴᠢ ᠳᠡᠪᠭᠡᠷᠤᠨ ᠪᠣᠰᠴᠤ

ᠭᠤᠤᠯ ᠡᠴᠡ ᠪᠠᠨ ᠬᠠᠢ᠌ᠷᠠᠳᠠᠢ ᠬᠤᠳᠠᠯᠮ᠎ᠠ ᠳᠠᠭᠠᠨ ᠪᠠᠶᠠᠷ ᠭᠦᠷᠭᠡᠨ᠎ᠡ

ᠭᠤᠴᠢ ᠦᠭᠡᠶ ᠴᠡᠯᠮᠡᠢ᠌ᠭ᠍ᠰᠡᠨ ᠳᠡᠭ᠍ᠷᠢ ᠭᠦᠷᠳᠡᠯ᠎ᠡ ᠣᠪᠯᠠᠬᠤ ᠳ᠋ᠤ

ᠭᠤᠷᠢ ᠦᠭᠡᠶ ᠰᠢᠬᠠᠭᠳᠠᠨ ᠳᠤᠰᠤᠯᠠᠭᠰᠠᠨ ᠨᠢᠯᠪᠣᠰᠤ ᠨᠢ ᠪᠣᠷᠤᠭᠠᠨ ᠰᠠᠨᠠᠭᠳᠠᠭᠤᠯᠤᠨ᠎ᠠ


ᠳᠦᠷᠦᠭᠡ ᠨᠠᠭᠤᠷ ᠢ ᠬᠤᠪᠬᠤ ᠰᠤᠷᠤᠵᠤ ᠥᠩᠭᠡᠷᠡᠭ᠍ᠰᠡᠨ ᠭᠡᠵᠤ

ᠳᠦᠷᠪᠠᠯᠵᠢᠨ ᠠᠮᠠ ᠲᠡᠶ ᠳᠠᠷᠪᠠᠢ ᠳᠠᠪᠠᠭ᠎ᠠ ᠳᠠᠪᠠᠯ᠎ᠠ

ᠳᠦᠩᠭᠡᠵᠢ ᠳᠡᠢ᠌ᠯᠦᠭ᠍ᠰᠡᠨ ᠡᠨᠡ ᠭᠦᠮᠤᠨ ᠤ ᠶᠠᠳᠠᠷᠠᠭ᠎ᠠ ᠶᠢ ᠳᠠᠢ᠌ᠯᠬᠤ ᠳ᠋ᠤ

ᠳᠦᠴᠢ ᠳᠠᠪᠢᠨ ᠭᠦᠮᠤᠨ ᠣᠷᠤᠵᠤ ᠡᠷᠡᠤ ᠳᠦᠭᠦᠰᠢ ᠶᠢ ᠨᠢ ᠨᠤᠬᠤᠯᠠᠮᠤᠢ

ᠳᠦᠭᠦᠮ ᠤᠨ ᠰᠢᠷᠭᠠᠯ ᠳᠠᠷᠠᠰᠤᠨ ᠤ ᠰᠢᠷᠠᠮ᠎ᠠ ᠶᠢ ᠳᠠᠪᠠᠭ᠎ᠠ ᠳᠠᠪᠠᠭᠤᠯᠬᠤ ᠭᠡᠵᠤ

ᠳᠦᠷᠪᠠ ᠶᠢᠨ ᠳᠠᠪᠠᠭᠠᠨ ᠤ ᠣᠠᠴᠠ ᠣᠷᠢᠭᠰᠠᠨ ᠭᠢᠨᠠᠭᠴᠢ ᠪᠣᠳᠤᠯ ᠨᠢᠭᠤᠨ᠎ᠠ

ᠳᠦᠷᠭᠦᠮ ᠳᠦᠷᠤᠯ ᠤᠨ ᠬᠤᠳᠠᠯᠴᠢᠳ ᠶᠢᠡᠨ ᠡᠷᠢᠵᠤ ᠮᠤᠩᠭᠢᠨᠠᠬᠤ ᠥᠭᠡᠢ

ᠳᠦᠰᠦᠭᠡ ᠳᠦᠷᠰᠤ ᠢᠵᠢᠯ ᠠᠹᠠᠷᠢᠺᠠ ᠶᠢᠨ ᠭᠢᠨ ᠢᠯᠭᠠᠷᠠᠨ᠎ᠠ


ᠳᠠᠩᠰᠤᠭ ᠬᠤᠷᠸ᠎ᠠ ᠶᠠᠭᠤ ᠪᠠᠷ ᠴᠤ ᠪᠠᠶᠠᠨ ᠢ ᠭᠠᠢ᠌ᠬᠠᠭᠤᠯᠵᠤ

ᠳᠠᠪᠤᠨ ᠳᠢᠪ ᠤᠨ ᠭᠦᠮᠦᠰ ᠪᠦᠷ ᠪᠣᠢ ᠪᠠᠰᠠ ᠨᠢᠭᠡᠨ ᠳᠠᠪᠠᠭ᠎ᠠ ᠠᠢ᠌ᠰᠤᠢ

ᠳᠠᠷᠠᠭ ᠠᠢ᠌ᠷᠠᠭ ᠤᠨ ᠦᠨᠦᠷ ᠬᠠᠩᠬᠤᠯᠤᠭᠰᠠᠨ ᠮᠢᠨᠤ ᠨᠤᠳᠤᠭ ᠭᠡᠮᠡᠵᠤ

ᠳᠠᠷᠭᠤᠨ ᠳᠠᠪᠠᠳᠠᠢ ᠣᠨ ᠳᠤ ᠣᠷᠤᠯ᠎ᠠ ᠭᠡᠵᠤ ᠱᠠᠯ ᠴᠠᠯᠴᠢᠨ

ᠳᠠᠢ᠌ᠵᠢ ᠣᠭᠰᠠᠭᠠᠳᠠᠢ ᠣᠨᠢᠭᠠᠷ ᠪᠣᠷᠤ ᠬᠠᠭᠤᠷᠮᠠᠭ ᠪᠦᠱᠦᠭᠦᠷᠭᠡᠭ᠍ᠰᠡᠭᠡᠷ

ᠳᠠᠨᠢᠮᠠᠷ ᠠᠮᠸᠠᠷᠢᠺᠠ ᠶᠢᠨ ᠪᠧᠢ᠌ᠷ ᠭᠠᠢ᠌ᠽᠢ ᠪᠠᠷ ᠳᠠᠪᠠᠯ᠎ᠠ

ᠳᠠᠯ᠎ᠠ ᠶᠢᠨ ᠰᠢᠷᠭᠠᠯ ᠵᠠᠮ ᠶᠢᠡᠨ ᠪᠦᠰᠡᠯᠡᠵᠤ

ᠳᠠᠨ ᠤ ᠳᠢᠪ ᠢ ᠳᠠᠭᠤᠰᠳᠠᠯ᠎ᠠ ᠳᠤᠭᠤᠷᠢᠯ᠎ᠠ ᠭᠡᠵᠤ ᠳᠠᠯᠪᠢᠨ᠎ᠠ ᠪᠢᠯᠠ


ᠵᠢᠷᠤᠬᠠᠢ ᠮᠡᠷᠭᠡᠨ ᠤ ᠥᠭᠡᠰ ᠢ ᠳᠤᠪᠴᠢᠯᠠᠵᠤ

ᠵᠢᠷᠭᠠᠯ ᠵᠤᠪᠠᠯᠠᠩ ᠤᠨ ᠵᠠᠭᠠᠭ ᠢ ᠳᠠᠪᠴᠢᠵᠤ

ᠵᠢᠩᠭᠢᠨᠢ ᠴᠠᠭ ᠤᠨ ᠡᠷᠭᠢᠯᠳᠡ ᠶᠢ ᠪᠣᠷᠤᠭᠤᠯᠠᠵᠤ

ᠵᠢᠷᠭᠤᠳᠤᠭᠠᠷ ᠨᠤᠭᠤᠯᠠᠭᠠᠨ ᠤ ᠳᠠᠰ ᠢ ᠴᠢᠩᠭ᠋ᠠᠷᠠᠭᠤᠯᠵᠤ

ᠵᠢᠷᠤᠭ᠎ᠠ ᠬᠠᠯᠢᠭᠤᠨ ᠢ ᠪᠦᠭ᠍ᠰᠡ ᠪᠠᠷ ᠨᠢ ᠬᠠᠳᠠᠷᠢᠭᠤᠯᠵᠤ

ᠵᠢᠯᠤᠭᠤ ᠠᠮᠠᠭᠠᠢ ᠶᠢ ᠨᠢ ᠡᠮᠦᠨᠡᠰᠢ ᠳᠠᠳᠠᠵᠤ

ᠵᠢᠷᠪᠢᠯᠵᠡᠭᠦ ᠣᠭᠳᠠᠷᠭᠤᠢ ᠶᠢᠨ ᠭᠢᠵᠠᠭᠠᠷ ᠢ ᠭᠡᠮᠵᠢᠵᠤ

ᠵᠢᠭ᠍ᠳᠡᠢ ᠵᠢᠭ᠍ᠳᠡᠢ ᠬᠤᠳᠠᠯᠴᠢ ᠤᠳ ᠰᠢᠯᠭᠠᠷᠠᠨ᠎ᠠ


ᠳᠤᠮᠤᠭ ᠤᠨ ᠵᠡᠷᠭᠡᠯᠭᠡᠨ ᠢ ᠴᠤ ᠦᠨᠡᠨ ᠪᠣᠯᠭᠠᠵᠤ

ᠳᠤᠤᠷᠠᠳᠤ ᠳᠡᠭᠡᠳᠤ ᠶᠢ ᠠᠳᠠᠯᠢ ᠳᠦᠪᠰᠢᠦᠡᠭᠡᠵᠤ

ᠳᠤᠳᠤᠨᠤ ᠡᠯᠢᠭᠡᠳᠡᠨ ᠶᠢᠡᠨ ᠴᠤ ᠬᠤᠳᠠᠯᠳᠤᠴᠢᠬᠠᠳᠠᠭ

ᠳᠤᠯᠤᠳᠤᠭᠠᠷ ᠨᠤᠭᠤᠯᠠᠭᠠᠨ ᠳᠤ ᠰᠢᠯᠭᠠᠷᠠᠭᠰᠠᠤᠨ ᠦᠯᠠᠳᠠᠮᠤᠢ

ᠳᠤᠭᠢᠳᠠᠢ ᠬᠤᠳᠠᠯᠴᠢ 《ᠬᠤᠰᠤᠭᠤᠷ》 ᠶᠢᠡᠷ ᠡᠭᠢᠯᠡᠵᠤ

ᠳᠤᠭᠨᠢᠭᠠᠷ ᠬᠠᠮᠠᠷ ᠲᠡᠶ《ᠳᠠᠪᠠᠭ᠎ᠠ》 ᠵᠠᠯᠭᠠᠵᠤ

ᠳᠤᠪᠴᠢᠶᠠᠨ ᠨᠢᠭᠤᠴᠠ ᠶᠢᠨ 《ᠶᠡᠭᠡ ᠰᠤᠯᠢᠶᠠᠳᠤ》 ᠭᠦᠦᠷᠨᠢᠵᠤ

ᠳᠤᠬᠤᠢ ᠰᠢᠶᠠᠩᠭ᠋ᠠᠩ ᠤᠨ ᠵᠸᠤ ᠰᠢᠩ ᠰᠢᠩ ᠪᠠᠢ᠌ᠯᠴᠠᠵᠤ

ᠳᠤᠷᠤᠨ᠎ᠠ ᠶᠠᠫᠣᠨ ᠤ ᠶᠤᠰᠢᠳᠠ ᠭᠦᠷᠳᠡᠯ᠎ᠡ ᠣᠷᠤᠯᠴᠠᠭᠰᠠᠨ

ᠳᠤᠮᠳᠠ ᠢᠨᠤ ᠵᠥᠭᠡᠭᠡᠢ ᠶᠢᠨ 《ᠫᠢᠯᠠ》 ᠬᠠᠪᠴᠢᠭᠤᠯᠵᠤ

ᠳᠤᠯᠤᠭᠤᠨᠤ ᠵᠠᠵᠢᠯᠵᠤ ᠳᠠᠮᠢᠷ ᠨᠥᠭᠦᠭ᠍ᠰᠡᠨ 《ᠥᠯᠢᠶᠡᠭᠡᠭᠦᠷ》 ᠳᠤᠳᠤᠷᠠᠵᠤ

ᠳᠤᠳᠤᠭᠰᠢ ᠠᠯᠬᠤᠭ᠎ᠠ 《ᠨᠤᠬᠤᠭᠤᠷ》 ᠶᠠᠪᠣᠯᠴᠠᠮᠤᠢ


ᠵᠦᠩ ᠪᠠᠯᠭᠡ ᠶᠢᠨ ᠰᠤᠪᠢᠩ ᠶᠢᠡᠷ ᠪᠣᠯᠬᠤ ᠥᠭᠡᠢ

ᠵᠥᠪᠭᠡᠨ ᠦᠪᠡᠷ ᠤᠨ ᠣᠶᠤᠨ ᠶᠢᠡᠷ ᠳᠤᠳᠤᠷᠠᠬᠤ ᠶᠤᠰᠤᠳᠠᠢ

ᠵᠥᠩᠳᠡᠭᠡᠨ ᠣᠯᠠᠨ ᠭᠦᠮᠦᠰ ᠤᠨ ᠭᠦᠰᠡᠯ ᠤᠨ ᠲᠦᠯᠦᠭᠡ

ᠵᠥᠭ᠌ ᠶᠢᠡᠨ ᠠᠯᠳᠠᠭᠰᠠᠨ ᠪᠢ ᠪᠢᠷ ᠠᠳᠬᠤᠵᠤ

ᠵᠥᠭᠯᠡᠭᠦᠷ ᠶᠢᠡᠨ ᠨᠢᠳᠤᠨ ᠳᠡᠭᠡᠨ ᠳᠤᠯᠭᠠᠨ ᠪᠠᠢ᠌ᠵᠤ

ᠵᠡᠭᠦᠨ ᠭᠠᠷ ᠡᠴᠠ ᠮᠠᠭᠰᠢᠨ ᠣᠷᠤᠵᠤ ᠢᠷᠡᠭᠡ

ᠵᠡᠭᠦᠭᠡᠳ ᠳᠠᠭᠢᠮᠠᠷ ᠠᠪᠣᠷᠭᠤ ᠬᠤᠰᠤᠭᠤᠷ ᠤᠨ

ᠵᠡᠭᠦᠨ ᠶᠠᠫᠣᠨ ᠤ ᠶᠤᠰᠢᠳᠠ ᠲᠡᠶ ᠬᠠᠷᠭᠤᠵᠤ

ᠵᠥᠭᠡᠯᠡᠨ ᠵᠥᠭᠡᠯᠡᠨ ᠽᠡᠡᠪᠦᠯᠢᠩ ᠭᠡᠭ᠍ᠰᠡᠭᠡᠷ ᠭᠡᠨᠡᠳᠲᠡ ᠴᠢᠩᠭ᠋ᠠᠷᠠᠵᠤ

ᠵᠦᠷᠢᠵᠤ ᠭᠠᠷᠤᠭᠠᠤᠨ ᠠᠷᠤ ᠡᠴᠠ ᠨᠢ ᠬᠤᠰᠤᠭᠤᠷᠳᠠᠵᠤ ᠳᠠᠪᠠᠭᠰᠠᠨ ᠢ ᠳᠡᠮᠳᠡᠭᠯᠡᠶ᠎ᠡ

ᠵᠦᠷᠢᠶ᠎ᠠ ᠵᠠᠢ ᠶᠢᠨ ᠳᠤᠭᠢᠷᠠᠭᠤᠯᠭ᠎ᠠ ᠭᠢᠵᠤ ᠠᠮᠵᠢᠭ᠎ᠠ ᠦᠭᠡᠶ ᠬᠤᠷᠤᠮ ᠳ᠋ᠤ

ᠵᠥᠨᠦᠭ᠌ ᠨᠢ ᠭᠦᠳᠡᠯᠦᠭ᠍ᠰᠡᠨ ᠶᠡᠭᠡ ᠰᠤᠯᠢᠶᠠᠳᠤ ᠮᠠᠨᠢ

ᠵᠸᠤ ᠰᠢᠩ ᠰᠢᠩ ᠤᠨ ᠦᠴᠦᠭᠡᠨ ᠥᠭᠡᠨ ᠳᠤ ᠬᠠᠭᠤᠷᠳᠠᠪᠠᠢ

ᠵᠦᠪ ᠪᠣᠷᠤᠭᠤ ᠬᠤᠤᠠᠬᠠᠯᠳᠠᠭᠤᠯᠵᠤ ᠳᠠᠪᠠᠭ᠎ᠠ ᠭᠤᠸᠠᠢ

ᠵᠥᠭᠡᠭᠡᠢ ᠶᠢᠨ ᠫᠢᠯᠠ ᠶᠢ ᠰᠢᠷᠣᠢ᠌ᠳᠠᠭᠤᠯᠤᠯ᠎ᠠ

ᠵᠦᠷᠢᠭ᠌ ᠶᠢᠡᠷ ᠴᠤ ᠮᠢᠨᠦ᠋ᠲ ᠲᠤ ᠮᠢᠩᠭ᠋ᠠᠨ ᠭᠠᠵᠠᠷ ᠶᠠᠪᠣᠴᠢᠬᠠᠮᠠᠷ ᠨᠤᠬᠤᠭᠤᠷ ᠤᠨ

ᠵᠦᠷᠴᠢᠰᠢ ᠦᠭᠡᠶ ᠣᠯᠠᠨ ᠳᠤᠮᠢᠶ᠎ᠠ ᠲᠤᠬᠢᠶᠠᠨ ᠳᠤ ᠳᠤᠷᠴᠤ ᠳᠡᠭᠡᠭᠯᠡᠭ᠍ᠰᠡᠭᠡᠷ

ᠵᠥᠪᠯᠡᠭ᠍ᠴᠢ ᠶᠢᠡᠨ ᠳᠦᠰᠢᠭ᠍ᠰᠡᠨ ᠥᠯᠢᠶᠡᠭᠡᠭᠦᠷ ᠴᠢᠰᠤ ᠪᠠᠷ ᠪᠦᠭᠡᠯᠵᠢᠮᠦᠢ

ᠨᠠᠢ᠌ᠷ ᠲᠤ ᠨᠠᠷᠭᠢᠶᠠᠨ ᠨᠠᠮᠠᠨ ᠠᠭᠤᠵᠢᠮ ᠠᠯᠬᠤᠯᠠᠭᠰᠠᠭᠠᠷ

ᠨᠢ᠋ᠮᠠᠨ ᠵᠥᠭ᠌ ᠤᠨ ᠣᠯᠠᠨ ᠤ ᠨᠢᠳᠤ ᠵᠢᠷᠦᠭᠡ ᠶᠢ ᠭᠠᠭᠴᠠ ᠪᠠᠶᠠᠨ ᠳᠡᠭᠡᠨ ᠣᠶᠠᠵᠤ

ᠨᠠᠢ᠌ᠷᠰᠠᠭ ᠪᠠᠳᠤ ᠢᠳᠡᠭᠡᠯᠳᠤ ᠬᠤᠳᠠᠯᠴᠢ ᠳᠠᠪᠠᠭ᠎ᠠ ᠭᠤᠸᠠᠢ

ᠨᠠᠶᠠᠨ ᠨᠢ᠋ᠮᠠᠨ ᠡᠮᠵᠢᠶᠡᠷᠢᠳᠡᠢ ᠳᠡᠷᠯᠢᠭ᠌ ᠭᠡᠳᠦᠷᠴᠤ

ᠨᠠᠢ᠌ᠵᠠ ᠶᠠᠪᠣᠭᠰᠠᠨ ᠵᠸᠤ ᠰᠢᠩ ᠰᠢᠩ ᠢ ᠳᠤᠭᠤᠷᠢᠵᠤ

ᠨᠠᠭᠢᠯᠵᠠᠵᠤ ᠳᠠᠭᠢᠯᠵᠠᠵᠤ ᠣᠶᠠᠭ᠎ᠠ ᠪᠦᠭᠡ ᠰᠢᠭ᠌ ᠣᠳᠠᠭᠰᠠᠨ ᠴᠤ

ᠨᠠᠷᠢᠨ ᠭᠡᠳᠡᠰᠤᠨ ᠤ ᠭᠢᠨᠢ ᠭᠡᠢ ᠶᠢ ᠭᠦᠷᠳᠡᠯ᠎ᠡ ᠥᠯᠢᠶᠡᠭ᠍ᠰᠡᠨ ᠰᠢᠭ᠌

ᠨᠠᠷᠮᠠᠢ ᠣᠯᠠᠨ ᠤ ᠳᠤᠮᠳᠠ ᠣᠩᠭ᠋ᠤᠰᠤ ᠪᠠᠭᠠᠰᠤ ᠶᠢ ᠨᠢ ᠠᠯᠳᠠᠭᠤᠯᠵᠤ ᠳᠠᠪᠠᠯ᠎ᠠ

ᠨᠠᠭᠠᠨ᠎ᠠ ᠪᠠᠢ᠌ᠭᠰᠠᠨ ᠬᠤᠰᠤᠭᠤᠷ ᠨᠤᠬᠤᠭᠤᠷ ᠬᠤᠶᠠᠷ

ᠨᠠᠷᠠ ᠰᠠᠷᠠ ᠬᠤᠶᠠᠷ ᠠᠭᠤᠯᠵᠠᠭᠰᠠᠨ ᠶᠤᠮᠰᠢᠭ ᠢᠵᠢᠯᠰᠢᠵᠤ

ᠨᠠᠢ᠌ᠷ ᠳᠠᠯᠪᠢᠵᠤ ᠨᠢᠭᠡᠨ ᠨᠢ ᠨᠢᠭᠡ ᠶᠢ ᠪᠠᠨ ᠭᠠᠷᠭᠠᠯ᠎ᠠ


ᠶ‍ᠢᠰᠤᠨ ᠭᠦᠰᠡᠯ ᠨᠢ ᠪᠠᠶᠡᠯᠡᠭ᠍ᠳᠡᠭ᠍ᠰᠡᠨ ᠭᠡᠮᠡᠷ

ᠢᠨᠢᠶᠠᠳᠤ ᠮᠦᠰᠢᠶᠠᠳᠤ ᠪᠢᠯᠬᠠᠭᠰᠠᠨ ᠣᠯᠠᠨ ᠮᠢᠨᠢ

ᠢᠷᠡᠭᠡᠳᠦᠢ ᠶᠢ ᠡᠵᠡᠷᠭᠡᠮᠡᠷ ᠥᠯᠡᠳᠡᠭ᠍ᠰᠡᠨ ᠬᠤᠶᠠᠷ ᠬᠤᠳᠠᠯᠴᠢ ᠵᠢᠨ

ᠶᠡᠭᠡ ᠳᠡᠮᠡᠴᠡᠭᠡᠨ ᠢ ᠭᠦᠯᠢᠶᠡᠵᠤ ᠶᠠᠳᠠᠨ

ᠶᠠᠷᠤ ᠪᠣᠰᠤ ᠶᠢᠨ ᠴᠠᠭ ᠮᠦᠴᠡ ᠶᠢ ᠳᠠᠳᠠᠬᠤ ᠮᠠᠳᠤ ᠶᠠᠭᠠᠷᠠᠨ᠎ᠠ


ᠡᠷᠳᠡ ᠶᠢᠨ ᠡᠷᠳᠡ ᠦᠴᠦᠭᠡᠳᠦᠷ ᠪᠠᠢ᠌ᠪᠠᠤ

ᠡᠯᠢᠶ᠎ᠡ ᠶᠢᠨ ᠳᠡᠭᠡᠭᠦᠷ ᠬᠤᠷᠢᠶ᠎ᠠ ᠨᠢᠰᠴᠤ

ᠡᠮᠨᠢᠭ᠌ ᠮᠤᠷᠢ ᠨᠠᠮ᠎ᠠ ᠶᠢ ᠣᠨᠤᠵᠤ ᠪᠢ ᠲᠤᠢ᠌ᠯᠠᠭᠠᠤᠨ

ᠡᠭᠡᠯᠢᠰᠡᠭ᠌ ᠵᠥᠭᠡᠯᠡᠨ ᠴᠠᠷᠳᠠᠮᠠᠯ ᠵᠠᠮ ᠳᠡᠭᠡᠷ᠎ᠡ ᠤᠢ᠌ᠴᠢᠬᠤ ᠳ᠋ᠤ

ᠡᠳᠡᠭᠡᠳ ᠶᠤᠮ ᠡ᠂   ᠬᠤᠮᠠᠭ ᠳᠦᠭᠦᠷᠡᠩ ᠨᠢᠳᠤ ᠭᠡᠵᠤ

ᠡᠷᠡᠯᠭᠡᠭ᠌ ᠬᠤᠰᠤᠭᠤᠷ ᠮᠠᠨᠢ ᠡᠭᠢᠯᠡᠭᠦᠯᠭᠦ ᠳ᠋ᠤ

ᠡᠯᠭᠦᠵᠤ ᠠᠪᠣᠭᠰᠠᠨ ᠢᠯᠠᠭᠳᠠᠰᠢ ᠦᠭᠡᠶ ᠳᠠᠪᠠᠭ᠎ᠠ ᠭᠤᠸᠠᠢ

ᠳᠡᠯᠡᠭᠡᠢ ᠶᠢᠨ ᠪᠦᠮᠪᠦᠷᠴᠡᠭ᠌ ᠢ ᠥᠡᠳᠡᠭᠡ ᠰᠢᠭ᠌ ᠪᠠᠢ᠌ᠬᠤ

ᠳᠡᠭᠡᠷ᠎ᠡ ᠨᠢ ᠮᠠᠨᠠᠢ᠌ᠭᠢ ᠳᠠᠨᠠᠢ᠌ᠭᠢ ᠦᠭᠡᠶ ᠪᠠᠢ᠌ᠬᠤ ᠳ᠋ᠤ

ᠳᠡᠭᠡᠰᠤ ᠪᠠᠷ ᠣᠭᠤᠰᠤᠷᠯᠠᠵᠤ ᠠᠪᠣᠭᠠᠤᠨ ᠡᠭᠦᠷᠴᠤ ᠶᠠᠪᠣᠬᠤ ᠳ᠋ᠤ

ᠳᠡᠭᠡᠷᠡᠮ ᠤᠨ ᠳᠦᠴᠢ ᠲᠡᠶ ᠬᠠᠷᠭᠤᠭᠠᠤᠨ ᠪᠣᠯᠢᠶᠠᠯᠴᠠᠭᠠᠨ ᠪᠣᠯᠵᠤ

ᠳᠡᠯᠡᠳᠦᠭᠡᠳ ᠳᠡᠯᠡᠳᠦᠭᠡᠳ ᠳᠦᠴᠢ ᠴᠤᠭᠢᠬᠤ ᠳᠤ ᠳᠤᠮᠤᠷᠠᠭᠠᠤᠨ

ᠳᠡᠩᠳᠡᠭᠦᠤ ᠭᠠᠢ᠌ᠬᠠᠮᠠᠷ ᠦᠭᠡᠶ ᠣᠴᠢᠷ ᠪᠣᠯᠵᠤ

ᠳᠠᠷᠪᠠᠵᠤ ᠳᠡᠭᠡᠷ᠎ᠡ ᠨᠢ ᠭᠠᠷᠤᠭᠠᠤᠨ ᠣᠠᠳᠠᠴᠢᠬᠠᠯ᠎ᠠ ᠭᠡᠮᠡᠨ ᠵᠡᠭᠦᠳᠦᠯᠡᠭ᠍ᠰᠡᠨ ᠴᠢᠨᠢ

ᠳᠡᠷᠭᠡᠳᠡ ᠳᠦᠴᠢᠨ ᠪᠣᠭᠤᠯ ᠲᠡᠶ ᠪᠣᠯᠵᠤ ᠵᠢᠷᠭᠠᠵᠤ ᠠᠪᠠᠢ ᠭᠡᠮᠡᠨ᠎ᠡ

ᠡᠳᠡᠨ ᠬᠤᠶᠠᠷ ᠤᠨ ᠳᠡᠮᠡᠴᠡᠭᠡᠨ ᠢᠩᠭᠢᠵᠤ ᠦᠷᠭᠦᠯᠵᠢᠯᠡᠵᠤ

ᠡᠷᠳᠡᠨ ᠡᠳᠦᠭᠡ ᠶᠢ ᠬᠠᠮᠤᠷᠤᠨ ᠪᠣᠵᠢᠭᠢᠨᠠᠭᠰᠠᠭᠠᠷ

ᠡᠴᠦᠰ ᠤᠨ ᠡᠴᠦᠰ ᠲᠤ ᠢᠯᠭᠠᠭᠤᠷᠢ ᠭᠠᠷᠴᠤ

ᠡᠷ᠎ᠡ ᠡᠮ᠎ᠡ ᠶᠢᠨ ᠬᠤᠭᠤᠷᠤᠠᠳᠤ ᠳᠠᠪᠠᠭ᠎ᠠ ᠭᠤᠸᠠᠢ

ᠡᠯᠢᠭᠡ ᠵᠢᠷᠦᠭᠡ ᠶᠢ ᠭᠦᠰᠢᠭᠦᠯᠵᠤ ᠥᠵᠦᠭᠦᠷᠯᠡᠪᠠᠢ


ᠱᠠᠩ ᠦᠭ‍ᠭᠦᠭᠦ ᠶᠤᠰᠤᠯᠠᠯ ᠨᠢᠵᠢᠭᠡᠷ ᠶᠠᠪᠣᠭᠳᠠᠵᠤ

ᠱᠠᠩᠬᠠᠢ ᠶᠢᠨ ᠳᠡᠯᠡᠭᠡᠢ ᠶᠢᠨ ᠥᠵᠡᠰᠭᠦᠯᠡᠩ ᠡᠴᠠ ᠰᠠᠶ‍ᠢᠬᠠᠨ ᠢᠷᠡᠭ᠍ᠰᠡᠨ

ᠱᠠᠭᠳᠠᠷ ᠰᠤᠯᠢᠶᠠᠳᠤ ᠰᠠᠬᠠᠯ ᠶᠤᠬᠠᠨ ᠰᠢᠪᠳᠤᠷᠴᠤ

ᠱᠠᠬᠠᠢ ᠶᠢᠨ ᠴᠢᠨᠡᠭᠡᠨ ᠠᠯᠳᠠ ᠲᠦᠮᠡᠳᠤ ᠪᠠᠷ ᠬᠤᠪᠢᠶᠠᠨ ᠥᠭ᠍ᠪᠠᠢ



ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤ

ᠵᠤᠬᠢᠶᠠᠭᠴᠢ᠄ ᠬᠠᠷᠴᠠᠭᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2623
ᠴᠠᠭ᠄ 2010 ᠤᠨ ᠤ 10 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ