ᠨᠡᠪᠲᠡᠷᠡᠨ ᠤᠷᠤᠬᠤ
ᠬᠤᠯᠠ ᠶᠠᠪᠣᠬᠤ ᠥᠭᠡᠢ

ᠬᠤᠯᠠ ᠶᠠᠪᠣᠬᠤ ᠳ᠋ᠤ

ᠬᠤᠨᠢᠨ ᠤ ᠮᠢᠨᠢ ᠪᠠᠯᠴᠢᠭᠡᠷ ᠥᠭᠡᠢ᠌ᠯᠡᠭ᠍ᠳᠡᠨ᠎ᠡ

ᠬᠤᠩᠭ᠋ᠤᠷ ᠠᠯᠠᠭ ᠪᠦᠰᠡᠭᠦᠢ ᠮᠢᠨᠢ ᠥᠭᠡᠢ᠌ᠯᠡᠭ᠍ᠳᠡᠨ᠎ᠡ

ᠬᠤᠷᠸ᠎ᠠ ᠡᠵᠡᠭᠦᠢᠷᠡᠵᠤ

ᠬᠤᠪᠢᠳᠠᠢ ᠰᠠᠢ᠌ᠬᠠᠨ ᠨᠤᠳᠤᠭ ᠣᠰᠤ ᠥᠭᠡᠢ᠌ᠯᠡᠭ᠍ᠳᠡᠨ᠎ᠡ


ᠬᠤᠯᠠ ᠶᠠᠪᠣᠬᠤ ᠳ᠋ᠤ

ᠬᠤᠷᠤᠳ ᠱᠥᠭᠦᠮᠡᠯ ᠲᠡᠶ ᠰᠢᠷᠭᠠᠯ ᠴᠠᠢ ᠪᠣᠳᠤᠭᠳᠠᠨ᠎ᠠ

ᠬᠤᠨᠢᠨ ᠱᠦᠯᠦ ᠲᠡᠶ ᠰᠢᠩᠭᠡᠨ ᠪᠣᠳᠠᠭ᠎ᠠ ᠪᠣᠳᠤᠭᠳᠠᠨ᠎ᠠ

ᠬᠤᠷᠠᠭ᠎ᠠ ᠢᠰᠢᠭᠡ ᠮᠠᠢ᠌ᠯᠠᠯᠳᠤᠭᠰᠠᠨ

ᠬᠤᠷᠭᠤᠯ ᠠᠷᠭᠠᠯ ᠲᠡᠶ ᠬᠤᠷᠤᠭ᠎ᠠ ᠰᠠᠷᠠᠪᠴᠢ ᠪᠣᠳᠤᠭᠳᠠᠨ᠎ᠠ


ᠬᠤᠯᠠ ᠶᠠᠪᠣᠬᠤ ᠳ᠋ᠤ

ᠬᠤᠳᠠ ᠵᠡᠭᠡᠯᠢ ᠶᠢᠨ ᠣᠯᠠᠭᠠᠨ ᠳ᠋ᠸᠩ ᠳᠤ ᠪᠣᠭᠢᠨᠢᠳᠤᠨ᠎ᠠ

ᠬᠤᠳᠠᠯᠳᠤᠭ᠎ᠠ ᠳᠠᠸᠠᠷ ᠤᠨ ᠬᠤᠳᠠᠯ ᠬᠠᠭᠤᠷᠮᠠᠭ ᠲᠤ ᠪᠣᠭᠢᠨᠢᠳᠤᠨ᠎ᠠ

ᠬᠤᠷᠤᠬᠠᠢ ᠰᠢᠭ ᠠᠪᠠᠭᠠᠷᠠᠯᠳᠤᠭᠰᠠᠨ ᠭᠦᠮᠤᠨ ᠠᠮᠢᠳᠠᠨ ᠳᠤ ᠪᠣᠭᠢᠨᠢᠳᠤᠨ᠎ᠠ

ᠬᠤᠯᠠᠭᠠᠢ ᠳᠡᠭᠡᠷᠡᠮ ᠳᠤ ᠥᠭ᠍ᠳᠡᠴᠢᠭᠡᠭᠦ ᠶᠤᠮ ᠦᠦ ᠭᠡᠵᠤ ᠪᠣᠭᠢᠨᠢᠳᠠᠨ᠎ᠠ


ᠬᠤᠯᠠ ᠶᠠᠪᠣᠬᠤ ᠥᠭᠡᠢ

ᠬᠤᠳᠠ ᠣᠷᠤᠵᠤ ᠬᠤᠳᠠᠯᠳᠤᠭ᠎ᠠ ᠡᠷᠭᠢᠯᠡᠭᠦ ᠥᠭᠡᠢ

ᠬᠤᠳᠤᠭᠳᠤ ᠡᠴᠡ ᠢᠪᠠᠭᠡᠭ᠍ᠰᠡᠨ

ᠬᠤᠪᠣᠷᠬᠠᠨ ᠡᠨᠡ ᠨᠠᠰᠤ ᠪᠠᠨ

ᠬᠤᠷᠮᠤᠰᠳᠠ ᠡᠴᠡ ᠵᠠᠶᠠᠭᠠᠭᠰᠠᠨ

ᠬᠤᠨᠢᠨ ᠤ ᠪᠠᠯᠴᠢᠭᠡᠷ ᠳᠡᠭᠡᠷ᠎ᠡ ᠪᠠᠨ ᠡᠯᠡᠭᠡᠵᠤ

ᠬᠤᠵᠢᠮ ᠤᠨ ᠠᠮᠢᠳᠤᠷᠠᠯ ᠬᠤᠪᠢᠨ ᠤ ᠣᠢ᠌ᠯᠠᠰ ᠭᠡᠵᠤ

ᠬᠤᠨᠢᠴᠢᠨ ᠭᠦᠤ ᠪᠢ ᠠᠳᠠᠯ ᠶᠢᠡᠨ ᠪᠣᠰᠬᠠᠨ᠎ᠠ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ